ᠪᠦᠭᠡᠷᠤᠯᠠᠢ - ᠨᠠᠢᠷ ᠬᠠᠮᠲᠤᠯᠢᠭ (ᠬᠣᠷᠴᠢᠨ ᠠᠷᠠᠳ ᠤ᠋ᠨ ᠳᠠᠭᠤᠤ) Бөөрлай - Найр хамтлаг (Хорчин ардын дуу)
ᠪᠦᠭᠡᠷᠤᠯᠠᠢ
ᠬᠣᠷᠴᠢᠨ ᠠᠷᠠᠳ ᠤ᠋ᠨ ᠳᠠᠭᠤᠤ
ᠨᠠᠢᠷ ᠬᠠᠮᠲᠤᠯᠢᠭ
ᠦᠷᠡᠯ ᠦ᠋ᠨ ᠰᠠᠢᠬᠠᠨ ᠮᠣᠳᠣ ᠪᠠᠷ ᠢ᠋ᠶ᠋ᠠᠨ
ᠥᠯᠥᠭᠡᠢ ᠬᠢᠵᠦ ᠥᠭᠭᠦᠭᠰᠡᠨ ᠠᠵᠢᠢ ᠳ᠋ᠠᠭᠠᠨ
ᠥᠷᠯᠥᠭᠡ ᠦᠳᠡᠰᠢ ᠶ᠋ᠢᠨ ᠬᠦᠢᠲᠡᠨ ᠳ᠋ᠦ᠍
ᠥᠨᠳᠡᠢᠵᠦ ᠮᠥᠮᠥᠭᠦᠯᠦᠭᠰᠡᠨ ᠡᠵᠢ ᠮᠢᠨᠢ
ᠠᠵᠢᠢ ᠳ᠋ᠠᠭᠠᠨ ᠡᠵᠢ ᠳ᠋ᠡᠭᠡᠨ
ᠪᠦᠭᠡᠷᠤᠯᠠᠢ ᠪᠤᠤ ᠤᠬᠢᠯᠠ
ᠮᠥᠮᠥ ᠴᠢᠨᠢ ᠪᠠᠢᠨ᠎ᠠ ᠤᠤ ᠳᠠ ᠬᠦᠢ
ᠬᠠᠢᠯᠠᠰᠤᠨ ᠰᠠᠢᠬᠠᠨ ᠮᠣᠳᠣ ᠪᠠᠷ ᠢ᠋ᠶ᠋ᠠᠨ
ᠬᠠᠷᠠᠭ᠎ᠠ ᠰᠢᠭᠠᠵᠤ ᠥᠭᠭᠦᠭᠰᠡᠨ ᠠᠵᠢᠢ ᠳ᠋ᠠᠭᠠᠨ
ᠬᠠᠷᠠᠩᠭᠤᠢ ᠰᠥᠨᠢ ᠶ᠋ᠢᠨ ᠬᠦᠢᠲᠡᠨ ᠳ᠋ᠡᠭᠡᠨ
ᠬᠠᠷᠠᠭᠠᠯᠵᠠᠵᠤ ᠠᠩᠬᠠᠷᠤᠭᠰᠠᠨ ᠡᠵᠢ ᠮᠢᠨᠢ
ᠠᠵᠢᠢ ᠳ᠋ᠠᠭᠠᠨ ᠡᠵᠢ ᠳ᠋ᠡᠭᠡᠨ
ᠪᠦᠭᠡᠷᠤᠯᠠᠢ ᠪᠤᠤ ᠤᠬᠢᠯᠠ
ᠮᠥᠮᠥ ᠴᠢᠨᠢ ᠪᠠᠢᠨ᠎ᠠ ᠤᠤ ᠳᠠ ᠬᠦᠢ
ᠪᠣᠷᠣ ᠬᠠᠯᠵᠠᠨ ᠲᠠᠤᠯᠠᠢ ᠴᠢᠨᠢ
ᠪᠤᠲᠠ ᠠ᠋ᠴᠠ ᠪᠠᠨ ᠰᠠᠯᠪᠠᠯ ᠥᠨᠥᠴᠢᠷᠡᠨ᠎ᠡ ᠰᠢᠦ
ᠪᠣᠨᠲᠣᠭᠣᠷ ᠲᠥᠷᠥᠭᠰᠡᠨ ᠪᠦᠭᠡᠷᠤᠯᠠᠢ
ᠮᠥᠮᠥ ᠡᠴᠡ ᠪᠡᠨ ᠬᠣᠯᠠᠳᠠᠪᠠᠯ ᠥᠨᠥᠴᠢᠷᠡᠨ᠎ᠡ ᠰᠢᠦ
ᠠᠵᠢᠢ ᠳ᠋ᠠᠭᠠᠨ ᠡᠵᠢ ᠳ᠋ᠡᠭᠡᠨ
ᠪᠦᠭᠡᠷᠤᠯᠠᠢ ᠪᠤᠤ ᠤᠬᠢᠯᠠ
ᠮᠥᠮᠥ ᠴᠢᠨᠢ ᠪᠠᠢᠨ᠎ᠠ ᠤᠤ ᠳᠠ ᠬᠦᠢ
ᠦᠰᠦᠭ ᠬᠠᠳᠠᠭᠴᠢ᠄ ᠰᠤᠪᠤᠳ
ᠦᠰᠦᠭ ᠠᠮᠢᠯᠠᠭᠤᠯᠤᠭᠴᠢ᠄ ᠰᠤᠪᠤᠳ
ᠬᠢᠨᠠᠭᠴᠢ᠄ ᠤᠯᠠᠭᠠᠨ
