ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –3>᠂ᠪᠦᠷᠭᠦᠳ ᠦᠨ ᠵᠤᠯᠵᠠᠭ᠎ᠠ ᠡᠭᠦᠷ ᠢᠶᠡᠨ ᠣᠷᠬᠢᠯ᠎ᠠ Бүргэд харьд үүрэлдэггүй – Ж᠂ Пүрэв <1-р бүлэг ~3>. бүргэдийн зулзага үүрээ орхилоо
ᠨᠢᠭᠡᠳᠦᠭᠡᠷ ᠪᠦᠯᠦᠭ –ᠤᠮᠠᠷ᠎ᠠ ᠶᠢ ᠵᠣᠷᠢᠭᠰᠠᠨ ᠭᠠᠯᠠᠭᠤᠨ ᠴᠤᠪᠤᠭ᠎ᠠ
ᠭᠤᠷᠪᠠ᠂ᠪᠦᠷᠭᠦᠳ ᠦᠨ ᠵᠤᠯᠵᠠᠭ᠎ᠠ ᠡᠭᠦᠷ ᠢᠶᠡᠨ ᠣᠷᠬᠢᠯ᠎ᠠ
ᠬᠤᠪᠢᠯᠠᠢ ᠵᠠᠬᠢᠷᠤᠭᠴᠢ ᠶ᠋ᠢᠨ ᠡᠮᠦᠨ᠎ᠡ ᠲᠣᠮᠣ ᠴᠠᠭᠠᠰᠤᠨ ᠳᠡᠭᠡᠷ᠎ᠡ ᠵᠢᠷᠤᠭᠰᠠᠨ ᠵᠢᠷᠤᠭ ᠳᠡᠯᠭᠡᠭᠡᠲᠡᠢ᠂ ᠲᠡᠭᠦᠨ ᠢ᠋ ᠤᠷᠲᠤ ᠰᠠᠬᠠᠯᠲᠠᠢ᠂ ᠲᠣᠯᠣᠭᠠᠢ ᠶ᠋ᠢᠨ ᠦᠰᠦ ᠨᠢ ᠰᠢᠩᠭᠡᠷᠡᠭᠰᠡᠨ ᠱᠣᠳᠣᠩ ᠭᠡᠵᠢᠭᠡᠲᠡᠢ᠂ ᠲᠠᠪᠢ ᠡᠷᠭᠢᠮ᠎ᠡ ᠨᠠᠰᠤᠨ ᠤ᠋ ᠬᠢᠲᠠᠳ ᠡᠷᠳᠡᠮᠲᠡᠨ ᠲᠠᠢᠯᠪᠤᠷᠢᠯᠠᠨ ᠲᠠᠨᠢᠯᠴᠠᠭᠤᠯᠵᠤ ᠪᠠᠢᠨ᠎ᠠ᠃ ᠡᠨᠡ ᠬᠥᠮᠦᠨ ᠦ᠌ ᠨᠡᠷ᠎ᠡ ᠯᠤᠤ ᠪᠢᠩ ᠵᠦᠩ᠃ ᠲᠡᠭᠦᠨ ᠦ᠌ ᠨᠢᠳᠦᠨ ᠳ᠋ᠦ᠍ ᠣᠯᠠᠨ ᠢ᠋ ᠦᠵᠡᠵᠦ ᠥᠩᠭᠡᠷᠡᠭᠦᠯᠦᠭᠰᠡᠨ ᠬᠠᠰᠢᠷ ᠪᠠᠢᠳᠠᠯ᠂ ᠤᠬᠠᠭᠠᠯᠢᠭ ᠲᠠᠢᠪᠤᠩ ᠰᠢᠨᠵᠢ ᠲᠣᠳᠣᠷᠠᠨ᠎ᠠ᠃
ᠯᠢᠤ ᠣᠪᠣᠭᠲᠤ ᠪᠣᠯ ᠬᠤᠪᠢᠯᠠᠢ ᠶ᠋ᠢᠨ ᠰᠢᠳᠠᠷ ᠵᠥᠪᠯᠡᠭᠴᠢ ᠪᠥᠭᠡᠳ ᠤᠷᠠᠨ ᠪᠠᠷᠢᠯᠭᠠᠴᠢᠨ᠂ ᠲᠥᠷᠥ ᠶ᠋ᠢᠨ ᠵᠣᠬᠢᠶᠠᠨ ᠪᠠᠢᠭᠤᠯᠤᠯᠲᠠ ᠰᠤᠳᠤᠯᠤᠭᠠᠴᠢ ᠣᠯᠠᠨ ᠲᠥᠷᠥᠯ ᠦ᠋ᠨ ᠮᠡᠷᠭᠡᠵᠢᠯ ᠡᠵᠡᠮᠰᠢᠭᠰᠡᠨ᠂ ᠰᠡᠷᠭᠦᠯᠡᠩ ᠡᠷ᠎ᠡ᠃
ᠲᠡᠷᠡ ᠪᠡᠷ ᠵᠣᠣ ᠣᠪᠣᠭᠲᠤ ᠲᠠᠢ ᠮᠣᠩᠭᠣᠯ᠂ ᠬᠢᠲᠠᠳ ᠤ᠋ᠨ ᠬᠠᠷᠢᠯᠴᠠᠭᠠᠨ ᠤ᠋ ᠲᠠᠯ᠎ᠠ ᠪᠠᠷ ᠠᠳᠠᠯᠢ ᠲᠥᠰᠦᠭᠡᠲᠡᠢ ᠰᠠᠨᠠᠭ᠎ᠠ ᠪᠦᠬᠦᠢ᠂ ᠠᠯᠢ ᠠᠯᠢ ᠨᠢ ᠬᠤᠪᠢᠯᠠᠢ ᠳ᠋ᠤ᠌ ᠦᠨᠡᠨᠴᠢ ᠪᠠᠢᠵᠤ ᠥᠪᠡᠷ ᠢ᠋ ᠪᠡᠨ ᠪᠣᠯᠤᠨ ᠣᠷᠣᠨ ᠭᠡᠷ ᠢ᠋ᠶ᠋ᠡᠨ ᠠᠪᠤᠷᠠᠨ᠎ᠠ ᠭᠡᠵᠦ ᠪᠣᠳᠣᠳᠠᠭ ᠪᠢᠯᠡ᠃ ᠡᠨᠡ ᠡᠷᠳᠡᠮᠲᠡᠨ ᠵᠣᠣ ᠣᠪᠣᠭᠲᠤ ᠠ᠋ᠴᠠ ᠮᠣᠩᠭᠣᠯ ᠬᠡᠯᠡ ᠰᠤᠷᠤᠭ᠎ᠠ ᠦᠭᠡᠢ ᠪᠡᠷ ᠢ᠋ᠶ᠋ᠡᠨ ᠳᠤᠲᠠᠭᠤ᠂ ᠭᠠᠷ ᠤ᠋ᠨ ᠤᠷ᠎ᠠ ᠶᠡᠬᠡᠲᠡᠢ ᠪᠡᠷ ᠢ᠋ᠶ᠋ᠡᠨ ᠳᠠᠪᠠᠭᠤᠲᠠᠢ ᠶ᠋ᠢ ᠥᠭᠦᠯᠡᠬᠦ ᠶᠠᠭᠤᠨ᠃
ᠯᠢᠦ ᠣᠪᠣᠭᠲᠤ ᠬᠥᠮᠦᠨ ᠥᠪᠡᠷ ᠦ᠋ᠨ ᠪᠣᠯᠪᠠᠰᠤᠷᠠᠭᠤᠯᠤᠨ ᠵᠢᠷᠤᠭᠰᠠᠨ ᠰᠢᠨ᠎ᠡ ᠬᠣᠲᠠ ᠶ᠋ᠢᠨ ᠪᠠᠢᠳᠠᠯ ᠤ᠋ᠨ ᠲᠤᠬᠠᠢ ᠲᠠᠢᠯᠪᠤᠷᠢᠯᠠᠨ ᠦᠵᠡᠭᠦᠯᠦᠭᠰᠡᠭᠡᠷ᠃
— ᠭᠠᠵᠠᠷ ᠣᠷᠣᠨ ᠤ᠋ ᠪᠠᠢᠳᠠᠯᠲᠠᠢ ᠪᠠᠷᠢᠯᠭ᠎ᠠ ᠪᠠᠢᠰᠢᠩ ᠤ᠋ᠳ ᠢ᠋ᠶ᠋ᠠᠨ ᠵᠣᠬᠢᠴᠠᠭᠤᠯᠤᠨ᠂ ᠰᠠᠯᠬᠢᠨ ᠤ᠋ ᠤᠷᠤᠰᠬᠠᠯ ᠳᠠᠭᠠᠭᠤᠯᠵᠤ ᠭᠤᠳᠤᠮᠵᠢ ᠨᠤᠭᠤᠳ ᠢ᠋ᠶ᠋ᠠᠨ ᠭᠠᠷᠭᠠᠪᠠᠯ ᠤᠲᠤᠭ᠎ᠠ ᠤᠨᠢᠶᠠᠷ ᠲᠣᠭᠲᠠᠬᠤ ᠦᠭᠡᠢ ᠦᠯᠢᠶᠡᠭᠳᠡᠨᠡ ᠭᠡᠵᠦ ᠪᠣᠳᠣᠭᠰᠠᠨ᠃ ᠬᠣᠲᠠ ᠶ᠋ᠢᠨ ᠲᠥᠪ ᠦ᠋ᠨ ᠬᠣᠢᠨ᠎ᠠ ᠬᠡᠰᠡᠭ ᠲᠦ᠍ ᠲᠠᠨ ᠤ᠋ ᠣᠷᠳᠣᠨ ᠪᠠᠢᠨ᠎ᠠ᠃ ᠡᠨᠡ ᠪᠣᠯ ᠭᠠᠭᠴᠠ ᠲᠣᠮᠣ ᠪᠠᠢᠰᠢᠩ ᠪᠢᠰᠢ᠂ ᠲᠣᠭᠣᠷᠢᠨ ᠳ᠋ᠤ᠌ ᠨᠢ ᠠᠯᠪᠠ ᠬᠡᠷᠡᠭ ᠦ᠋ᠨ᠂ ᠵᠤᠭᠠᠴᠠᠭᠤᠯᠭᠠ ᠶ᠋ᠢᠨ᠂ ᠲᠦᠰᠢᠮᠡᠳ ᠦ᠋ᠨ᠂ ᠬᠠᠲᠤᠳ ᠤ᠋ᠨ᠂ ᠶᠠᠮᠪᠠ ᠶᠣᠰᠣᠯᠠᠯ ᠤ᠋ᠨ᠂ ᠰᠠᠢᠳ ᠲᠦᠰᠢᠮᠡᠳ ᠦ᠋ᠨ ᠪᠠᠢᠰᠢᠩ ᠤ᠋ᠳ ᠪᠠᠢᠨ᠎ᠠ᠃ ᠲᠡᠷᠡ ᠪᠠᠢᠰᠢᠩ ᠲᠤᠰ ᠪᠦᠷᠢ ᠥᠭᠡᠷ᠎ᠡ ᠥᠭᠡᠷ᠎ᠡ ᠬᠡᠯᠪᠡᠷᠢ ᠮᠠᠶᠢᠭᠲᠠᠢ᠂ ᠮᠣᠩᠭᠣᠯ ᠤ᠋ᠨ ᠭᠡᠷ ᠦ᠋ᠨ ᠬᠡᠯᠪᠡᠷᠢ᠂ ᠬᠢᠲᠠᠳ ᠤ᠋ᠨ ᠪᠠᠷᠢᠯᠭ᠎ᠠ ᠶ᠋ᠢᠨ ᠬᠡᠯᠪᠡᠷᠢ ᠶ᠋ᠢ ᠬᠣᠣᠰᠯᠠᠭᠤᠯᠤᠨ᠎ᠠ᠃ ᠲᠡᠭᠡᠪᠡᠯ ᠦᠵᠡᠮᠵᠢ ᠰᠠᠢᠨᠲᠠᠢ ᠪᠠᠢᠨ᠎ᠠ ᠪᠢᠵᠡ᠃
— ᠵᠠᠪᠠᠯ ᠬᠢᠲᠠᠳ ᠪᠠᠷᠢᠯᠭ᠎ᠠ ᠶ᠋ᠢᠨ ᠬᠡᠯᠪᠡᠷᠢ ᠶ᠋ᠢ ᠠᠪᠴᠤ ᠬᠣᠣᠰᠯᠠᠭᠤᠯᠬᠤ ᠤᠴᠢᠷ ᠶᠠᠭᠤ ᠪᠢᠯᠡ?
— ᠬᠢᠲᠠᠳ ᠪᠠᠷᠢᠯᠭ᠎ᠠ ᠪᠣᠯ ᠭᠠᠵᠠᠷ ᠤ᠋ᠨ ᠪᠠᠢᠳᠠᠯ ᠳ᠋ᠤ᠌ ᠵᠣᠬᠢᠴᠠᠨ᠂ ᠨᠠᠷᠠᠨ ᠤ᠋ ᠢᠯᠴᠢ᠂ ᠰᠠᠯᠬᠢᠨ ᠤ᠋ ᠬᠦᠴᠦ ᠶ᠋ᠢ ᠰᠠᠭᠠᠷᠠᠭᠤᠯᠬᠤ ᠲᠠᠯ᠎ᠠ ᠪᠠᠷ ᠠᠰᠢᠭᠲᠠᠢ᠂ ᠪᠠᠰᠠ ᠦᠵᠡᠮᠵᠢ ᠰᠠᠢᠲᠠᠢ ᠪᠠᠢᠳᠠᠭ᠃ ᠲᠠᠨ ᠤ᠋ ᠨᠡᠷ᠎ᠡ ᠰᠦᠷ ᠢ᠋ ᠪᠣᠳᠣᠬᠤ ᠳ᠋ᠤ᠌ ᠮᠣᠩᠭᠣᠯ ᠪᠠᠢᠳᠠᠯ ᠢ᠋ ᠵᠠᠪᠠᠯ ᠰᠢᠩᠭᠡᠭᠡᠵᠦ ᠪᠠᠷᠢᠯᠭ᠎ᠠ ᠪᠠᠢᠪᠠᠯ ᠢᠯᠡᠭᠦᠦ ᠭᠣᠶᠣ᠂ ᠪᠥᠬᠡ ᠪᠠᠲᠤ ᠪᠣᠯᠤᠨ᠎ᠠ ᠪᠠᠢᠬᠤ ᠭᠡᠵᠦ ᠪᠣᠭᠣᠯ ᠪᠢ ᠪᠣᠳᠣᠵᠤ ᠪᠠᠢᠨ᠎ᠠ᠁ ᠭᠡᠮᠡᠨ ᠲᠠᠢᠯᠪᠤᠷᠢᠯᠠᠭᠰᠠᠭᠠᠷ᠂ ᠶᠡᠬᠡ ᠵᠠᠬᠢᠷᠤᠭᠴᠢ ᠠᠰᠠᠭᠤᠵᠤ ᠬᠠᠷᠢᠭᠤ ᠰᠣᠨᠣᠰᠤᠭᠰᠠᠭᠠᠷ ᠤᠳᠠᠭᠠᠨ ᠰᠠᠭᠤᠵᠠᠢ᠃
ᠲᠡᠳᠡ ᠬᠠᠯᠠᠭᠤᠨ ᠴᠠᠢ ᠠᠪᠴᠢᠷᠠᠭᠤᠯᠵᠤ ᠤᠤᠭᠤᠭᠠᠳ᠂ ᠲᠣᠯᠣᠭᠠᠢ ᠠᠮᠠᠷᠠᠭᠠᠬᠤ ᠪᠠᠷ ᠭᠠᠳᠠᠭᠠᠯᠠᠬᠤ ᠪᠣᠯᠪᠠ᠃
ᠬᠤᠪᠢᠯᠠᠢ ᠭᠠᠳᠠᠭ᠎ᠠ ᠶᠠᠪᠤᠬᠤ᠂ ᠬᠡᠭᠡᠷ᠎ᠡ ᠶ᠋ᠢᠨ ᠮᠠᠢᠬᠠᠨ ᠳ᠋ᠤ᠌ ᠤᠨᠲᠠᠬᠤ᠂ ᠲᠡᠷᠡ ᠴᠦ᠍ ᠪᠠᠢᠲᠤᠭᠠᠢ ᠮᠣᠷᠢ ᠪᠠᠷ ᠠᠩ ᠠᠪᠠ ᠳ᠋ᠤ᠌ ᠶᠠᠪᠤᠬᠤ᠂ ᠠᠭᠤᠯᠠ ᠬᠠᠳᠠ ᠪᠠᠷ ᠵᠤᠭᠠᠴᠠᠬᠤ ᠳᠠᠭᠠᠯᠠᠯᠲᠠᠢ᠃ ᠡᠢᠨ ᠬᠦ᠌ ᠮᠣᠩᠭᠣᠯ ᠠᠵᠤ ᠲᠥᠷᠥᠬᠦ ᠪᠠᠢᠳᠠᠯ ᠢ᠋ᠶ᠋ᠠᠷ ᠢ᠋ᠶ᠋ᠠᠨ ᠪᠠᠢᠬᠤ ᠳᠤᠷᠠᠲᠠᠢ ᠶ᠋ᠢ ᠲᠡᠭᠦᠨ ᠳ᠋ᠦ᠍ ᠰᠢᠳᠠᠷᠯᠠᠨ ᠪᠣᠢ ᠵᠣᠣ ᠣᠪᠣᠭᠲᠤ᠂ ᠯᠢᠦ ᠣᠪᠣᠭᠲᠤ ᠨᠠᠷ ᠰᠠᠢᠨ ᠮᠡᠳᠡᠳᠡᠭ ᠪᠣᠯᠵᠠᠢ᠃
ᠶᠡᠷᠦᠩᠬᠡᠢ ᠵᠠᠬᠢᠷᠤᠭᠴᠢ ᠶ᠋ᠢ ᠯᠢᠦ ᠣᠪᠣᠭᠲᠤ ᠡᠷᠳᠡᠮᠲᠡᠨ ᠰᠢᠳᠠᠷᠯᠠᠨ ᠳᠠᠭᠠᠭᠰᠠᠭᠠᠷ ᠬᠣᠲᠠ ᠪᠠᠢᠭᠤᠯᠬᠤ ᠵᠢᠷᠤᠭ ᠲᠥᠰᠦᠯ ᠢ᠋ᠶ᠋ᠡᠨ ᠲᠠᠢᠯᠪᠤᠷᠢᠯᠠᠨ᠂ ᠵᠥᠪᠰᠢᠶᠡᠷᠡᠭᠦᠯᠬᠦ ᠰᠠᠨᠠᠭᠠᠲᠠᠢ ᠶᠠᠪᠤᠯ᠎ᠠ᠃
ᠲᠡᠳᠡ ᠴᠠᠯᠭᠢᠶ᠎ᠠ ᠭᠣᠣᠯ ᠤ᠋ᠨ ᠬᠥᠪᠡᠭᠡᠨ ᠳᠡᠭᠡᠷ᠎ᠡ ᠠᠯᠬᠤᠵᠤ ᠢᠷᠡᠭᠡᠳ ᠤᠰᠤᠨ ᠤ᠋ ᠳᠥᠯᠭᠡᠬᠡᠨ ᠤᠷᠤᠰᠬᠠᠯ ᠬᠠᠷᠠᠨ᠂ ᠵᠢᠭᠠᠰᠤ ᠵᠢᠷᠠᠭᠠᠬᠠᠢ ᠶᠠᠭᠠᠬᠢᠵᠤ ᠲᠡᠨᠳᠡ ᠨᠠᠭᠠᠳᠤᠩᠬᠠᠨ ᠶᠠᠪᠤᠭ᠎ᠠ ᠶ᠋ᠢ ᠣᠯᠵᠤ ᠬᠠᠷᠠᠬᠤ ᠭᠡᠵᠦ ᠡᠷᠢᠯᠬᠢᠯᠡᠨ ᠵᠣᠭᠰᠣᠪᠠ᠃
ᠯᠢᠦ ᠣᠪᠣᠭᠲᠤ ᠬᠤᠪᠢᠯᠠᠢ ᠶ᠋ᠢ ᠭᠦᠨ ᠬᠦᠨᠳᠦᠳᠬᠡᠭᠰᠡᠨ ᠪᠠᠢᠳᠠᠯ ᠢ᠋ᠶ᠋ᠠᠷ ᠪᠥᠭᠲᠥᠷ ᠨᠢᠷᠤᠭᠤ ᠪᠠᠨ ᠤᠯᠠᠮ ᠪᠥᠬᠥᠢᠯᠭᠡᠨ ᠵᠣᠭᠰᠣᠵᠤ᠄
— ᠪᠢ ᠡᠨᠡ ᠬᠣᠲᠠ ᠶ᠋ᠢᠨ ᠨᠣᠶᠠᠨ ᠣᠷᠭᠢᠯ ᠢ ᠶᠡᠬᠡ ᠵᠠᠬᠢᠷᠤᠭᠴᠢ ᠶ᠋ᠢᠨ ᠣᠷᠳᠣᠨ ᠪᠣᠯᠭᠠᠬᠤ ᠰᠠᠨᠠᠭᠠᠲᠠᠢ᠃ ᠶᠠᠮᠠᠷ ᠴᠦ᠍ ᠬᠣᠲᠠ ᠳ᠋ᠤ᠌ ᠭᠠᠳᠠᠨ᠎ᠠ ᠶ᠋ᠢᠨ ᠬᠥᠮᠦᠨ ᠢᠷᠡᠭᠡᠳ ᠬᠠᠷᠠᠬᠤ ᠳ᠋ᠤ᠌ ᠨᠢ ᠨᠢᠳᠦ ᠪᠤᠯᠢᠶᠠᠭᠰᠠᠨ ᠨᠢᠭᠡ ᠪᠠᠷᠢᠯᠭ᠎ᠠ ᠰᠦᠨᠳᠡᠷᠯᠡᠵᠦ ᠬᠠᠷᠠᠭᠳᠠᠳᠠᠭ᠃ ᠮᠠᠨ ᠤ᠋ ᠰᠢᠨ᠎ᠡ ᠬᠣᠲᠠ ᠶ᠋ᠢᠨ ᠲᠡᠢᠮᠦ ᠣᠷᠭᠢᠯ ᠨᠢ ᠶᠡᠷᠦᠩᠬᠡᠢ ᠵᠠᠬᠢᠷᠤᠭᠴᠢ ᠶ᠋ᠢᠨ ᠣᠷᠳᠣᠨ ᠪᠣᠯᠵᠤ ᠲᠠᠭᠠᠷᠠᠨ᠎ᠠ᠃ ᠶᠡᠷᠦ ᠨᠢ ᠡᠨᠡ ᠪᠣᠯ ᠲᠠᠨ ᠤ᠋ ᠵᠠᠷᠯᠢᠭ ᠤ᠋ᠨ ᠬᠣᠲᠠ ᠪᠠᠢᠬᠤ ᠶᠣᠰᠣᠲᠠᠢ᠃ ᠲᠡᠨᠳᠡ ᠲᠠ ᠰᠠᠭᠤᠷᠢᠰᠢᠭᠠᠳ᠂ ᠬᠠᠮᠤᠭ ᠨᠣᠮ ᠰᠤᠳᠤᠷ᠂ ᠪᠤᠷᠬᠠᠨ ᠰᠢᠲᠦᠭᠡᠨ᠂ ᠡᠳ᠋ ᠠᠭᠤᠷᠠᠰᠤ᠂ ᠬᠠᠲᠤᠳ ᠳᠡᠭᠡᠳᠦᠰ ᠦ᠋ᠳ ᠢ᠋ᠶ᠋ᠡᠨ ᠰᠠᠢᠬᠠᠨ ᠪᠠᠢᠷᠢᠯᠠᠭᠤᠯᠵᠤ ᠠᠪᠤᠭᠰᠠᠨ ᠪᠠᠢᠪᠠᠯ ᠰᠡᠳᠬᠢᠯ ᠲᠠᠨᠢ ᠬᠡᠴᠢᠨᠡᠨ ᠥᠶᠥᠭ᠂ ᠲᠠᠭᠠᠲᠠᠢ ᠪᠠᠢᠬᠤ ᠰᠠᠨ ᠪᠢᠯᠡ ᠭᠡᠵᠦ ᠶᠠᠷᠢᠵᠤ ᠪᠠᠢᠲᠠᠯ᠎ᠠ ᠨᠢ᠂ ᠵᠠᠢᠲᠠᠢᠬᠠᠨ ᠬᠠᠷᠠᠭᠳᠠᠵᠤ ᠪᠠᠢᠭ᠎ᠠ ᠴᠡᠷᠢᠭ ᠦ᠋ᠨ ᠬᠠᠷᠠᠭᠤᠯ ᠳᠡᠭᠡᠷ᠎ᠡ ᠬᠡᠳᠦᠨ ᠮᠣᠷᠢᠲᠠᠨ ᠳᠣᠪᠲᠣᠯᠭᠠᠵᠤ ᠢᠷᠡᠭᠡᠳ᠂ ᠬᠡᠰᠡᠭ ᠵᠠᠭᠤᠷ᠎ᠠ ᠪᠠᠢᠴᠠᠭᠠᠭᠳᠠᠪᠠ ᠪᠣᠯᠤᠯᠲᠠᠢ ᠰᠠᠭᠠᠲᠠᠵᠤ ᠪᠠᠢᠭᠰᠠᠨ ᠢ᠋ᠶ᠋ᠠᠨ ᠭᠤᠷᠪᠠ ᠨᠢ ᠢᠯᠭᠠᠷᠠᠨ ᠭᠣᠣᠯ ᠠᠰᠠᠷ ᠤᠷᠤᠭᠤ ᠶᠠᠪᠤᠵᠤ᠂ ᠣᠢᠷᠲᠤᠨ ᠢᠷᠡᠬᠦ ᠳ᠋ᠦ᠍ ᠨᠢ ᠠᠵᠢᠭᠯᠠᠪᠠᠯ᠂ ᠰᠠᠪᠠᠭ᠎ᠠ ᠮᠣᠳᠣᠨ ᠳ᠋ᠤ᠌ ᠬᠠᠷ᠎ᠠ ᠢᠰᠢᠭᠡᠨ ᠦ᠌ ᠠᠷᠠᠰᠤ ᠤᠶᠠᠵᠤ᠂ ᠲᠡᠭᠦᠨ ᠢ᠋ ᠪᠡᠨ ᠬᠢᠭᠢᠷᠢ ᠠᠳᠠᠯᠢ ᠡᠷᠭᠦᠨ ᠪᠠᠢᠭᠰᠠᠨ ᠨᠢ ᠶᠠᠮᠠᠷ ᠨᠢᠭᠡ ᠲᠦᠭᠰᠢᠭᠦᠷᠢ᠂ ᠡᠮᠭᠡᠨᠢᠯ ᠵᠠᠷᠯᠠᠨ ᠶᠠᠪᠤᠭ᠎ᠠ ᠨᠢ ᠢᠯᠡᠳᠲᠡ ᠪᠥᠯᠥᠭᠡ᠃
ᠬᠤᠪᠢᠯᠠᠢ ᠲᠡᠭᠦᠨ ᠢ᠋ ᠰᠡᠷᠳ᠋ ᠬᠢᠨ ᠬᠠᠷᠠᠵᠤ᠂ ᠳᠡᠷᠭᠡᠳᠡ ᠪᠡᠨ ᠪᠠᠢᠭ᠎ᠠ ᠪᠠᠷ᠎ᠠ ᠪᠣᠯᠤᠭᠴᠢ ᠨᠠᠷ ᠢ᠋ᠶ᠋ᠠᠷ ᠢ᠋ᠶ᠋ᠠᠨ ᠤᠭᠲᠦᠭᠤᠯᠪᠠ᠃
ᠡᠯᠴᠢ ᠮᠣᠷᠢᠨ ᠠ᠋ᠴᠠ ᠪᠠᠨ ᠪᠠᠭᠤᠵᠤ ᠠᠷᠠᠰᠤᠨ ᠬᠢᠭᠢᠷᠢ ᠪᠡᠨ ᠪᠠᠷᠢᠭᠰᠠᠭᠠᠷ ᠶᠡᠷᠦᠩᠬᠡᠢ ᠵᠠᠬᠢᠷᠤᠭᠴᠢ ᠳ᠋ᠤ᠌ ᠣᠢᠷᠠᠲᠤᠨ ᠢᠷᠡᠵᠦ ᠰᠥᠬᠥᠷᠡᠵᠦ ᠡᠪᠦᠳᠦᠭ ᠨᠤᠭᠤᠯᠤᠨ ᠶᠣᠰᠣ ᠬᠢᠭᠡᠳ᠂ ᠳᠤᠭᠤᠯᠳᠠᠬᠤ ᠲᠡᠳᠦᠢ ᠨᠠᠮᠤᠭᠤᠨ ᠳᠠᠭᠤ ᠪᠠᠷ᠄
— ᠵᠠᠬᠢᠷᠤᠭᠴᠢ ᠲᠠᠨ ᠤ᠋ ᠠᠬ᠎ᠠ᠂ ᠶᠡᠬᠡ ᠬᠠᠭᠠᠨᠲᠠᠨ ᠾᠸᠵᠸᠦ ᠶ᠋ᠢᠨ ᠳᠡᠷᠭᠡᠳᠡᠬᠢ ᠴᠡᠷᠢᠭ ᠦ᠋ᠨ ᠪᠠᠢᠷᠢᠨ ᠳ᠋ᠤ᠌ ᠬᠦᠨᠳᠦ ᠪᠡᠷ ᠡᠪᠡᠳᠴᠢᠯᠡᠵᠦ ᠪᠠᠢᠭᠠᠳ ᠭᠤᠷᠪᠠ ᠬᠣᠨᠣᠭ ᠤ᠋ᠨ ᠡᠮᠦᠨ᠎ᠡ ᠲᠠᠭᠠᠯᠠᠯ ᠲᠡᠭᠦᠰᠦᠯ᠎ᠡ① ᠭᠡᠵᠦ ᠠᠢᠯᠠᠳᠬᠠᠪᠠ᠃
ᠠᠵᠢᠪᠠᠰᠤ ᠤᠷᠢᠳ ᠲᠦᠮᠡᠳ ᠦ᠋ᠨ ᠳᠠᠷᠤᠭ᠎ᠠ ᠪᠠᠢᠭᠠᠳ ᠰᠢᠳᠠᠷ ᠲᠤ ᠲᠠᠪᠰᠢᠨ ᠶᠡᠬᠡ ᠬᠠᠭᠠᠨ ᠳ᠋ᠤ᠌ ᠪᠠᠷ᠎ᠠ ᠪᠣᠯᠵᠤ ᠪᠠᠢᠭᠰᠠᠨ ᠨᠣᠶᠠᠨ ᠪᠠᠷᠭᠠᠢ ᠶ᠋ᠢᠨ ᠬᠦᠯᠦᠭ ᠥᠷᠥᠭᠡᠰᠦᠨ ᠬᠠᠴᠠᠷ ᠳᠡᠭᠡᠷᠡᠬᠢ ᠬᠥᠨᠳᠡᠯᠡᠨ ᠰᠣᠷᠪᠢ ᠪᠠᠨ ᠭᠠᠷ ᠢ᠋ᠶ᠋ᠠᠷ ᠢ᠋ᠶ᠋ᠠᠨ ᠢᠯᠪᠢᠨ ᠵᠣᠭᠰᠣᠵᠤ ᠪᠠᠢᠪᠠ᠃
ᠬᠤᠪᠢᠯᠠᠢ ᠬᠡᠷᠳ᠋ ᠬᠢᠨ ᠴᠢᠬᠢᠨ ᠳ᠋ᠦ᠍ ᠪᠡᠨ ᠦᠯᠦ ᠢᠲᠡᠭᠡᠭᠰᠡᠨ ᠶᠦᠮ ᠰᠢᠭ ᠲᠡᠷᠡ ᠭᠤᠨᠢᠭᠲᠤ ᠮᠡᠳᠡᠭᠡ ᠶ᠋ᠢ ᠳᠠᠬᠢᠨ ᠰᠣᠨᠣᠰᠬᠤ ᠪᠠᠷ ᠲᠦᠰᠢᠮᠡᠳ ᠬᠦᠯᠦᠭ ᠲᠦ᠍ ᠣᠢᠷᠠᠲᠤᠨ᠄
— ᠶᠠᠭᠤ ᠭᠡᠯᠡ ᠭᠡᠨ᠎ᠡ ᠪᠣᠢ ᠴᠢ? ᠨᠠᠭᠠᠳᠤ ᠮᠠᠭᠤ ᠢᠷᠣ᠎ᠠ ᠶ᠋ᠢᠨ ᠶᠠᠭᠤᠮ᠎ᠠ ᠪᠠᠨ ᠲᠡᠢᠰᠢ ᠨᠢ ᠬᠠᠶᠠ! ᠭᠡᠵᠦ ᠠᠷᠠᠰᠤᠨ ᠬᠢᠭᠢᠷᠢ ᠳ᠋ᠦ᠍ ᠡᠷ᠎ᠡ ᠭᠠᠷᠭᠠᠭᠠᠳ ᠵᠠᠷᠤᠭᠤᠯ ᠤ᠋ᠨ ᠬᠥᠮᠦᠨ ᠦ᠌ ᠦᠭᠡ ᠶ᠋ᠢ ᠬᠦᠯᠢᠶᠡᠨ᠎ᠡ᠃
ᠲᠦᠰᠢᠮᠡᠯ ᠴᠢᠷᠠᠢ ᠪᠠᠨ ᠪᠠᠷᠤᠢᠯᠭᠠᠨ ᠲᠣᠮᠣ ᠠᠯᠠᠭ ᠨᠢᠳᠦ ᠪᠡᠷ ᠢ᠋ᠶ᠋ᠡᠨ ᠭᠠᠵᠠᠷ ᠰᠢᠷᠳᠡᠨ ᠵᠣᠭᠰᠣᠭᠠᠳ᠄
— ᠲᠡᠢᠮᠦ ᠲᠣᠭ᠎ᠠ ᠦᠭᠡᠢ ᠶᠠᠪᠤᠳᠠᠯ ᠪᠣᠯᠤᠯ᠎ᠠ᠃ ᠶᠡᠬᠡ ᠬᠠᠭᠠᠨᠲᠠᠨ ᠡᠪᠡᠳᠴᠢᠯᠡᠭᠡᠳ ᠤᠳᠠᠭᠰᠠᠨ ᠦᠭᠡᠢ ᠲᠤᠩ ᠶᠡᠬᠡ ᠬᠠᠯᠠᠭᠤᠷᠠᠨ᠂ ᠲᠡᠭᠦᠨ ᠢ᠋ᠶ᠋ᠡᠨ ᠳᠠᠭᠠᠭᠠᠭᠰᠠᠨ ᠦᠭᠡᠢ ᠪᠣᠯᠤᠯᠲᠠᠢ᠂ ᠳᠡᠷᠭᠡᠳᠡ ᠶ᠋ᠢᠨ ᠣᠲᠠᠴᠢ ᠨᠠᠷ ᠶᠠᠩᠵᠤ ᠪᠦᠷᠢ ᠶ᠋ᠢᠨ ᠡᠮ ᠵᠣᠭᠣᠭᠯᠠᠭᠤᠯᠤᠭᠰᠠᠨ ᠪᠠᠢᠬ᠎ᠠ ᠭᠡᠪᠡ᠃
— ᠶᠠᠮᠠᠷ ᠡᠪᠡᠳᠴᠢᠨ ᠠᠬ᠎ᠠ ᠳ᠋ᠤ᠌ ᠲᠤᠰᠤᠭᠰᠠᠨ ᠬᠡᠷᠡᠭ ᠪᠢᠯᠡ?
— ᠴᠠᠭ ᠠᠭᠠᠷ ᠶᠡᠬᠡ ᠬᠠᠯᠠᠭᠤᠨ ᠪᠣᠯᠵᠤ ᠨᠡᠢᠲᠡ ᠴᠡᠷᠢᠭ ᠲᠦ᠍ ᠬᠠᠯᠳᠠᠪᠤᠷᠢᠲᠤ ᠲᠣᠮᠣᠭᠣ ᠭᠠᠷᠴᠤ ᠳᠡᠯᠭᠡᠷᠡᠭᠰᠡᠨ᠃ ᠬᠠᠭᠠᠨᠲᠠᠨ ᠪᠡᠶ᠎ᠡ ᠪᠡᠨ ᠡᠰᠡ ᠪᠣᠳᠣᠨ᠂ ᠲᠡᠷᠡ ᠴᠡᠷᠢᠭ ᠦ᠋ᠨ ᠳᠣᠲᠣᠷ᠎ᠠ ᠬᠤᠳᠬᠤᠯᠳᠤᠨ ᠣᠷᠣᠵᠤ ᠶᠠᠪᠤᠭᠠᠳ ᠬᠠᠯᠳᠠᠪᠤᠷᠢ ᠵᠣᠭᠣᠭᠯᠠᠭᠰᠠᠨ ᠶᠤᠮ ᠪᠠᠢᠵᠠᠢ᠃ ᠤᠭ ᠨᠢ ᠴᠡᠷᠢᠭ ᠲᠡᠢᠨ ᠦ᠌ ᠬᠡᠷᠡᠭ ᠢ᠋ᠶ᠋ᠡᠨ ᠪᠡᠶ᠎ᠡ ᠪᠡᠷ ᠬᠥᠲᠥᠯᠦᠭᠰᠡᠭᠡᠷ ᠰᠠᠷᠠᠭᠤᠯᠬᠠᠨ ᠮᠣᠷᠢᠯᠠᠵᠤ ᠶᠠᠪᠤᠭᠰᠠᠨ᠃ ᠲᠡᠭᠡᠭᠡᠳ ᠪᠦᠷᠭᠦᠳ ᠦ᠋ᠨ ᠵᠤᠯᠵᠠᠭ᠎ᠠ ᠡᠭᠦᠷ ᠢ᠋ᠶ᠋ᠡᠨ ᠣᠷᠬᠢᠯ᠎ᠠ᠃ ᠪᠣᠭᠣᠯ ᠨᠠᠮᠠᠶ᠋ᠢ ᠶᠡᠷᠦᠩᠬᠡᠢ ᠵᠠᠬᠢᠷᠤᠭᠴᠢ ᠲᠠᠨ ᠳ᠋ᠤ᠌ ᠡᠨᠡ ᠶᠠᠪᠤᠳᠠᠯ ᠢ᠋ ᠪᠣᠯᠭᠣᠭᠠᠯᠭᠠ ᠭᠡᠵᠦ ᠰᠢᠳᠠᠷ ᠵᠠᠩᠵᠤᠨ ᠨᠠᠭᠠᠰᠢ ᠨᠢ ᠵᠠᠷᠤᠭᠰᠠᠨ᠃
— ᠦᠨᠡᠨ ᠳ᠋ᠦ᠍ ᠪᠡᠨ ᠠᠬ᠎ᠠ ᠮᠢᠨᠢ ᠪᠦᠷᠭᠦᠳ ᠯᠡ ᠪᠠᠢᠭᠰᠠᠨ᠃ ᠲᠡᠭᠡᠭᠡᠳ ᠶᠠᠭᠠᠬᠢᠬᠤ ᠭᠡᠵᠦ ᠪᠠᠢᠭ᠎ᠠ ᠬᠡᠷᠡᠭ ᠪᠢᠯᠡ? ᠨᠠᠮᠠᠶ᠋ᠢ ᠢᠷ᠎ᠡ ᠭᠡᠵᠦ ᠬᠡᠯᠡᠭᠡ ᠦᠭᠡᠢ ᠤᠤ? ᠭᠡᠮᠡᠨ ᠬᠤᠪᠢᠯᠠᠢ ᠬᠣᠭᠣᠯᠠᠢ ᠪᠠᠨ ᠰᠥᠭᠡᠩᠬᠢᠳᠦᠭᠦᠯᠦᠨ ᠴᠣᠴᠢᠷᠳᠠᠭᠰᠠᠨ ᠪᠠᠢᠳᠠᠯ ᠢ᠋ᠶ᠋ᠠᠷ ᠯᠠᠪᠯᠠᠪᠠ᠃
ᠰᠦᠷᠯᠢᠭ ᠲᠣᠮᠣ ᠪᠡᠶᠡᠲᠡᠢ ᠲᠦᠰᠢᠮᠡᠯ ᠵᠠᠬᠢᠷᠤᠭᠴᠢ ᠶ᠋ᠢ ᠡᠭᠴᠡᠯᠡᠨ ᠬᠠᠷᠠᠭᠰᠠᠭᠠᠷ᠄
— ᠬᠡᠷᠬᠢᠬᠦ ᠶ᠋ᠢ ᠪᠣᠭᠣᠯ ᠪᠢ ᠮᠡᠳᠡᠬᠦ ᠦᠭᠡᠢ᠂ ᠶᠠᠭᠠᠷᠠᠯᠲᠠᠢ ᠽᠠᠨᠳᠠᠨᠰᠢᠭᠤᠯᠤᠭᠠᠳ ᠨᠡᠢᠰᠯᠡᠯ ᠬᠠᠷᠠᠬᠣᠷᠣᠮ ᠳ᠋ᠤ᠌ ᠵᠠᠯᠠᠵᠤ ᠠᠪᠠᠴᠢᠨ᠎ᠠ ᠭᠡᠵᠦ ᠳᠡᠭᠡᠳᠦᠰ ᠦ᠋ᠳ ᠶᠠᠷᠢᠯᠴᠠᠵᠤ ᠪᠠᠢᠬᠤ ᠶ᠋ᠢ ᠪᠢ ᠰᠣᠨᠣᠰᠤᠭᠰᠠᠨ ᠭᠡᠯᠡ᠃
ᠬᠤᠪᠢᠯᠠᠢ ᠴᠢᠷᠠᠢ ᠪᠠᠨ ᠪᠠᠷᠤᠢᠯᠭᠠᠨ᠂ ᠤᠰᠤᠨ ᠤ᠋ ᠤᠷᠤᠰᠬᠠᠯ ᠬᠠᠷᠠᠵᠤ ᠬᠡᠰᠡᠭ ᠵᠠᠭᠤᠷ᠎ᠠ ᠵᠣᠭᠰᠣᠭᠰᠠᠨ ᠢ᠋ᠶ᠋ᠠᠨ ᠵᠠᠷᠤᠭᠤᠯ ᠤ᠋ᠨ ᠲᠦᠰᠢᠮᠡᠯ ᠢ᠋ ᠣᠷᠬᠢᠨ ᠠᠰᠠᠷ ᠤᠷᠤᠭᠤ ᠪᠠᠨ ᠠᠯᠬᠤᠵᠤ ᠣᠳᠤᠯ᠎ᠠ᠃ ᠲᠡᠷᠡ ᠪᠡᠷ ᠣᠯᠪᠣᠭ ᠲᠤ ᠬᠥᠯ ᠵᠢᠭᠢᠨ ᠰᠢᠨ᠎ᠡ ᠲᠤᠯᠤᠨ ᠰᠠᠭᠤᠭᠠᠳ ᠭᠦᠨ ᠪᠣᠳᠣᠯ ᠳ᠋ᠤ᠌ ᠠᠪᠲᠠᠪᠠ᠃ ᠲᠡᠭᠦᠨ ᠦ᠌ ᠨᠢᠳᠦᠨ ᠦ᠌ ᠡᠮᠦᠨᠡᠭᠦᠷ ᠠᠬ᠎ᠠ ᠮᠥᠩᠬᠡ ᠶ᠋ᠢᠨ ᠰᠡᠷᠢᠭᠦᠨ ᠲᠤᠩᠭᠠᠯᠠᠭ ᠪᠠᠢᠬᠤ ᠳ᠋ᠤ᠌ ᠪᠠᠨ ᠬᠢᠵᠦ ᠪᠠᠢᠭᠰᠠᠨ ᠦᠢᠯᠡ ᠶᠠᠪᠤᠳᠠᠯ ᠤ᠋ᠳ ᠨᠢ ᠡᠷᠡᠮᠪᠡ ᠳᠠᠷᠠᠭ᠎ᠠ ᠪᠠᠷ ᠢ᠋ᠶ᠋ᠠᠨ ᠴᠤᠪᠤᠷᠠᠨ ᠥᠩᠭᠡᠷᠡᠵᠦ ᠦᠵᠡᠭᠳᠡᠨ ᠡᠬᠢᠯᠡᠯ᠎ᠡ᠃
— ᠲᠡᠢᠮᠦ ᠠ᠋᠃ ᠠᠬ᠎ᠠ ᠲᠣᠭ᠎ᠠ ᠪᠣᠳᠣᠬᠤ ᠶ᠋ᠢᠨ ᠵᠡᠷᠭᠡᠴᠡᠭᠡ ᠣᠯᠠᠨ ᠬᠡᠷᠡᠭ ᠶᠠᠪᠤᠳᠠᠯ ᠢ᠋ ᠠᠮᠵᠢᠭᠤᠯᠤᠨ ᠬᠢᠵᠦ ᠴᠢᠳᠠᠳᠠᠭ ᠰᠠᠨ᠃ ᠬᠥᠭᠡᠷᠦᠬᠦᠢ᠂ ᠬᠠᠲᠠᠭᠤ ᠵᠠᠷᠯᠢᠬᠲᠠᠢ᠂ ᠲᠤᠩ ᠰᠠᠮᠪᠠᠭᠠᠲᠠᠢ᠂ ᠠᠭᠱᠠᠨ ᠵᠠᠭᠤᠷ᠎ᠠ ᠴᠦ᠍ ᠵᠦᠭᠡᠷ ᠰᠠᠭᠤᠵᠤ ᠴᠢᠳᠠᠳᠠᠭ ᠦᠭᠡᠢ᠂ ᠬᠠᠮᠤᠭ ᠠᠮᠢ ᠨᠠᠰᠤ ᠪᠠᠨ ᠲᠥᠷᠥ ᠳ᠋ᠦ᠍ ᠵᠣᠷᠢᠭᠤᠯᠤᠨ ᠪᠠᠢᠯ᠎ᠠ᠃ ᠡᠪᠦᠭᠡᠨ ᠳᠡᠭᠡᠳᠦᠰ ᠪᠣᠭᠳᠠ ᠡᠵᠡᠨ ᠡᠴᠡ ᠬᠣᠢᠰᠢ ᠮᠠᠨ ᠤ᠋ ᠲᠥᠷᠥ ᠳ᠋ᠦ᠍ ᠡᠢᠮᠦ ᠯᠤᠲᠤ ᠴᠢᠭᠢᠷᠠᠭ᠂ ᠬᠠᠲᠠᠭᠤ ᠴᠡᠭᠴᠡᠲᠡᠢ ᠪᠠᠢᠳᠠᠯ ᠰᠠᠨᠠᠭ᠎ᠠ ᠪᠦᠬᠦᠢ ᠬᠠᠭᠠᠨ ᠪᠠᠢᠭ᠎ᠠ ᠦᠭᠡᠢ᠃《ᠤᠯᠤᠰ ᠢ᠋ ᠡᠨᠡ ᠬᠠᠭᠠᠨ ᠥᠭᠡᠳᠡ ᠨᠢ ᠲᠠᠲᠠᠯ᠎ᠠ》 ᠭᠡᠵᠦ ᠡᠪᠦᠭᠡᠳ ᠨᠠᠰᠤᠲᠠᠨ ᠨᠤᠭᠤᠳ ᠬᠡᠯᠡᠵᠦ ᠪᠠᠢᠬᠤ ᠶ᠋ᠢ ᠪᠢ ᠴᠢᠬᠢ ᠪᠡᠷ ᠢ᠋ᠶ᠋ᠡᠨ ᠰᠣᠨᠣᠰᠤᠭᠰᠠᠨ᠃ ᠲᠡᠷᠡ ᠪᠣᠯ ᠦᠨᠡᠨ ᠦᠭᠡ ᠪᠠᠢᠯ᠎ᠠ᠃ ᠵᠠ ᠲᠡᠢᠮᠦ᠂ ᠲᠡᠢᠮᠦ ᠭᠡᠵᠦ ᠬᠤᠪᠢᠯᠠᠢ ᠭᠠᠭᠴᠠᠭᠠᠷ ᠢ᠋ᠶ᠋ᠠᠨ ᠦᠭᠡᠯᠡᠭᠰᠡᠭᠡᠷ ᠪᠠᠢᠪᠠ᠃
— ᠲᠡᠭᠡᠭᠰᠡᠨ ᠳᠡ᠃ ᠠᠩᠬᠠᠨ ᠠᠬ᠎ᠠ ᠶ᠋ᠢ ᠬᠠᠭᠠᠨ ᠰᠢᠷᠡᠭᠡᠨ ᠳ᠋ᠦ᠍ ᠵᠠᠯᠠᠬᠤ ᠬᠡᠷᠡᠭ ᠢ᠋ ᠠᠪᠠᠭ᠎ᠠ ᠠᠬ᠎ᠠ ᠶ᠋ᠢᠨ ᠮᠢᠨᠢ ᠬᠦᠦ ᠠᠬ᠎ᠠ ᠯᠠ ᠰᠠᠨᠠᠭ᠎ᠠ ᠰᠠᠳᠤᠨ ᠬᠢᠭᠰᠡᠨ᠃ ᠪᠢ ᠲᠡᠭᠦᠨ ᠢ᠋ ᠮᠠᠲᠠᠯ ᠦᠭᠡᠢ ᠶᠠᠭᠠᠬᠢᠬᠤ ᠪᠣᠢ᠃ ᠴᠠᠭᠠᠭᠴᠢᠨ ᠭᠠᠬᠠᠢ ᠵᠢᠯ ᠦ᠋ᠨ ᠬᠠᠪᠤᠷ ᠨᠣᠭᠣᠭᠠᠨ ᠢ᠋ᠶ᠋ᠠᠷ ᠪᠠᠲᠤ ᠠᠬ᠎ᠠ ᠲᠡᠷᠲᠡᠭᠡ ᠪᠠᠷᠠᠭᠤᠨ ᠨᠤᠲᠤᠭ ᠠᠯᠠᠭ ᠲᠠᠭ ᠭᠡᠳᠡᠭ ᠭᠠᠵᠠᠷ ᠲᠤ ᠨᠣᠶᠠᠳ ᠤ᠋ᠨ ᠴᠤᠭᠯᠠᠷᠠᠯ ᠬᠢᠵᠦ ᠳᠥᠴᠢᠨ ᠬᠣᠶᠠᠷ ᠨᠠᠰᠤᠲᠠᠢ ᠮᠥᠩᠬᠡ ᠠᠬ᠎ᠠ ᠶ᠋ᠢ ᠶᠡᠬᠡ ᠬᠠᠭᠠᠨ ᠳ᠋ᠤ᠌ ᠡᠷᠭᠦᠮᠵᠢᠯᠡᠬᠦ ᠰᠠᠨᠠᠯ ᠢ᠋ᠶ᠋ᠠᠨ ᠣᠯᠠᠨ ᠢ᠋ᠶ᠋ᠠᠷ ᠵᠥᠪᠰᠢᠶᠡᠷᠡᠭᠦᠯᠦᠭᠰᠡᠨ᠃ ᠲᠡᠭᠡᠬᠦ ᠡᠴᠡ ᠴᠦ᠍ ᠥᠭᠡᠷ᠎ᠡ ᠠᠷᠭ᠎ᠠ ᠦᠭᠡᠢ ᠪᠠᠢᠯ᠎ᠠ᠃
ᠶᠡᠬᠡ ᠬᠠᠭᠠᠨ ᠬᠥᠶᠦᠭ ᠠᠬ᠎ᠠ ᠦᠨᠡᠨ ᠳ᠋ᠦ᠍ ᠪᠡᠨ ᠲᠥᠷᠥ ᠪᠠᠷᠢᠵᠤ ᠳᠡᠢᠯᠬᠦ ᠦᠭᠡᠢ ᠪᠠᠢᠭ᠎ᠠ ᠮᠥᠷᠲᠡᠭᠡᠨ ᠲᠦᠷ ᠲᠥᠷᠥ ᠪᠠᠷᠢᠵᠤ ᠪᠠᠢᠭᠰᠠᠨ ᠲᠠᠯᠢᠢᠭᠴᠢ ᠬᠠᠭᠠᠨ ᠤ᠋ ᠬᠠᠲᠤᠨ ᠣᠢᠷᠠᠳ ᠤ᠋ᠨ ᠬᠤᠳᠠᠭ᠎ᠠ ᠪᠡᠬᠢ ᠶ᠋ᠢᠨ ᠥᠬᠢᠨ ᠤᠭᠤᠯ ᠬᠠᠢᠮᠢᠰᠢ ᠶ᠋ᠢᠨ ᠬᠠᠳᠬᠤᠯᠭ᠎ᠠ ᠶᠠᠪᠤᠯᠭᠠ ᠪᠠᠷ᠂ ᠪᠢᠳᠡᠨ ᠦ᠌ ᠤᠳᠤᠮ ᠤᠭᠰᠠᠭᠠᠨ ᠤ᠋ ᠬᠢᠨ ᠲᠡᠢ ᠰᠦᠷᠭᠡᠯᠴᠡᠯᠳᠡᠬᠦ ᠪᠣᠳᠣᠯᠭ᠎ᠠ ᠶᠠᠪᠤᠭᠤᠯᠤᠨ᠂ ᠤᠯᠤᠰ ᠭᠦᠷᠦᠨ ᠦ᠌ ᠪᠡᠨ ᠪᠠᠢᠳᠠᠯ ᠢ᠋ ᠰᠠᠨᠠᠭᠠᠨ ᠳ᠋ᠤ᠌ ᠪᠠᠭᠲᠠᠮ᠎ᠠ ᠦᠭᠡᠢ ᠪᠡᠷ ᠰᠤᠯᠠᠷᠠᠭᠤᠯᠤᠭᠰᠠᠨ᠃ ᠶᠡᠬᠡᠰ ᠨᠣᠶᠠᠳ ᠳᠤᠷ᠎ᠠ ᠳᠤᠷ᠎ᠠ ᠪᠠᠷ ᠢ᠋ᠶ᠋ᠠᠨ ᠲᠣᠩᠭᠣᠴᠢᠭᠠᠳ᠂ ᠪᠦᠬᠦ ᠬᠡᠷᠡᠭ ᠵᠠᠳᠠᠷᠠᠨ᠂ ᠤᠯᠤᠰ ᠣᠷᠣᠨ ᠰᠦᠢᠷᠡᠯ ᠳ᠋ᠦ᠍ ᠣᠷᠣᠵᠤ ᠡᠬᠢᠯᠡᠭᠰᠡᠨ᠃ ᠲᠡᠷᠡ ᠨᠢ ᠨᠠᠳᠠᠳᠤ ᠬᠦᠷᠲᠡᠯ᠎ᠡ ᠮᠡᠳᠡᠭᠳᠡᠵᠦ ᠪᠠᠢᠯ᠎ᠠ᠃ ᠶᠡᠬᠡ ᠨᠣᠶᠠᠳ ᠤ᠋ᠨ ᠴᠤᠭᠯᠠᠭᠠᠨ ᠳᠡᠭᠡᠷ᠎ᠡ ᠪᠠᠲᠤ ᠠᠬ᠎ᠠ ᠲᠡᠷᠡ ᠪᠦᠬᠦ ᠪᠠᠢᠳᠠᠯ ᠢ᠋ ᠬᠡᠯᠡᠭᠡᠳ《ᠡᠵᠡᠨ ᠪᠣᠭᠳᠠ ᠶ᠋ᠢᠨ ᠠᠴᠢ ᠦᠷᠡᠰ ᠦ᠋ᠨ ᠳᠣᠲᠣᠷ᠎ᠠ ᠤᠯᠤᠰ ᠭᠦᠷᠦᠨ ᠢ᠋ ᠠᠪᠤᠷᠠᠵᠤ ᠴᠢᠳᠠᠬᠤ ᠬᠡᠨ ᠪᠠᠢᠨ᠎ᠠ ᠪᠣᠢ?》 ᠭᠡᠵᠦ ᠠᠰᠠᠭᠤᠯᠲᠠ ᠲᠠᠯᠪᠢᠵᠤ ᠪᠠᠢᠭᠠᠳ᠂ ᠮᠥᠩᠬᠡ ᠠᠬ᠎ᠠ ᠶ᠋ᠢ ᠣᠷᠣ ᠰᠠᠭᠤᠯᠭᠠᠨ᠎ᠠ᠂ ᠥᠭᠡᠳᠡᠢ ᠬᠠᠭᠠᠨ ᠴᠦ᠍ ᠮᠥᠩᠬᠡ ᠶ᠋ᠢ ᠣᠷᠣ ᠰᠠᠭᠤᠯᠭᠠᠨ᠎ᠠ ᠭᠡᠵᠦ ᠬᠡᠯᠡᠵᠦ ᠪᠠᠢᠭᠰᠠᠨ ᠭᠡᠰᠡᠨ ᠪᠠᠢᠳᠠᠭ᠃ ᠥᠭᠡᠳᠡᠢ ᠪᠠᠰᠠ ᠣᠮᠪᠣᠯᠣ ᠬᠦᠦ ᠰᠢᠷᠡᠮᠦᠨ ᠦ᠌ ᠨᠡᠷ᠎ᠡ ᠶ᠋ᠢ ᠴᠦ᠍ ᠭᠠᠷᠭᠠᠨ ᠲᠡᠭᠡᠬᠦ ᠳ᠋ᠦ᠍ ᠭᠤᠷᠪᠠᠨ ᠨᠣᠶᠠᠨ ᠳᠡᠮᠵᠢᠬᠦ ᠰᠠᠨᠠᠯ ᠭᠠᠷᠭᠠᠭᠰᠠᠨ ᠪᠣᠯᠪᠠᠴᠤ ᠲᠡᠳᠡ ᠤᠭ ᠰᠠᠨᠠᠭ᠎ᠠ ᠪᠠᠨ ᠵᠥᠪᠲᠡᠭᠡᠬᠦ ᠨᠤᠲᠠᠯᠠᠭ᠎ᠠ ᠭᠠᠷᠭᠠᠵᠤ ᠴᠢᠳᠠᠭ᠎ᠠ ᠦᠭᠡᠢ᠃ ᠮᠥᠩᠬᠡ ᠠᠬ᠎ᠠ ᠠᠷᠭ᠎ᠠ ᠦᠭᠡᠢ ᠴᠢᠳᠠᠯ ᠢ᠋ᠶ᠋ᠠᠷ ᠢ᠋ᠶ᠋ᠠᠨ ᠰᠢᠷᠡᠭᠡ ᠶ᠋ᠢ ᠲᠦᠰᠢᠵᠦ ᠠᠪᠤᠭᠰᠠᠨ᠃ ᠠᠬ᠎ᠠ ᠮᠢᠨᠢ ᠴᠡᠷᠢᠭ ᠲᠡᠢᠨ ᠦ᠌ ᠴᠢᠳᠠᠪᠤᠷᠢᠲᠠᠢ᠂ ᠡᠷᠳᠡᠮ ᠨᠣᠮ ᠳ᠋ᠤ᠌ ᠭᠠᠷᠭᠠᠭᠤᠳ᠂ ᠣᠳᠣ ᠭᠠᠷᠠᠭ᠂ ᠲᠣᠭᠠᠨ ᠤ᠋ ᠤᠬᠠᠭᠠᠨ ᠳ᠋ᠤ᠌ ᠴᠡᠴᠡᠨ᠂ ᠦᠭᠡ ᠬᠡᠯᠡ ᠰᠢᠯᠤᠭᠤᠨ ᠴᠢᠬᠡ᠂ ᠵᠠᠩ ᠠᠭᠠᠰᠢ ᠨᠢ ᠰᠢᠳᠤᠷᠭᠤ᠂ ᠶᠡᠷᠦ ᠨᠢ ᠦᠭᠡᠯᠡᠭᠡᠳ ᠪᠠᠢᠬᠤ ᠦ ᠪᠠᠭᠠᠲᠠᠢ ᠪᠠᠢᠯ᠎ᠠ᠃ ᠪᠠᠲᠤ ᠠᠬ᠎ᠠ ᠮᠥᠩᠬᠡ ᠠᠬ᠎ᠠ ᠶ᠋ᠢᠨ ᠡᠨᠡ ᠪᠠᠢᠳᠠᠯ ᠢ᠋ ᠲᠣᠭᠠᠴᠢᠵᠤ ᠬᠡᠯᠡᠭᠡᠳ《ᠤᠯᠤᠰ ᠭᠦᠷᠦᠨ ᠢ᠋ ᠲᠡᠷᠢᠭᠦᠯᠡᠵᠦ ᠴᠢᠳᠠᠬᠤ ᠮᠥᠩᠬᠡ ᠡᠴᠡ ᠥᠭᠡᠷ᠎ᠡ ᠰᠠᠢᠨ ᠨᠣᠶᠠᠨ ᠪᠢᠳᠡᠨ ᠦ᠌ ᠳᠣᠲᠣᠷ᠎ᠠ ᠪᠠᠢᠨ᠎ᠠ ᠤᠤ? ᠲᠠ ᠨᠠᠷ ᠲᠡᠷᠡ ᠬᠥᠮᠦᠨ ᠦ᠌ ᠨᠡᠷ᠎ᠡ ᠶ᠋ᠢ ᠭᠠᠷᠭᠠᠭᠠᠳ ᠢᠷ᠎ᠡ!》 ᠭᠡᠵᠦ ᠰᠢᠭᠤᠳᠬᠠᠨ ᠱᠠᠭᠠᠷᠳᠠᠵᠤ ᠪᠠᠢᠭᠰᠠᠨ ᠭᠡᠨ᠎ᠡ ᠪᠢᠯᠡ᠃ ᠲᠡᠭᠡᠬᠦ ᠳ᠋ᠦ᠍ ᠭᠦᠶᠦᠭ ᠬᠠᠭᠠᠨ ᠤ᠋ ᠬᠦᠦ ᠶ᠋ᠢ ᠤᠳᠤᠮ ᠤᠭᠰᠠᠭ᠎ᠠ ᠪᠠᠨ ᠪᠣᠳᠣᠨ ᠣᠷᠣ ᠰᠠᠭᠤᠯᠭᠠᠬᠤ ᠶᠣᠰᠣᠲᠠᠢ ᠭᠡᠰᠡᠨ ᠰᠠᠨᠠᠯ ᠭᠠᠷᠴᠤ ᠪᠠᠢᠭᠰᠠᠨ ᠪᠣᠯᠪᠠᠴᠤ ᠤᠯᠤᠰ ᠭᠦᠷᠦᠨ ᠢ᠋ ᠲᠡᠷᠢᠭᠦᠯᠡᠬᠦ ᠴᠢᠳᠠᠪᠤᠷᠢ ᠭᠡᠬᠦ ᠪᠡᠷ ᠬᠡᠯᠡᠬᠦ ᠦᠭᠡ ᠦᠭᠡᠢ ᠪᠣᠯᠵᠤ᠂ ᠠᠷᠭ᠎ᠠ ᠦᠭᠡᠢ ᠠᠬ᠎ᠠ ᠳᠡᠭᠡᠷ᠎ᠡ ᠲᠤᠰᠤᠭᠰᠠᠨ᠂ ᠮᠢᠨᠦ ᠠᠪᠠᠭ᠎ᠠ ᠠᠬ᠎ᠠ ᠥᠭᠡᠳᠡᠢ ᠶ᠋ᠢᠨ ᠦᠷ᠎ᠡ ᠤᠳᠤᠮ ᠠ᠋ᠴᠠ ᠲᠡᠷᠡ ᠡᠭᠡᠵᠢᠭᠲᠡᠢ ᠦᠶ᠎ᠡ ᠳ᠋ᠦ᠍ ᠬᠠᠭᠠᠨ ᠤ᠋ ᠤᠭᠰᠠᠭ᠎ᠠ ᠵᠠᠯᠭᠠᠬᠤ ᠬᠡᠨ ᠪᠠᠢᠨ᠎ᠠ ᠪᠣᠢ ᠭᠡᠵᠦ ᠳᠠᠬᠢᠨ ᠬᠡᠯᠡᠯᠴᠡᠵᠦ᠂ ᠠᠮᠠᠷ ᠦᠭᠡᠢ ᠶᠡᠬᠡ ᠵᠥᠷᠢᠴᠡᠯ ᠭᠠᠷᠴᠤ ᠪᠠᠢᠭᠰᠠᠨ᠃ ᠶᠡᠷᠦ ᠨᠢ ᠶᠠᠩᠵᠤ ᠪᠦᠷᠢ ᠶ᠋ᠢᠨ ᠭᠠᠵᠠᠷ᠂ ᠪᠦᠷ ᠨᠣᠶᠠᠳ ᠤ᠋ᠨ ᠥᠷᠥᠭᠡᠨ ᠳ᠋ᠦ᠍ ᠬᠦᠷᠲᠡᠯ᠎ᠡ ᠡᠨᠡ ᠬᠡᠷᠡᠭ ᠬᠡᠯᠡᠯᠴᠡᠭᠳᠡᠨ᠂ ᠳᠡᠭᠡᠷ᠎ᠡ ᠳᠣᠣᠷ᠎ᠠ ᠪᠠᠨ ᠶᠠᠪᠤᠳᠠᠯ ᠪᠣᠯᠤᠭᠰᠠᠨ ᠳᠠ᠃ ᠲᠡᠭᠡᠭᠡᠳ ᠶᠠᠭᠠᠬᠢᠬᠤ ᠪᠣᠢ᠃ ᠥᠭᠡᠳᠡᠢ ᠠᠬ᠎ᠠ ᠶ᠋ᠢᠨ ᠪᠠᠭ᠎ᠠ ᠬᠦᠦ ᠶ᠋ᠢ ᠴᠦ᠍ ᠣᠷᠣ ᠰᠠᠭᠤᠯᠭᠠᠨ᠎ᠠ ᠭᠡᠰᠡᠨ ᠶᠠᠷᠢᠶ᠎ᠠ ᠳᠡᠯᠭᠡᠷᠡᠵᠦ ᠪᠠᠢᠭᠰᠠᠨ᠃ ᠭᠡᠪᠡᠴᠦ ᠪᠠᠲᠤ ᠶ᠋ᠢᠨ ᠵᠣᠷᠢᠮᠠᠭ ᠰᠢᠢᠳᠪᠦᠷᠢ ᠶᠣᠰᠣᠭᠠᠷ ᠲᠡᠷᠡ ᠵᠢᠯ ᠦ᠋ᠨ ᠵᠤᠨ ᠤ᠋ ᠡᠬᠢᠨ ᠰᠠᠷ᠎ᠠ ᠪᠠᠲᠤ ᠠᠬ᠎ᠠ ᠶ᠋ᠢᠨ ᠵᠠᠷᠤᠭᠠᠯ ᠢ᠋ᠶ᠋ᠠᠷ ᠪᠡᠷᠬᠡ ᠨᠣᠶᠠᠨ ᠢᠷᠡᠵᠦ ᠲᠡᠭᠦᠨ ᠦ᠌ ᠰᠠᠨᠠᠯ ᠢ᠋ᠶ᠋ᠠᠷ ᠶᠡᠬᠡ ᠬᠤᠷᠠᠯᠳᠠᠢ ᠪᠣᠯᠤᠭᠠᠳ ᠬᠦᠴᠦᠷᠬᠡᠭ ᠴᠡᠷᠢᠭ ᠲᠦ᠍ ᠲᠦᠰᠢᠭᠯᠡᠨ ᠮᠥᠩᠬᠡ ᠠᠬ᠎ᠠ ᠶ᠋ᠢ ᠰᠢᠷᠡᠭᠡᠨ ᠳ᠋ᠦ᠍ ᠰᠠᠭᠤᠯᠭᠠᠭᠰᠠᠨ᠃ ᠲᠤᠩ ᠴᠦ᠍ ᠡᠭᠡᠵᠢᠭᠲᠡᠢ᠂ ᠶᠠᠭᠤᠮ᠎ᠠ ᠶᠠᠭᠤᠮ᠎ᠠ ᠰᠢᠷᠦᠭᠦᠨ ᠪᠠᠢᠭᠰᠠᠨ᠃ ᠠᠬ᠎ᠠ ᠴᠦ᠍ ᠰᠠᠭᠤᠳᠠᠯ ᠳ᠋ᠤ᠌ ᠰᠠᠭᠤᠮᠠᠭᠴᠠ ᠭᠠᠵᠠᠷ ᠡᠪᠳᠡᠬᠦ᠂ ᠤᠰᠤ ᠪᠤᠵᠠᠷᠳᠠᠭᠤᠯᠬᠤ ᠶ᠋ᠢ ᠴᠡᠭᠡᠷᠯᠡᠨ ᠠᠩ ᠠᠪᠠ ᠳ᠋ᠤ᠌ ᠭᠠᠷᠴᠤ ᠪᠣᠯᠬᠤ ᠦᠭᠡᠢ ᠭᠡᠵᠦ ᠵᠠᠷᠯᠠᠭᠰᠠᠨ᠃ ᠬᠠᠷᠢ ᠭᠦᠷᠦᠨ ᠡᠴᠡ ᠬᠡᠳᠦᠨ ᠮᠢᠩᠭᠠᠨ ᠨᠣᠶᠠᠨ ᠢᠷᠡᠵᠦ ᠣᠷᠣᠯᠴᠠᠨ᠂ ᠭᠠᠢᠬᠠᠵᠤ ᠬᠠᠨᠤᠰᠢ ᠦᠭᠡᠢ ᠬᠥᠯ ᠪᠣᠯᠵᠤ ᠪᠢᠯᠡ᠃
ᠠᠬ᠎ᠠ ᠮᠠᠨᠢ ᠬᠠᠭᠠᠨ ᠪᠣᠯᠣᠮᠠᠭᠴᠠ ᠪᠠᠨ ᠯᠠ ᠤᠯᠤᠰ ᠣᠷᠣᠨ ᠢ᠋ᠶ᠋ᠠᠨ ᠡᠮᠬᠢᠯᠡᠨ ᠴᠡᠭᠴᠡᠯᠡᠵᠦ ᠥᠭᠡᠳᠡ ᠨᠢ ᠲᠠᠲᠠᠬᠤ ᠬᠡᠷᠡᠭ ᠢ᠋ ᠰᠢᠭᠤᠳ ᠭᠠᠷᠳᠠᠨ ᠶᠠᠪᠤᠭᠤᠯᠵᠤ᠂ ᠵᠠᠷᠯᠢᠭ ᠤ᠋ᠳ ᠭᠠᠷᠭᠠᠭᠠᠳ ᠶᠠᠩᠵᠤ ᠪᠦᠷᠢ ᠶ᠋ᠢᠨ ᠬᠤᠷᠠᠯᠲᠠᠢ ᠨᠤᠭᠤᠳ ᠬᠢᠯᠭᠡᠨ᠂ ᠥᠪᠡᠷ ᠦ᠋ᠨ ᠰᠢᠢᠳ ᠢ᠋ ᠭᠦᠢᠴᠡᠯᠳᠦᠭᠦᠯᠬᠦ ᠬᠡᠷᠡᠭ ᠢ᠋ ᠳᠡᠭᠳᠡᠭᠡᠭᠰᠡᠨ᠃ ᠠᠩᠬᠠᠨ ᠳ᠋ᠤ᠌ ᠪᠠᠨ ᠵᠠᠷᠢᠮ ᠨᠣᠶᠠᠨ ᠬᠠᠭᠠᠨ ᠠᠬ᠎ᠠ ᠶ᠋ᠢᠨ ᠵᠠᠷᠯᠢᠭ ᠢ᠋ ᠦᠯᠦ ᠲᠣᠭᠣᠬᠤ ᠴᠢᠷᠠᠢ ᠭᠠᠷᠭᠠᠵᠤ ᠪᠠᠢᠭᠰᠠᠨ ᠢ᠋ᠶ᠋ᠠᠨ᠂ ᠰᠡᠭᠦᠯ ᠳ᠋ᠦ᠍ ᠪᠡᠨ ᠬᠦᠴᠦᠨ ᠳ᠋ᠦ᠍ ᠳᠠᠷᠤᠭᠳᠠᠨ ᠱᠠᠯᠴᠢᠭᠠᠳ ᠥᠭᠭᠦᠭᠰᠡᠨ ᠳᠡ᠃ ᠲᠡᠭᠡᠭᠡᠳ ᠠᠬ᠎ᠠ ᠶᠠᠭᠤ ᠬᠢᠯ᠎ᠡ? ᠭᠡᠮᠡᠨ ᠬᠤᠪᠢᠯᠠᠢ ᠪᠣᠳᠣᠭᠰᠠᠭᠠᠷ᠂ ᠥᠪᠡᠷ ᠲᠦ᠍ ᠪᠡᠨ ᠶᠠᠷᠢᠭᠰᠠᠭᠠᠷ᠂ ᠭᠦᠨ ᠪᠣᠳᠣᠯ ᠳ᠋ᠤ᠌ ᠳᠠᠷᠤᠭᠳᠠᠨ ᠰᠠᠭᠤᠪᠠ᠃
ᠲᠡᠭᠦᠨ ᠦ᠌ ᠠᠰᠠᠷ ᠲᠤ ᠵᠣᠣ ᠣᠪᠣᠭᠲᠤ᠂ ᠯᠢᠦ ᠣᠪᠣᠭᠲᠤ ᠨᠠᠷ ᠪᠠᠢᠲᠤᠭᠠᠢ ᠯᠣᠯᠣᠢ ᠠᠪᠠᠭᠠᠢ ᠴᠦ᠍ ᠰᠢᠭᠤᠳ ᠣᠷᠣᠵᠤ ᠴᠢᠳᠠᠬᠤ ᠦᠭᠡᠢ᠂ ᠶᠡᠷᠦᠩᠬᠡᠢ ᠵᠠᠬᠢᠷᠤᠭᠴᠢ ᠶ᠋ᠢ ᠠᠬ᠎ᠠ ᠶ᠋ᠢᠨ ᠢ᠋ᠶ᠋ᠡᠨ ᠲᠥᠯᠥᠭᠡ ᠡᠮᠭᠡᠨᠢᠨ ᠭᠠᠰᠢᠭᠤᠳᠠᠵᠤ᠂ ᠰᠡᠳᠬᠢᠯ ᠰᠠᠨᠠᠭᠠᠨ ᠤ᠋ ᠬᠦᠨᠳᠦ ᠪᠠᠢᠳᠠᠯ ᠳ᠋ᠤ᠌ ᠪᠠᠢᠭ᠎ᠠ ᠭᠡᠮᠡᠨ ᠪᠣᠳᠣᠨ᠂ ᠳᠥᠯᠥᠭᠰᠡᠭᠡᠷ ᠪᠠᠢᠪᠠ᠃
— ᠲᠡᠢᠮᠦ ᠠ᠋᠃ ᠮᠥᠩᠬᠡ ᠠᠬ᠎ᠠ ᠰᠡᠮᠡᠨ ᠦ᠌ ᠪᠥᠬᠡ ᠶ᠋ᠢ ᠬᠦᠨᠳᠦᠯᠡᠨ᠂ ᠲᠡᠭᠦᠨ ᠦ᠌ ᠰᠢᠪᠰᠢᠯᠭᠡ᠂ ᠠᠢᠯᠠᠳᠪᠤᠷᠢ ᠶ᠋ᠢ ᠳᠠᠭᠠᠳᠠᠭ᠃ ᠠᠩ ᠳ᠋ᠤ᠌ ᠳᠤᠷᠠᠲᠠᠢ᠂ ᠬᠠᠶᠠ ᠠᠪᠠ ᠬᠣᠮᠣᠷᠭ᠎ᠠ ᠶᠠᠪᠤᠭᠤᠯᠳᠠᠭ ᠵᠢᠩᠬᠢᠨᠢ ᠮᠣᠩᠭᠣᠯ ᠪᠠᠢᠳᠠᠯ ᠢ᠋ᠶ᠋ᠠᠷ ᠢ᠋ᠶ᠋ᠠᠨ ᠥᠪᠡᠷ ᠢ᠋ ᠪᠡᠨ ᠪᠠᠢᠯᠭᠠᠳᠠᠭ ᠪᠠᠢᠭᠰᠠᠨ᠃ ᠲᠡᠷᠡ ᠪᠡᠷ ᠤᠯᠤᠰ ᠢ᠋ᠶ᠋ᠠᠨ ᠰᠡᠷᠭᠦᠭᠡᠨ ᠪᠣᠭᠳᠠ ᠡᠵᠡᠨ ᠡᠪᠦᠭᠡ ᠶ᠋ᠢᠨ ᠡᠮᠬᠢᠯᠡᠵᠦ ᠪᠤᠰᠬᠠᠭᠰᠠᠨ ᠤᠯᠤᠰ ᠭᠦᠷᠦᠨ ᠢ᠋ ᠬᠡᠪ ᠢ᠋ᠶ᠋ᠡᠷ ᠰᠠᠬᠢᠬᠤ ᠭᠡᠵᠦ ᠵᠢᠳᠬᠦᠭᠰᠡᠨ᠃ ᠲᠡᠭᠡᠭᠡᠳ ᠶᠠᠭᠤ ᠬᠢᠯ᠎ᠡ? ᠲᠣᠭᠠᠴᠢᠵᠤ ᠪᠠᠷᠠᠰᠢ ᠦᠭᠡᠢ ᠶᠡᠬᠡ ᠶᠠᠭᠤᠮ᠎ᠠ ᠪᠣᠢ ᠳᠠ᠃ ᠭᠠᠵᠠᠷ ᠪᠦᠷᠢ ᠶ᠋ᠢᠨ ᠨᠣᠶᠠᠳ ᠳᠤᠷ᠎ᠠ ᠵᠣᠷᠢᠭ ᠢ᠋ᠶ᠋ᠠᠷ ᠢ᠋ᠶ᠋ᠠᠨ ᠠᠪᠤᠷᠢᠯᠠᠨ ᠡᠮᠬᠢ ᠵᠢᠷᠤᠮ ᠦᠭᠡᠢ ᠪᠠᠢᠳᠠᠯ ᠨᠣᠶᠠᠯᠠᠵᠤ ᠢᠷᠡᠭᠰᠡᠨ ᠢ᠋ ᠠᠬ᠎ᠠ ᠡᠬᠢᠯᠡᠭᠡᠳ ᠡᠪᠳᠡᠬᠦ ᠭᠡᠵᠦ ᠵᠢᠳᠬᠦᠭᠰᠡᠨ᠃ ᠲᠡᠭᠦᠨ ᠢ᠋ ᠪᠡᠨ ᠴᠢᠳᠠᠭᠰᠠᠨ ᠴᠦ᠍᠂ ᠬᠠᠭᠠᠨ ᠳ᠋ᠤ᠌ ᠦᠯᠦ ᠵᠠᠬᠢᠷᠤᠭᠳᠠᠬᠤ ᠬᠠᠨᠳᠤᠯᠭ᠎ᠠ ᠭᠠᠷᠭᠠᠭᠰᠠᠨ ᠨᠣᠶᠠᠳ ᠢ᠋ ᠠᠬ᠎ᠠ ᠴᠠᠭᠠᠵᠠᠯᠠᠬᠤ᠂ ᠭᠠᠳᠠᠭᠰᠢ ᠶᠠᠪᠤᠭᠤᠯᠤᠨ ᠨᠤᠲᠤᠭ ᠵᠢᠭᠠᠵᠤ ᠰᠠᠭᠤᠯᠭᠠᠬᠤ᠂ ᠶᠡᠬᠡ ᠲᠣᠷᠭᠠᠭᠤᠯᠢ ᠨᠣᠭᠳᠠᠭᠤᠯᠬᠤ ᠪᠣᠯᠤᠭᠰᠠᠨ᠂ ᠲᠡᠷᠡ ᠪᠦᠬᠦᠨ ᠢ᠋ᠶ᠋ᠡᠨ ᠴᠡᠷᠢᠭ ᠦ᠋ᠨ ᠬᠦᠴᠦ ᠪᠡᠷ ᠬᠢᠵᠦ ᠪᠠᠢᠭᠰᠠᠨ᠃ ᠬᠠᠭᠠᠨ ᠤ᠋ ᠣᠷᠳᠣᠨ ᠢ᠋ ᠴᠡᠪᠡᠷᠯᠡᠨ᠂ ᠳᠡᠷᠭᠡᠳᠡ ᠪᠡᠨ ᠴᠢᠩ ᠦᠨᠡᠨᠴᠢ ᠬᠥᠮᠦᠰ ᠢ᠋ ᠰᠣᠩᠭᠣᠨ ᠠᠪᠴᠤ ᠬᠡᠷᠡᠭ ᠡᠭᠦᠷᠦᠭᠦᠯᠦᠭᠰᠡᠨ᠃ ᠮᠥᠨ ᠴᠦ᠍ ᠰᠢᠢᠳᠮᠡᠭᠡᠢ ᠪᠡᠷ ᠦᠢᠯᠡ ᠪᠡᠨ ᠶᠠᠪᠤᠭᠤᠯᠤᠭᠰᠠᠨ ᠳᠠ᠃ ᠡᠨᠡ ᠤᠬᠠᠭᠠᠨ ᠬᠠᠮᠢᠭ᠎ᠠ ᠠ᠋ᠴᠠ ᠭᠠᠷᠤᠭᠠᠳ ᠢᠷᠡᠪᠡ ᠭᠡᠮᠡᠷ ᠪᠠᠢᠵᠤ ᠪᠢᠯᠡ᠃ ᠮᠠᠰᠢ ᠵᠢᠷᠤᠮ ᠦᠭᠡᠢ᠂ ᠳᠤᠷ᠎ᠠ ᠵᠣᠷᠢᠭ ᠢ᠋ᠶ᠋ᠠᠷ ᠢ᠋ᠶ᠋ᠠᠨ ᠠᠪᠤᠷᠢᠯᠠᠵᠤ ᠪᠠᠢᠬᠤ ᠭᠡᠰᠡᠨ ᠰᠠᠨᠠᠭᠠᠷᠬᠠᠯ ᠤ᠋ᠳ ᠢ᠋ ᠠᠬ᠎ᠠ ᠲᠠᠰᠤ ᠴᠣᠬᠢᠨ ᠡᠪᠳᠡᠵᠦ᠂ ᠤᠯᠤᠰ ᠢ᠋ᠶ᠋ᠠᠨ ᠰᠢᠨᠡᠴᠢᠯᠡᠬᠦ ᠶ᠋ᠢ ᠡᠬᠢᠯᠡᠭᠡᠳ ᠵᠣᠷᠢᠭᠰᠠᠨ᠃ ᠲᠦᠰᠢᠮᠡᠳ ᠥᠪᠡᠷᠰᠡᠳ ᠦ᠋ᠨ ᠳᠤᠷ᠎ᠠ ᠪᠠᠷ ᠠᠯᠪᠠ ᠠᠪᠳᠠᠭ ᠢ᠋ ᠴᠠᠭᠠᠵᠠᠯᠠᠭᠰᠠᠨ᠂ ᠨᠣᠶᠠᠳ ᠲᠤᠰ ᠪᠦᠷᠢ ᠥᠪᠡᠷᠰᠡᠳ ᠦ᠋ᠨ ᠥᠮᠴᠢ ᠶ᠋ᠢᠨ ᠭᠠᠵᠠᠷ ᠲᠠᠢ ᠪᠠᠢᠬᠤ ᠡᠷᠡᠮᠡᠯᠵᠡᠯ ᠢ᠋ ᠲᠠᠰᠤᠯᠠᠨ ᠵᠣᠭᠰᠣᠭᠠᠪᠠ᠃ ᠮᠥᠨ ᠴᠦ᠍ ᠶᠡᠬᠡ ᠡᠰᠡᠷᠭᠦᠴᠡᠯ ᠦ᠋ᠳ ᠭᠠᠷᠤᠭᠰᠠᠨ ᠳᠠ᠃ ᠠᠬ᠎ᠠ ᠡᠳᠦᠷ ᠰᠥᠨᠢ ᠂ ᠥᠷᠯᠥᠭᠡ ᠣᠷᠣᠢ ᠦᠭᠡᠢ ᠦᠢᠯᠡ ᠬᠡᠷᠡᠭ ᠢ᠋ᠶ᠋ᠡᠨ ᠬᠥᠭᠡᠭᠡᠴᠡᠯᠳᠦᠨ ᠬᠠᠭᠠᠨ ᠶᠠᠮᠠᠷ ᠡᠷᠬᠡ ᠶ᠋ᠢ᠂ ᠶᠠᠭᠠᠬᠢᠵᠤ ᠡᠳ᠋ᠯᠡᠬᠦ ᠶᠣᠰᠣᠲᠠᠢ ᠶ᠋ᠢ ᠦᠵᠡᠭᠦᠯᠦᠭᠰᠡᠨ᠁ ᠭᠡᠮᠡᠨ ᠶᠡᠷᠦᠩᠬᠡᠢ ᠵᠠᠬᠢᠷᠤᠭᠴᠢ ᠥᠭᠦᠯᠡᠵᠦ ᠰᠠᠭᠤᠭᠰᠠᠨ ᠢ᠋ᠶ᠋ᠠᠨ ᠪᠣᠰᠴᠤ᠂ ᠰᠢᠪᠡᠭᠴᠢᠨ ᠢ᠋ᠶ᠋ᠡᠨ ᠴᠠᠢ ᠠᠪᠴᠢᠷᠠ ᠭᠡᠯᠡ᠃
ᠬᠤᠪᠢᠯᠠᠢ ᠰᠢᠩᠭᠡᠨ ᠶᠠᠭᠤᠮ᠎ᠠ ᠤᠤᠭᠤᠬᠤ ᠳᠤᠷᠠᠲᠠᠢ᠂ ᠬᠠᠯᠠᠭᠤᠨ ᠠᠭᠠᠷ ᠲᠤ ᠠᠮᠠ ᠨᠢ ᠴᠠᠩᠭᠠᠭᠠᠳ ᠪᠠᠢᠳᠠᠭ ᠪᠣᠯᠤᠯᠲᠠᠢ᠃ ᠲᠡᠭᠡᠭᠡᠳ ᠽᠠᠨᠳᠠᠨ ᠴᠠᠢ᠂ ᠵᠢᠮᠢᠰ ᠦ᠋ᠨ ᠰᠢᠭᠦᠰᠦ ᠲᠡᠢ ᠬᠣᠯᠢᠨ ᠤᠤᠭᠤᠵᠤ ᠪᠠᠢᠬᠤ ᠲᠠᠭᠠᠯᠠᠯᠲᠠᠢ ᠪᠠᠢᠳᠠᠭ᠃ ᠲᠡᠢᠮᠦ ᠤᠮᠳᠠᠭ᠎ᠠ ᠴᠦ᠍ ᠳᠡᠷᠭᠡᠳᠡ ᠨᠢ ᠪᠡᠯᠡᠨ ᠵᠡᠬᠡᠭᠡᠰᠦᠲᠡᠢ ᠪᠠᠢᠨ᠎ᠠ᠃ ᠥᠷᠯᠥᠭᠡ ᠨᠢ ᠰᠦ ᠲᠡᠢ ᠴᠠᠢ ᠬᠥᠭᠡᠷᠴᠦᠭᠳᠡᠭᠦᠯᠵᠦ ᠤᠤᠭᠤᠨ᠂ ᠢᠩᠭᠢᠬᠦ ᠵᠠᠪᠰᠠᠷ ᠢ᠋ᠶ᠋ᠠᠨ ᠬᠤᠪᠢᠯᠠᠢ ᠬᠠᠭᠠᠨ ᠤ᠋ ᠪᠠᠨ ᠦᠢᠯᠡ ᠶ᠋ᠢ ᠠᠮᠠᠨ ᠳᠣᠲᠣᠷ᠎ᠠ ᠪᠠᠨ ᠲᠣᠭᠠᠴᠢᠭᠰᠠᠭᠠᠷ ᠪᠠᠢᠪᠠ᠃ ᠴᠠᠭᠠᠲᠠᠢ ᠠᠬ᠎ᠠ ᠶ᠋ᠢᠨ ᠬᠦᠦ ᠭᠡᠵᠦ ᠨᠢᠭᠡ ᠲᠣᠮᠣ ᠠᠮᠢᠲᠠᠨ ᠭᠦᠶᠦᠭ ᠬᠠᠭᠠᠨ ᠤ᠋ ᠬᠠᠲᠤᠨ ᠤ᠋ ᠳᠡᠮᠵᠢᠯᠭᠡ ᠪᠡᠷ ᠭᠠᠷᠴᠤ ᠢᠷᠡᠵᠦ᠂ ᠤᠯᠤᠰ ᠤ᠋ᠨ ᠡᠷᠬᠡ ᠶ᠋ᠢ ᠮᠡᠳᠡᠯᠴᠡᠵᠦ ᠪᠠᠢᠬᠤ ᠰᠠᠨᠠᠭᠠᠲᠠᠢ ᠪᠣᠯᠤᠯ᠎ᠠ᠃ ᠥᠭᠡᠷ᠎ᠡ ᠪᠤᠰᠤᠳ ᠨᠣᠶᠠᠨ ᠠᠬ᠎ᠠ ᠳ᠋ᠤ᠌ ᠵᠠᠬᠢᠷᠤᠭᠳᠠᠬᠤ ᠦᠭᠡᠢ ᠪᠠᠢᠬᠤ ᠭᠡᠵᠦ ᠬᠡᠰᠡᠭ ᠵᠠᠭᠤᠷ᠎ᠠ ᠲᠡᠰᠢᠶ᠎ᠡ ᠲᠤᠯᠤᠨ ᠵᠣᠭᠰᠣᠵᠤ ᠪᠠᠢᠪᠠ᠃《ᠪᠢ ᠤᠯᠤᠰ ᠢ᠋ ᠪᠤᠲᠠᠷᠠᠭᠠᠬᠤ ᠡᠷᠬᠡ ᠦᠭᠡᠢ᠃ ᠡᠪᠦᠭᠡᠨ ᠠᠪᠤ ᠶ᠋ᠢᠨ ᠵᠠᠬᠢᠶᠠᠰᠤ ᠪᠣᠯᠤᠭᠰᠠᠨ〈ᠠᠬᠤᠢ ᠲᠥᠷᠥ ᠮᠢᠨᠢ ᠪᠦᠦ ᠠᠯᠳᠠᠷᠠᠲᠤᠭᠠᠢ〉 ᠭᠡᠳᠡᠭ ᠦᠭᠡ ᠶ᠋ᠢ ᠲᠠ ᠨᠠᠷ ᠬᠡᠯᠡᠬᠦ ᠳᠤᠷᠠᠲᠠᠢ ᠪᠢᠰᠢ ᠤᠤ᠃ ᠲᠡᠭᠡᠭᠡᠳ ᠤᠯᠤᠰ ᠭᠦᠷᠦᠨ ᠢ᠋ᠶ᠋ᠡᠨ ᠡᠮᠬᠢ ᠴᠡᠭᠴᠡᠲᠡᠢ ᠪᠠᠢᠯᠭᠠᠬᠤ ᠭᠡᠬᠦ ᠳ᠋ᠦ᠍ ᠲᠠ ᠨᠠᠷ ᠬᠡᠷᠡᠭ ᠢ᠋ ᠦᠯᠦ ᠲᠠᠭᠠᠰᠢᠶᠠᠬᠤ ᠪᠠᠢᠳᠠᠯ ᠭᠠᠷᠭᠠᠭᠠᠳ ᠶᠠᠪᠤᠭ᠎ᠠ ᠶ᠋ᠢ ᠪᠢ ᠲᠡᠰᠪᠦᠷᠢᠯᠡᠨ ᠰᠠᠭᠤᠬᠤ ᠡᠷᠬᠡ ᠦᠭᠡᠢ》 ᠭᠡᠵᠦ ᠬᠡᠯᠡᠭᠡᠳ᠂ ᠴᠡᠷᠢᠭ ᠦ᠋ᠨ ᠬᠦᠴᠦ ᠪᠡᠷ ᠲᠡᠷᠰᠬᠦᠳ ᠠᠪᠤᠷᠢ ᠭᠠᠷᠭᠠᠭᠰᠠᠳ ᠢ᠋ ᠪᠠᠵᠠᠵᠤ ᠡᠬᠢᠯᠡᠭᠰᠡᠨ᠃ ᠥᠭᠡᠳᠡ ᠡᠴᠡ ᠪᠡᠨ ᠰᠦᠷᠭᠦᠯᠳᠦᠬᠦ ᠶ᠋ᠢ ᠤᠯᠤᠰ ᠤ᠋ᠨ ᠡᠰᠡᠷᠭᠦ ᠭᠡᠮᠲᠡᠨ ᠭᠡᠵᠦ ᠵᠠᠷᠯᠠᠨ᠂ ᠲᠡᠭᠡᠭᠰᠡᠨ ᠡᠲᠡᠭᠡᠳ ᠢ᠋ ᠴᠠᠭᠠᠵᠠᠯᠠᠬᠤ᠂ ᠬᠣᠷᠣᠭᠠᠬᠤ᠂ ᠨᠤᠲᠤᠭ ᠵᠢᠭᠠᠨ ᠠᠯᠤᠰ ᠭᠠᠵᠠᠷ ᠲᠤ ᠨᠡᠭᠦᠯᠭᠡᠬᠦ ᠪᠣᠯᠤᠭᠰᠠᠨ᠃ ᠳᠠᠯᠠᠨ ᠳᠣᠯᠣᠭᠠᠨ ᠨᠣᠶᠠᠨ ᠢ᠋ ᠴᠠᠭᠠᠵᠠᠯᠠᠭᠠᠳ ᠨᠢᠭᠡ ᠪᠦᠲᠦᠨ ᠵᠢᠯ ᠬᠠᠭᠠᠰ ᠤ᠋ᠨ ᠳᠣᠲᠣᠷ᠎ᠠ ᠶᠠᠭᠤᠮ᠎ᠠ ᠶᠠᠭᠤᠮ᠎ᠠ ᠠᠬ᠎ᠠ ᠶ᠋ᠢᠨ ᠭᠠᠷ ᠲᠤ ᠪᠠᠵᠠᠭᠳᠠᠬᠤ ᠶᠠᠩᠵᠤᠲᠠᠢ ᠪᠣᠯᠵᠤ ᠡᠬᠢᠯᠡᠭᠰᠡᠨ᠃ ᠠᠬ᠎ᠠ ᠡᠬᠢᠯᠡᠭᠡᠳ ᠬᠠᠷᠠᠬᠣᠷᠣᠮ ᠤ᠋ᠨ ᠵᠠᠬᠢᠷᠤᠭᠴᠢ ᠶ᠋ᠢ ᠪᠣᠢ ᠪᠣᠯᠭᠠᠨ ᠤᠤᠭᠠᠯ ᠨᠤᠲᠤᠭ ᠢ᠋ᠶ᠋ᠠᠨ ᠬᠠᠲᠠᠭᠤ ᠵᠠᠬᠢᠷᠭᠠᠨ ᠳ᠋ᠤ᠌ ᠣᠷᠣᠭᠤᠯᠤᠭᠰᠠᠨ᠃ ᠪᠠᠷᠠᠭᠤᠨ᠂ ᠵᠡᠭᠦᠨ ᠬᠣᠶᠠᠷ ᠭᠠᠷ ᠤ᠋ᠨ ᠵᠠᠬᠢᠷᠤᠭᠴᠢ ᠶ᠋ᠢ ᠲᠣᠮᠢᠯᠠᠭᠰᠠᠨ᠃ ᠪᠢ ᠲᠡᠷᠡ ᠬᠡᠷᠡᠭ ᠦ᠋ᠨ ᠦᠷᠭᠦᠯᠵᠢᠯᠡᠯ ᠪᠣᠯᠬᠤ ᠵᠠᠷᠯᠢᠭ ᠢ᠋ᠶ᠋ᠠᠷ ᠡᠨᠡ ᠭᠠᠵᠠᠷ ᠤ᠋ᠨ ᠵᠠᠬᠢᠷᠤᠭᠴᠢ ᠪᠣᠯᠪᠠ ᠳᠠ᠃ ᠲᠡᠭᠡᠭᠡᠳ ᠪᠢ ᠣᠳᠣ ᠶᠠᠭᠠᠬᠢᠬᠤ ᠶᠣᠰᠣᠲᠠᠢ ᠪᠣᠢ? ᠭᠡᠵᠦ ᠬᠤᠪᠢᠯᠠᠢ ᠥᠪᠡᠷ ᠡᠴᠡ ᠪᠡᠨ ᠠᠰᠠᠭᠤᠭᠠᠳ ᠤᠷᠲᠤ ᠬᠠᠨᠴᠤᠢ ᠲᠠᠢ ᠳᠡᠪᠡᠯ ᠢ᠋ᠶ᠋ᠡᠨ ᠡᠮᠦᠰᠦᠨ᠂ ᠶᠣᠰᠣ ᠳᠥᠷᠦᠲᠡᠢ ᠪᠠᠢᠳᠠᠯ ᠢ᠋ᠶ᠋ᠠᠷ ᠠᠰᠷ ᠠ᠋ᠴᠠ ᠭᠠᠷᠴᠤ ᠢᠷᠡᠪᠡ᠃
ᠶᠡᠬᠡ ᠠᠰᠠᠷ ᠤ᠋ᠨ ᠳᠡᠷᠭᠡᠳᠡ ᠰᠢᠳᠠᠷ ᠲᠦᠰᠢᠮᠡᠳ᠂ ᠬᠢᠲᠠᠳ ᠪᠠᠭᠰᠢ᠂ ᠵᠥᠪᠯᠡᠭᠴᠢ ᠡᠷᠳᠡᠮᠲᠡᠳ ᠥᠭᠡᠳᠡ ᠪᠣᠯᠤᠭᠴᠢ ᠬᠠᠭᠠᠨ ᠤ᠋ ᠳᠤᠷᠠᠰᠬᠠᠯ ᠳ᠋ᠤ᠌ ᠵᠣᠷᠢᠭᠤᠯᠤᠨ ᠶᠠᠭᠤ ᠬᠢᠬᠦ᠂ ᠶᠡᠷᠦᠩᠬᠡᠢ ᠵᠠᠬᠢᠷᠤᠭᠴᠢ ᠶ᠋ᠢᠨ ᠭᠠᠵᠠᠷ ᠶᠠᠭᠠᠬᠢᠪᠠᠯ ᠵᠣᠬᠢᠬᠤ ᠲᠤᠬᠠᠢ ᠰᠢᠢᠳ ᠬᠦᠯᠢᠶᠡᠭᠰᠡᠨ ᠶᠠᠩᠵᠤᠲᠠᠢ ᠵᠣᠭᠰᠣᠵᠠᠭᠠᠵᠤ᠂ ᠵᠠᠷᠢᠮ ᠨᠢ ᠲᠣᠯᠣᠭᠠᠢ ᠭᠣᠳᠣᠢᠨ ᠡᠮᠭᠡᠨᠢᠭᠰᠡᠨ ᠪᠠᠢᠳᠠᠯᠲᠠᠢ ᠪᠠᠢᠯ᠎ᠠ᠃
ᠬᠤᠪᠢᠯᠠᠢ ᠴᠦ᠍ ᠲᠡᠳᠡᠭᠡᠷ ᠬᠥᠮᠦᠰ ᠦ᠋ᠨ ᠢ᠋ᠶ᠋ᠡᠨ ᠨᠢᠭᠤᠷ ᠢ᠋ ᠬᠠᠷᠠᠬᠤ ᠳ᠋ᠤ᠌ ᠡᠪ ᠦᠭᠡᠢ ᠪᠠᠢᠪᠠ᠃ ᠲᠡᠷᠡ ᠪᠡᠷ ᠲᠦᠰᠢᠮᠡᠳ ᠦ᠋ᠨ ᠡᠮᠦᠨ᠎ᠡ ᠬᠡᠰᠡᠭ ᠵᠠᠭᠤᠷ᠎ᠠ ᠳᠠᠭᠤ ᠦᠭᠡᠢ ᠵᠣᠭᠰᠣᠭᠰᠠᠨ ᠢ᠋ᠶ᠋ᠠᠨ ᠰᠠᠶᠢ ᠬᠡᠯᠡ ᠴᠢᠮᠡᠭᠡ ᠠᠪᠴᠤ ᠢᠷᠡᠭᠰᠡᠨ ᠬᠦᠯᠦᠭ ᠦ᠋ᠨ ᠳᠡᠭᠦᠦ᠂ ᠥᠪᠡᠷ ᠦ᠋ᠨ ᠰᠢᠳᠠᠷ ᠲᠦᠰᠢᠮᠡᠯ ᠪᠢᠯᠢᠭᠦᠨ ᠢ᠋ ᠬᠠᠷᠠᠭᠠᠳ ᠪᠠᠯᠠᠮᠠᠭᠳᠠᠭᠰᠠᠨ ᠰᠡᠳᠬᠢᠯ ᠳ᠋ᠦ᠍ ᠨᠢ ᠨᠢᠭᠡ ᠵᠦᠢᠯ ᠪᠠᠭᠤᠨ᠂ ᠲᠡᠳᠡᠨ ᠢ᠋ ᠳᠠᠭᠤᠳᠠᠵᠤ ᠳᠡᠷᠭᠡᠳᠡ ᠪᠡᠨ ᠢᠷᠡᠭᠦᠯᠦᠨ ᠭᠥᠯᠢᠢᠵᠦ ᠭᠠᠢᠬᠠᠭᠰᠠᠨ ᠴᠢᠷᠠᠢ ᠪᠠᠷ ᠬᠠᠷᠠᠵᠤ ᠪᠠᠢᠭᠰᠠᠨ ᠢ᠋ᠶ᠋ᠠᠨ ᠤᠷᠲᠤ ᠪᠠᠷ ᠠᠮᠢᠰᠬᠤᠯᠠᠵᠤ᠄
— ᠴᠢ ᠶᠠᠪᠤ! ᠬᠦᠯᠦᠭ ᠠᠬ᠎ᠠ ᠪᠠᠷ ᠢ᠋ᠶ᠋ᠠᠨ ᠭᠠᠵᠠᠷ ᠵᠢᠭᠠᠯᠭᠠᠭᠠᠷᠠᠢ! ᠠᠬ᠎ᠠ ᠶ᠋ᠢᠨ ᠱᠠᠷᠢᠯ ᠢ᠋ ᠶᠠᠭᠠᠬᠢᠬᠤ ᠭᠡᠵᠦ ᠪᠣᠢ᠃ ᠶᠡᠷᠦ ᠬᠥᠮᠦᠰ ᠶᠠᠭᠤ ᠶᠠᠷᠢᠵᠤ ᠪᠠᠢᠨ᠎ᠠ ᠪᠣᠢ! ᠲᠡᠷᠡ ᠪᠦᠬᠦᠨ ᠢ᠋ ᠠᠵᠢᠵᠤ ᠮᠡᠳᠡ! ᠨᠠᠮᠠᠶ᠋ᠢ ᠡᠮᠭᠡᠨᠢᠯ ᠢᠯᠡᠷᠬᠡᠢᠯᠡᠨ ᠵᠠᠷᠤᠵᠤ ᠢᠷᠡᠭᠦᠯᠦᠭᠰᠡᠨ ᠭᠡᠵᠦ ᠰᠢᠳᠠᠷ ᠨᠣᠶᠠᠳ ᠲᠤ ᠠᠢᠯᠠᠳᠬᠠᠬᠤ ᠪᠢᠵᠡ᠃ ᠪᠢ ᠡᠨᠳᠡᠬᠢ ᠬᠡᠷᠡᠭ ᠢ᠋ᠶ᠋ᠡᠨ ᠴᠡᠭᠴᠡᠯᠡᠵᠦ ᠠᠪᠤᠭᠠᠳ ᠬᠠᠷᠠᠬᠣᠷᠣᠮ ᠳ᠋ᠤ᠌ ᠡᠨᠳᠡ ᠡᠴᠡ ᠰᠢᠭᠤᠳ ᠣᠴᠢᠨ᠎ᠠ᠃ ᠴᠢ ᠡᠨᠳᠡ ᠪᠡᠨ ᠬᠣᠭᠣᠯᠠᠯᠠᠵᠤ ᠠᠪᠤᠭᠠᠳ ᠰᠠᠢᠨ ᠮᠣᠷᠢ ᠬᠣᠣᠰᠯᠠᠵᠤ ᠤᠨᠤᠭᠠᠳ ᠬᠤᠷᠳᠤᠨ ᠶᠠᠪᠤ! ᠪᠠᠰᠠ ᠪᠠᠭ᠎ᠠ ᠳᠠᠭᠠᠭᠠᠮᠠᠯ ᠤ᠋ᠳ ᠠ᠋ᠴᠠ ᠲᠠᠪᠤ ᠶ᠋ᠢ ᠳᠠᠭᠠᠭᠤᠯ! ᠭᠡᠵᠦ ᠲᠤᠰᠢᠶᠠᠩᠭᠤᠢ ᠪᠠᠷ ᠬᠡᠯᠡᠯ᠎ᠡ᠃
ᠥᠨᠳᠥᠷᠬᠡᠨ ᠨᠢᠷᠤᠭᠤᠲᠠᠢ᠂ ᠬᠥᠬᠥᠯ ᠭᠡᠵᠢᠭᠡᠲᠡᠢ ᠪᠢᠯᠢᠭᠦᠨ ᠲᠦᠰᠢᠮᠡᠯ ᠪᠥᠬᠥᠢᠨ ᠶᠣᠰᠣ ᠬᠢᠵᠦ ᠵᠠᠬᠢᠷᠤᠭᠴᠢ ᠶ᠋ᠢᠨ ᠵᠢᠭᠠᠯᠲᠠ ᠶ᠋ᠢ ᠪᠡᠶᠡᠯᠡᠭᠦᠯᠬᠦ ᠪᠡᠷ ᠶᠠᠪᠤᠬᠤ ᠭᠡᠬᠦ ᠳ᠋ᠦ᠍ ᠨᠢ᠂
ᠬᠤᠪᠢᠯᠠᠢ ᠬᠤᠷᠤᠭᠤ ᠪᠠᠷ ᠢ᠋ᠶ᠋ᠠᠨ ᠳᠠᠯᠠᠯᠤᠨ ᠪᠦᠷ ᠳᠡᠷᠭᠡᠳᠡ ᠪᠡᠨ ᠠᠪᠠᠴᠢᠭᠠᠳ᠄
— ᠴᠢ ᠰᠡᠷᠭᠦᠯᠡᠩ ᠶᠠᠪᠤᠭᠠᠷᠠᠢ! ᠴᠢᠬᠢ ᠪᠡᠨ ᠰᠠᠢᠨ ᠣᠩᠭᠣᠢᠯᠭᠠᠨ᠂ ᠬᠠᠭᠠᠨ ᠤ᠋ ᠰᠢᠳᠠᠷ ᠬᠥᠮᠦᠰ᠂ ᠶᠡᠬᠡ᠂ ᠪᠠᠭ᠎ᠠ ᠲᠦᠰᠢᠮᠡᠯ ᠨᠠᠷ ᠶᠠᠭᠤ ᠬᠡᠯᠡᠯᠴᠡᠵᠦ ᠪᠠᠢᠭ᠎ᠠ ᠶ᠋ᠢ ᠴᠢᠩᠨᠠᠵᠤ ᠶᠠᠪᠤᠭᠠᠳ ᠬᠠᠷᠠᠬᠣᠷᠣᠮ ᠳ᠋ᠤ᠌ ᠨᠠᠮᠠᠶ᠋ᠢ ᠣᠴᠢᠬᠤ ᠪᠠᠷ ᠲᠡᠨᠳᠡ ᠠᠭᠤᠯᠵᠠᠨ ᠨᠠᠳᠠᠳᠤ ᠬᠡᠯᠡᠬᠦ ᠪᠢᠵᠡ ᠭᠡᠮᠡᠨ ᠳᠥᠩᠭᠡᠵᠦ ᠳᠤᠭᠤᠯᠳᠠᠬᠤ ᠲᠡᠳᠦᠢᠬᠡᠨ ᠢ᠋ᠶ᠋ᠡᠷ ᠥᠭᠦᠯᠡᠪᠡ᠃
ᠡᠨᠡ ᠪᠣᠯ ᠵᠠᠬᠢᠷᠤᠭᠴᠢ ᠶ᠋ᠢᠨ ᠠᠮᠢᠨ ᠦᠭᠡ ᠪᠥᠭᠡᠳ ᠲᠡᠭᠦᠨ ᠢ᠋ ᠵᠠᠷᠤᠵᠤ ᠪᠠᠢᠭ᠎ᠠ ᠶ᠋ᠢᠨ ᠭᠣᠣᠯ ᠤᠴᠢᠷ ᠢ᠋ ᠢᠯᠡᠳᠬᠡᠭᠰᠡᠨ ᠵᠦᠢᠯ ᠠᠵᠢ᠃
ᠪᠢᠯᠢᠭᠦᠨ ᠳᠠᠬᠢᠨ ᠶᠣᠰᠣ ᠬᠢᠵᠦ ᠡᠯᠢᠭᠡ ᠳᠠᠷᠤᠨ ᠪᠥᠬᠥᠢᠭᠡᠳ ᠰᠠᠯᠤᠨ ᠣᠳᠤᠯ᠎ᠠ᠃
ᠬᠤᠪᠢᠯᠠᠢ ᠬᠠᠵᠠᠭᠤᠬᠠᠨ ᠲᠠᠢ ᠪᠠᠨ ᠵᠣᠭᠰᠣᠵᠤ ᠪᠠᠢᠭ᠎ᠠ ᠵᠣᠣ ᠣᠪᠣᠭᠲᠤ《ᠪᠠᠭᠰᠢ》 ᠶ᠋ᠢ ᠪᠡᠨ ᠬᠠᠷᠠᠭᠰᠠᠨ ᠳᠣᠣᠷ᠎ᠠ ᠪᠠᠨ᠂ ᠲᠡᠭᠦᠨ ᠳ᠋ᠦ᠍ ᠣᠢᠷᠠᠲᠤᠨ ᠣᠴᠢᠭᠠᠳ ᠵᠤᠤᠪᠠᠩ ᠨᠢᠳᠦ ᠪᠡᠷ ᠢ᠋ᠶ᠋ᠡᠨ ᠤᠴᠢᠷᠲᠠᠢᠬᠠᠨ ᠬᠠᠷᠠᠵᠤ᠄
— ᠲᠠᠨ ᠲᠠᠢ ᠶᠠᠷᠢᠯᠴᠠᠬᠤ ᠵᠦᠢᠯ ᠪᠠᠢᠨ᠎ᠠ ᠭᠡᠵᠦ ᠬᠡᠯᠡᠭᠰᠡᠨ ᠢ᠋ᠶ᠋ᠡᠨ᠂ ᠳᠡᠷᠭᠡᠳᠡ ᠶ᠋ᠢᠨ ᠪᠠᠷ᠎ᠠ ᠪᠣᠯᠤᠭᠴᠢ ᠪᠠᠨ ᠢᠷᠡᠭᠦᠯᠵᠦ ᠶᠡᠷᠦᠩᠬᠡᠢ ᠵᠠᠬᠢᠷᠤᠭᠴᠢ ᠶ᠋ᠢᠨ ᠳᠡᠳ᠋ ᠤᠷᠢᠶᠠᠩᠬᠠᠢᠳᠠᠢ ᠵᠠᠩᠵᠤᠨ ᠢ᠋ ᠬᠠᠮᠢᠭ᠎ᠠ ᠶᠠᠪᠤᠭ᠎ᠠ ᠭᠠᠵᠠᠷ ᠠ᠋ᠴᠠ ᠨᠢ ᠳᠠᠭᠤᠳᠠᠨ ᠢᠷᠡᠭᠦᠯ ! ᠭᠡᠵᠦ ᠪᠠᠰᠠ ᠲᠤᠰᠢᠶᠠᠭᠠᠳ᠂ ᠬᠢᠲᠠᠳ《ᠪᠠᠭᠰᠢ》 ᠶ᠋ᠢᠨ ᠬᠠᠮᠲᠤ ᠠᠰᠠᠷ ᠲᠤ᠌ ᠪᠠᠨ ᠣᠷᠣᠪᠠ᠃
ᠲᠡᠳᠡ ᠣᠯᠪᠣᠭ ᠲᠤ᠌ ᠪᠡᠶ᠎ᠡ ᠪᠡᠶ᠎ᠡ ᠪᠡᠨ ᠬᠠᠷᠠᠨ ᠰᠠᠭᠤᠵᠤ ᠬᠡᠰᠡᠭ ᠵᠠᠭᠤᠷ᠎ᠠ ᠴᠢᠮᠡᠭᠡ ᠦᠭᠡᠢ ᠪᠠᠢᠭᠰᠠᠨ ᠢ᠋ᠶ᠋ᠠᠨ᠄
— ᠡᠦᠲᠦ ᠪᠢᠳᠡ ᠶᠠᠭᠤ ᠶ᠋ᠢ ᠬᠢᠬᠦ ᠶᠣᠰᠣᠲᠠᠢ ᠪᠣᠯᠤᠯ᠎ᠠ ᠭᠡᠵᠦ ᠲᠠ ᠪᠣᠯᠭᠣᠭᠠᠵᠤ ᠪᠠᠢᠨ᠎ᠠ ᠪᠣᠢ? ᠭᠡᠮᠡᠨ ᠵᠣᠣ ᠣᠪᠣᠭᠲᠤ ᠠ᠋ᠴᠠ ᠵᠠᠬᠢᠷᠤᠭᠴᠢ ᠠᠰᠠᠭᠤᠯ᠎ᠠ᠃
ᠵᠥᠪᠯᠡᠭᠴᠢ ᠯᠤᠤᠬᠠᠨ ᠴᠠᠭᠠᠨ ᠪᠤᠭᠤᠷᠤᠯ ᠭᠡᠵᠢᠭᠡ ᠪᠡᠨ ᠢᠯᠢᠵᠦ ᠪᠣᠳᠣᠯ ᠪᠣᠯᠤᠨ ᠰᠠᠭᠤᠭᠰᠠᠨ ᠢ᠋ᠶ᠋ᠠᠨ ᠳᠠᠭᠤ ᠪᠠᠨ ᠪᠦᠷ ᠨᠠᠮ ᠪᠣᠯᠭᠠᠭᠠᠳ᠄
— ᠡᠦᠲᠦ ᠬᠠᠮᠤᠭ ᠬᠡᠷᠡᠭ ᠶᠠᠪᠤᠳᠠᠯ ᠢ᠋ ᠰᠢᠢᠳᠬᠦ ᠡᠭᠡᠵᠡᠭᠲᠡᠢ ᠴᠠᠭ ᠢᠷᠡᠯ᠎ᠡ᠃ ᠶᠡᠬᠡ ᠬᠠᠭᠠᠨ ᠬᠡᠴᠡᠭᠦᠦ ᠬᠥᠮᠦᠨ ᠪᠠᠢᠭᠰᠠᠨ᠃ ᠶᠡᠬᠡ ᠤᠯᠤᠰ ᠡᠵᠡᠨ ᠦᠭᠡᠢ ᠪᠠᠢᠵᠤ ᠪᠣᠯᠬᠤ ᠦᠭᠡᠢ᠃ ᠲᠠᠨ ᠤ᠋ ᠠᠯᠲᠠᠨ ᠤᠷᠤᠭ ᠤ᠋ᠨ ᠬᠢᠨ ᠬᠥᠮᠦᠨ ᠪᠣᠯᠭᠠᠨ ᠬᠠᠭᠠᠨ ᠪᠣᠯᠬᠤ ᠶ᠋ᠢ ᠡᠷᠡᠮᠡᠯᠵᠡᠵᠦ ᠪᠠᠢᠭ᠎ᠠ᠃ ᠮᠥᠩᠬᠡ ᠬᠠᠭᠠᠨ ᠤ᠋ ᠣᠷᠣ ᠶ᠋ᠢ ᠬᠡᠨ ᠳᠤᠷᠠᠲᠠᠢ ᠬᠥᠮᠦᠨ ᠵᠠᠯᠭᠠᠭᠤᠯᠤᠨ ᠠᠪᠤᠭᠠᠳ ᠳᠡᠢᠯᠬᠦ ᠦᠭᠡᠢ᠃ ᠡᠨᠡ ᠲᠣᠮᠣ ᠭᠦᠷᠦᠨ ᠢ᠋ ᠲᠡᠷᠢᠭᠦᠯᠡᠨ ᠵᠢᠯᠣᠭᠣᠳᠤᠨ᠎ᠠ ᠭᠡᠳᠡᠭ ᠬᠡᠴᠡᠭᠦᠦ ᠬᠡᠷᠡᠭ᠃ ᠲᠠᠨ ᠤ᠋ ᠨᠣᠶᠠᠳ ᠢ᠋ ᠪᠢ ᠪᠠᠭ᠎ᠠ ᠰᠠᠭ᠎ᠠ ᠮᠡᠳᠡᠨ᠎ᠡ᠃ ᠲᠡᠷᠡ ᠬᠠᠭᠠᠨ ᠤ᠋ ᠠᠯᠪᠠ ᠶ᠋ᠢ ᠭᠠᠭᠴᠠᠬᠠᠨ ᠶᠡᠬᠡ ᠵᠠᠬᠢᠷᠤᠭᠴᠢ ᠲᠠ ᠯᠠ ᠵᠠᠯᠭᠠᠭᠤᠯᠵᠤ ᠴᠢᠳᠠᠨ᠎ᠠ ᠭᠡᠵᠦ 《ᠡᠨᠡ ᠵᠠᠬᠢᠷᠤᠭᠴᠢ ᠶᠠᠭᠤ ᠭᠡᠳᠡᠭ ᠪᠣᠯ》 ᠭᠡᠰᠡᠨ ᠰᠠᠨᠠᠭ᠎ᠠ ᠪᠠᠷ ᠬᠡᠯᠡᠭᠡᠳ ᠣᠷᠬᠢᠯ᠎ᠠ᠃
ᠬᠤᠪᠢᠯᠠᠢ ᠴᠢᠷᠠᠢ ᠪᠠᠨ ᠬᠤᠪᠢᠷᠠᠭᠠᠨ ᠲᠠᠭ ᠳᠠᠭᠤ ᠦᠭᠡᠢ ᠪᠣᠯᠵᠤ ᠣᠷᠬᠢᠬᠤ ᠳ᠋ᠤ᠌ ᠪᠠᠨ ᠳᠤᠷ᠎ᠠ ᠦᠭᠡᠢᠴᠡᠭᠰᠡᠨ ᠬᠡᠷᠡᠭ ᠢ᠋ᠶ᠋ᠡᠨ ᠳᠣᠣᠷ᠎ᠠ ᠨᠢ ᠵᠠᠳ ᠪᠤᠰᠬᠠᠳᠠᠭ ᠵᠠᠩ ᠢ᠋ᠶ᠋ᠠᠷ ᠢ᠋ᠶ᠋ᠠᠨ ᠵᠥᠪᠯᠡᠬᠦ ᠲᠦᠰᠢᠮᠡᠯ ᠲᠡᠢ ᠪᠡᠨ ᠬᠠᠷᠢᠯᠴᠠᠭᠰᠠᠨ ᠦᠭᠡᠢ᠂ ᠬᠥᠯᠥᠰᠥ ᠪᠡᠨ ᠲᠠᠭᠠᠪᠤᠷᠢᠯᠠᠭᠤᠯᠤᠨ᠂ ᠪᠣᠳᠣᠯ ᠳ᠋ᠤ᠌ ᠳᠠᠷᠤᠭᠳᠠᠭᠠᠳ ᠨᠢᠳᠦ ᠪᠡᠨ ᠠᠨᠢᠪᠠ᠃
ᠵᠣᠣ ᠣᠪᠣᠭᠲᠤ ᠬᠤᠪᠢᠯᠠᠢ ᠶ᠋ᠢᠨ ᠬᠡᠳᠦ ᠶ᠋ᠢᠨ ᠪᠣᠳᠣᠯ ᠰᠠᠨᠠᠭ᠎ᠠ ᠶ᠋ᠢ ᠡᠨᠡ ᠪᠠᠢᠳᠠᠯ ᠠ᠋ᠴᠠ ᠨᠢ ᠮᠡᠳᠡᠵᠦ ᠠᠪᠤᠭᠠᠳ 《ᠤᠭ ᠨᠢ ᠡᠨᠡ ᠵᠠᠬᠢᠷᠤᠭᠴᠢ ᠯᠠ ᠤᠯᠤᠰ ᠢ᠋ᠶ᠋ᠠᠨ ᠲᠣᠯᠣᠭᠠᠢᠯᠠᠪᠠᠯ ᠬᠢᠲᠠᠳ ᠬᠥᠮᠦᠰ ᠲᠦ᠍ ᠠᠷᠠᠢ ᠠᠶᠠᠳᠠᠭᠤ ᠵᠥᠭᠡᠯᠡᠨ ᠬᠠᠨᠳᠤᠵᠤ ᠮᠠᠭᠠᠳ ᠦᠭᠡᠢ᠃ ᠵᠠᠬᠢᠷᠤᠭᠴᠢ ᠮᠠᠨᠢ ᠶᠠᠪᠤᠨ ᠶᠠᠪᠤᠭᠰᠠᠭᠠᠷ ᠬᠢᠲᠠᠳ ᠢ᠋ ᠥᠮᠥᠭᠯᠡᠭᠴᠢ ᠰᠡᠳᠬᠢᠯᠲᠡᠢ ᠬᠥᠮᠦᠨ ᠪᠣᠯᠵᠤ ᠬᠤᠪᠢᠷᠠᠵᠤ ᠣᠷᠬᠢᠬᠤ ᠶᠠᠭᠤᠨ ᠤ᠋ ᠮᠠᠭᠠᠳ ᠪᠢᠯᠡ᠃ ᠡᠭᠦᠨ ᠡᠴᠡ ᠥᠭᠡᠷ᠎ᠡ ᠮᠠᠨ ᠳ᠋ᠤ᠌ ᠰᠡᠳᠬᠢᠯ ᠲᠠᠯᠪᠢᠬᠤ ᠨᠣᠶᠠᠳ ᠮᠣᠩᠭᠣᠯᠴᠤᠳ ᠳᠣᠲᠣᠷ᠎ᠠ ᠪᠠᠢᠬᠤ ᠦᠭᠡᠢ᠃ ᠪᠢ ᠲᠡᠭᠦᠨ ᠢ᠋ ᠪᠠᠲᠤᠲᠠᠢ ᠰᠤᠳᠤᠯᠵᠤ ᠮᠡᠳᠡᠭᠰᠡᠨ᠃ ᠬᠤᠪᠢᠯᠠᠢ ᠯᠠ ᠥᠪᠥᠷ ᠭᠠᠵᠠᠷ ᠤ᠋ᠨ ᠰᠠᠭᠤᠷᠢᠨ ᠪᠠᠢᠳᠠᠯ ᠳ᠋ᠤ᠌ ᠨᠠᠭᠠᠰᠢᠲᠠᠢ ᠬᠠᠨᠳᠤᠳᠠᠭ᠃ ᠪᠤᠰᠤᠳ ᠵᠠᠷᠢᠮ ᠨᠣᠶᠠᠨ ᠨᠢ ᠬᠢᠲᠠᠳ ᠤ᠋ᠨ ᠬᠣᠲᠠ ᠰᠠᠭᠤᠷᠢᠨ ᠨᠤᠭᠤᠳ ᠢ᠋ ᠪᠠᠯᠠᠯᠵᠤ ᠭᠠᠵᠠᠷ ᠲᠠᠢ ᠨᠢ ᠲᠡᠭᠰᠢᠯᠡᠭᠡᠳ ᠮᠠᠯ ᠤ᠋ᠨ ᠪᠡᠯᠴᠢᠭᠡᠷ ᠪᠣᠯᠭᠠᠶ᠎ᠠ ᠭᠡᠳᠡᠭ ᠰᠠᠨᠠᠭ᠎ᠠ ᠴᠦ᠍ ᠭᠠᠷᠴᠤ ᠪᠠᠢᠭᠰᠠᠨ ᠤᠳᠠᠭ᠎ᠠ ᠪᠣᠢ᠃ ᠲᠡᠭᠡᠵᠦ ᠴᠦ᠍ ᠴᠢᠳᠠᠬᠤ ᠬᠥᠮᠦᠰ ᠰᠢᠦ᠃ ᠬᠤᠪᠢᠯᠠᠢ ᠶᠢ ᠡᠨᠡ ᠰᠠᠨᠠᠭ᠎ᠠ ᠪᠠᠷ ᠡᠦᠲᠦ ᠯᠡ ᠳᠡᠮᠵᠢᠳᠡᠭ ᠴᠠᠭ ᠨᠢ ᠮᠥᠨ᠃ ᠵᠠ ᠣᠷᠣᠯᠳᠣᠭᠠᠳ ᠦᠵᠡᠨ᠎ᠡ ᠳᠡ》 ᠭᠡᠮᠡᠨ ᠥᠪᠡᠷ ᠲᠦ᠍ ᠪᠡᠨ ᠬᠡᠯᠡᠵᠦ ᠪᠠᠢᠭᠰᠠᠨ ᠢ᠋ᠶ᠋ᠠᠨ᠄
— ᠶᠡᠷᠦᠩᠬᠡᠢ ᠵᠠᠬᠢᠷᠤᠭᠴᠢ ᠠ᠋ ! ᠲᠠ ᠡᠨᠡ ᠴᠠᠭ ᠤ᠋ᠨ ᠠᠶᠠᠰ ᠢ᠋ ᠠᠯᠳᠠᠵᠤ ᠪᠣᠯᠬᠤ ᠦᠭᠡᠢ ᠰᠢᠦ ᠭᠡᠵᠦ ᠪᠠᠰᠠ ᠯᠠᠪᠰᠢᠷᠠᠭᠤᠯᠤᠨ ᠨᠡᠮᠡᠵᠦ ᠬᠡᠯᠡᠭᠡᠳ ᠣᠷᠬᠢᠪᠠ᠃
ᠬᠤᠪᠢᠯᠠᠢ ᠨᠢᠳᠦ ᠪᠡᠨ ᠨᠡᠭᠡᠭᠡᠨ 《ᠲᠠ ᠨᠠᠮᠠᠶ᠋ᠢ ᠡᠦᠲᠦ ᠶᠠᠭᠠᠬᠢ ᠭᠡᠬᠦ ᠭᠡᠰᠡᠨ ᠪᠢᠯᠡ?》 ᠭᠡᠮᠡᠨ ᠠᠰᠠᠭᠤᠭᠰᠠᠨ ᠶᠠᠩᠵᠤ ᠪᠠᠷ 《ᠪᠠᠭᠰᠢ》 ᠶ᠋ᠢ ᠪᠡᠨ ᠬᠠᠷᠠᠪᠠ᠃
ᠲᠡᠳᠡ ᠪᠡᠶ᠎ᠡ ᠪᠡᠶ᠎ᠡ ᠪᠡᠨ ᠰᠢᠷᠲᠡᠨ ᠳᠣᠲᠣᠷ᠎ᠠ ᠳᠣᠲᠣᠷ᠎ᠠ ᠪᠠᠨ ᠨᠢᠭᠡ ᠯᠡ ᠵᠦᠢᠯ ᠢ᠋ ᠪᠣᠳᠣᠭᠰᠠᠭᠠᠷ ᠪᠠᠰᠠ ᠤᠳᠠᠭᠠᠨ ᠰᠠᠭᠤᠵᠠᠢ᠃
— ᠪᠢ ᠡᠮᠦᠨ᠎ᠡ ᠵᠦᠭ ᠶᠠᠪᠤᠭᠤᠯᠬᠤ ᠲᠡᠢᠨ ᠢ᠋ᠶ᠋ᠡᠨ ᠡᠦᠲᠦ ᠬᠦᠴᠦᠲᠡᠢ ᠪᠣᠯᠭᠠᠨ᠂ ᠬᠡᠳᠦ ᠬᠡᠳᠦᠨ ᠭᠠᠵᠠᠷ ᠢ᠋ᠶ᠋ᠠᠷ ᠰᠢᠷᠦᠭᠦᠨ ᠳᠣᠪᠲᠣᠯᠭᠠᠨ ᠶᠠᠪᠤᠭᠤᠯᠳᠠᠭ ᠶᠤᠮ ᠪᠢᠯᠡ? ᠭᠡᠵᠦ ᠪᠣᠳᠣᠵᠤ ᠪᠠᠢᠨ᠎ᠠ ᠭᠡᠵᠦ ᠵᠠᠬᠢᠷᠤᠭᠴᠢ ᠠᠮᠠ ᠨᠡᠭᠡᠭᠡᠯ᠎ᠡ᠃
ᠵᠣᠣ ᠣᠪᠣᠭᠲᠤ ᠬᠤᠪᠢᠯᠠᠢ ᠶ᠋ᠢ ᠬᠠᠷᠠᠵᠤ ᠳᠣᠯᠢᠶᠠᠪᠤᠷ ᠬᠤᠷᠤᠭᠤ ᠪᠠᠨ ᠭᠣᠵᠣᠢᠯᠭᠠᠨ᠄
— ᠰᠠᠨᠠᠳᠠᠭ ᠯᠠ ᠰᠠᠨᠠᠭ᠎ᠠ᠃ ᠲᠥᠷᠥ ᠳ᠋ᠦ᠍ ᠬᠢᠭᠰᠡᠨ ᠪᠦᠲᠦᠭᠡᠭᠰᠡᠨ 《ᠮᠠᠢ》 ᠭᠡᠬᠦ ᠶᠠᠭᠤᠮ᠎ᠠ ᠲᠠᠢ ᠪᠠᠢᠬᠤ ᠶᠣᠰᠣᠲᠠᠢ᠃ ᠲᠡᠭᠡᠬᠦ ᠳ᠋ᠦ᠍ ᠪᠡᠨ ᠭᠣᠣᠮᠠᠢ ᠬᠥᠳᠡᠯᠵᠦ ᠪᠣᠯᠬᠤ ᠦᠭᠡᠢ᠃ ᠴᠡᠷᠢᠭ ᠢ᠋ᠶ᠋ᠡᠨ ᠵᠢᠰᠢᠭᠡᠳ ᠭᠦᠢᠴᠡᠳ ᠪᠡᠯᠡᠳᠬᠡᠵᠦ ᠪᠠᠢᠭᠠᠳ ᠰᠥᠩ ᠦ᠋ᠨ ᠬᠠᠭᠠᠨ ᠢ᠋ ᠭᠡᠨᠡᠳᠡᠭᠦᠯᠦᠨ᠂ ᠬᠡᠳᠦ ᠬᠡᠳᠦᠨ ᠵᠤᠷᠪᠤᠰ ᠭᠠᠵᠠᠷ ᠢ᠋ᠶ᠋ᠠᠷ ᠰᠢᠷᠦᠭᠦᠨ ᠳᠣᠪᠲᠣᠯᠵᠤ᠂ ᠣᠷᠣᠭᠰᠢ ᠪᠠᠨ ᠬᠣᠯᠠ ᠠᠬᠢᠬᠤ ᠶᠣᠰᠣᠲᠠᠢ ᠪᠠᠢᠨ᠎ᠠ᠃ ᠪᠤᠰᠤᠳ ᠶᠠᠮᠠᠷ ᠴᠦ᠍ ᠵᠠᠩᠵᠤᠨ ᠠ᠋ᠴᠠ ᠢᠯᠡᠭᠦᠦ ᠠᠬᠢᠴᠠᠲᠠᠢ ᠳᠣᠪᠲᠣᠯᠭᠠᠨ ᠬᠢᠪᠡᠯ ᠲᠠᠨ ᠤ᠋ ᠠᠯᠳᠠᠷ ᠬᠠᠮᠢᠭ᠎ᠠ ᠴᠣ ᠳᠠᠷᠤᠭᠳᠠᠬᠤ ᠦᠭᠡᠢ ᠪᠡᠷ ᠳᠣᠪᠣᠢᠵᠤ ᠭᠠᠷᠤᠨ᠎ᠠ᠃ ᠲᠡᠭᠡᠬᠦ ᠦᠭᠡᠢ ᠪᠣᠯ ᠬᠠᠮᠤᠭ ᠡᠷᠬᠡ ᠪᠡᠨ ᠪᠤᠰᠤᠳ ᠲᠤ᠌ ᠠᠯᠳᠠᠨ᠎ᠠ᠃ ᠲᠠ ᠶᠡᠷᠦ ᠨᠢ ᠵᠥᠪ ᠶᠠᠭᠤᠮ᠎ᠠ ᠪᠣᠳᠣᠵᠤ ᠪᠠᠢᠨ᠎ᠠ ᠰᠢᠦ ᠭᠡᠯᠡ᠃
ᠲᠡᠭᠷᠢ ᠴᠡᠯᠮᠡᠭ᠂ ᠬᠠᠯᠠᠭᠤᠨ ᠨᠠᠷᠠ ᠰᠢᠷᠠᠭᠰᠠᠨ ᠡᠳᠦᠷ ᠦ᠋ᠳ ᠢᠷᠡᠭᠰᠡᠭᠡᠷ ᠪᠠᠢᠯ᠎ᠠ᠃ ᠪᠣᠷᠣᠭ᠎ᠠ ᠬᠤᠷ᠎ᠠ ᠲᠠᠲᠠᠷᠠᠨ ᠭᠠᠵᠠᠷ ᠤᠯᠠᠢᠳᠠᠭ ᠴᠠᠭ ᠪᠣᠯᠬᠣᠷ ᠮᠣᠩᠭᠣᠯᠴᠤᠳ ᠲᠡᠨᠳᠡ ᠪᠠᠢᠬᠤ ᠳ᠋ᠤ᠌ ᠪᠠᠨ ᠡᠳᠦᠷ ᠢ᠋ ᠪᠢᠰᠢ᠂ ᠰᠥᠨᠢ ᠶ᠋ᠢᠨ ᠰᠡᠷᠢᠭᠦᠨ ᠢ᠋ ᠬᠦᠰᠡᠨ᠎ᠡ᠃ ᠬᠡᠭᠡᠷ᠎ᠡ ᠲᠠᠯ᠎ᠠ ᠳ᠋ᠤ᠌ ᠳᠤᠷᠠᠲᠠᠢ ᠵᠦᠭ ᠲᠦ᠍ ᠪᠡᠨ ᠮᠣᠷᠢᠨ ᠳᠡᠯ ᠳᠡᠭᠡᠭᠦᠷ ᠬᠦᠦᠷᠨᠢᠭᠦᠯᠵᠦ ᠵᠠᠩᠰᠢᠭᠰᠠᠨ ᠬᠥᠮᠦᠰ ᠲᠦ᠍ ᠨᠠᠷᠠᠨ ᠤ᠋ ᠬᠠᠯᠠᠭᠤᠨ ᠢᠯᠴᠢᠨ ᠳ᠋ᠦ᠍ ᠪᠠᠢᠬᠤ ᠨᠢ ᠰᠤᠷ ᠤ᠋ᠨ ᠲᠠᠰᠢᠭᠤᠷ ᠢ᠋ᠶ᠋ᠠᠷ ᠰᠢᠪᠬᠠᠳᠠᠭᠤᠯᠵᠤ ᠪᠠᠢᠭ᠎ᠠ ᠠ᠋ᠴᠠ ᠢᠯᠭᠠᠬᠤ ᠶᠠᠭᠤᠮ᠎ᠠ ᠦᠭᠡᠢ ᠮᠡᠲᠦ᠃
ᠭᠡᠲᠡᠯ᠎ᠡ ᠡᠨᠡ ᠨᠤᠲᠤᠭ ᠲᠤ᠌ ᠢᠳᠡᠭᠡᠰᠢᠭᠰᠡᠨ ᠬᠢᠲᠠᠳ ᠬᠥᠮᠦᠰ ᠵᠤᠵᠠᠭᠠᠨ ᠲᠠᠭᠠᠷ ᠤ᠋ᠨ ᠬᠤᠪᠴᠠᠰᠤ ᠪᠠᠨ ᠲᠡᠳᠦᠢ ᠯᠡ ᠨᠢᠮᠭᠡᠯᠡᠯ ᠦᠭᠡᠢ ᠪᠡᠷ ᠵᠥᠪᠬᠡᠨ ᠳᠡᠩᠬᠡᠢᠭᠰᠡᠨ ᠲᠣᠮᠣ ᠳᠡᠷᠡᠰᠦᠨ ᠮᠠᠯᠠᠭᠠᠢ ᠪᠠᠷ ᠲᠣᠯᠣᠭᠠᠢ ᠪᠠᠨ ᠰᠡᠭᠦᠳᠡᠷᠯᠡᠭᠡᠳ ᠬᠡᠪᠡᠨᠡᠭ ᠦᠭᠡᠢ ᠠᠯᠬᠤᠨ ᠲᠠᠷᠢᠶ᠎ᠠ ᠨᠣᠭᠣᠭᠠᠨ ᠤ᠋ ᠪᠠᠨ ᠲᠠᠯᠠᠪᠤᠷ ᠳᠡᠭᠡᠷ᠎ᠡ ᠭᠠᠵᠠᠷ ᠮᠠᠯᠲᠠᠨ ᠵᠣᠭᠰᠣᠨ᠎ᠠ᠃ ᠲᠡᠳᠡ ᠮᠤᠷᠤᠢ ᠰᠠᠷᠤᠢ᠂ ᠤᠷᠲᠤ ᠪᠣᠭᠣᠨᠢ ᠱᠤᠤᠳᠤᠤ ᠲᠡᠳᠡᠨ ᠤᠰᠤ ᠤᠷᠤᠰᠤᠭᠤᠯᠲᠤ ᠨᠣᠭᠣᠭ᠎ᠠ ᠲᠠᠷᠢᠶ᠎ᠠ ᠪᠠᠨ ᠤᠰᠤᠯᠠᠬᠤ ᠳᠤᠷᠠᠲᠠᠢ᠃ ᠲᠡᠷᠡ ᠠᠵᠢᠯ ᠠ᠋ᠴᠠ ᠪᠠᠨ ᠰᠠᠯᠤᠨ᠎ᠠ ᠭᠡᠵᠦ ᠵᠠᠩ ᠦᠭᠡᠢ᠃ ᠲᠡᠮᠦᠷ᠂ ᠮᠣᠳᠣᠨ ᠭᠠᠫᠤᠤ ᠪᠠᠷᠢᠭᠰᠠᠨ ᠡᠷᠡᠭᠲᠡᠢ᠂ ᠡᠮᠡᠭᠲᠡᠢ ᠬᠢᠲᠠᠳ ᠬᠥᠮᠦᠰ ᠵᠣᠭᠰᠣᠭ᠎ᠠ ᠵᠠᠢ ᠦᠭᠡᠢ ᠯᠡ ᠲᠠᠷᠢᠶᠠᠨ ᠤ᠋ ᠪᠠᠨ ᠭᠠᠵᠠᠷ ᠳᠡᠭᠡᠷ᠎ᠡ ᠬᠠᠳᠠᠭᠳᠠᠭᠰᠠᠨ ᠮᠡᠲᠦ ᠵᠣᠭᠰᠣᠵᠤ ᠰᠢᠷᠣᠢ ᠮᠠᠯᠲᠠᠨ᠎ᠠ᠃ ᠲᠡᠭᠡᠬᠦ ᠦᠭᠡᠢ ᠪᠡᠷ ᠪᠠᠢᠬᠤ ᠶ᠋ᠢᠨ ᠴᠦ᠍ ᠠᠷᠭ᠎ᠠ ᠦᠭᠡᠢ ᠪᠣᠯᠤᠯᠲᠠᠢ᠃ ᠬᠠᠯᠠᠭᠤᠨ ᠨᠠᠷᠠ ᠰᠠᠯᠬᠢᠨ ᠳ᠋ᠤ᠌ ᠭᠠᠵᠠᠷ ᠨᠢ ᠬᠠᠭᠠᠷᠠᠵᠤ ᠬᠠᠲᠠᠭᠠᠳ ᠦᠨᠦᠷᠲᠦᠬᠦ ᠴᠢᠭᠢᠭ ᠦᠭᠡᠢ ᠪᠣᠯᠳᠠᠭ ᠪᠣᠯᠬᠣᠷ ᠵᠣᠭᠰᠣᠯᠲᠠ ᠦᠭᠡᠢ ᠤᠰᠤᠯᠠᠵᠤ ᠪᠠᠢᠵᠤ ᠠᠳᠬᠤ ᠴᠢᠮᠬᠢ ᠶᠠᠭᠤᠮ᠎ᠠ ᠲᠡᠭᠦᠨ ᠳᠡᠭᠡᠷ᠎ᠡ ᠪᠡᠨ ᠤᠷᠭᠤᠭᠤᠯᠤᠨ᠎ᠠ᠃ ᠲᠠᠷᠢᠶᠠᠨ ᠤ᠋ ᠬᠢᠲᠠᠳ ᠬᠥᠮᠦᠰ ᠥᠷᠯᠥᠭᠡ ᠲᠡᠭᠷᠢ ᠭᠡᠭᠡᠷᠡᠬᠦ ᠲᠡᠢ ᠵᠡᠷᠭᠡ ᠨᠣᠭᠣᠭᠠᠨ ᠤ᠋ ᠲᠠᠯᠠᠪᠤᠷ ᠳᠡᠭᠡᠷ᠎ᠡ ᠪᠡᠨ ᠢᠷᠡᠭᠡᠳ᠂ ᠦᠳᠡᠰᠢ ᠭᠡᠭᠡ ᠲᠠᠰᠤᠷᠠᠬᠤ ᠪᠠᠷ ᠰᠠᠢ ᠠᠵᠢᠯ ᠢ᠋ᠶ᠋ᠠᠨ ᠳᠠᠭᠤᠰᠬᠠᠵᠤ᠂ ᠭᠠᠫᠤᠤ ᠪᠠᠨ ᠮᠥᠷᠦᠨ ᠳᠡᠭᠡᠷ᠎ᠡ ᠪᠡᠨ ᠲᠠᠯᠪᠢᠭᠰᠠᠭᠠᠷ ᠰᠢᠪᠡᠷ ᠨᠦᠬᠡᠨ ᠭᠡᠷ ᠤᠷᠤᠭᠤ ᠪᠠᠨ ᠶᠠᠳᠠᠷᠠᠵᠤ ᠲᠤᠢᠯᠳᠠᠭᠰᠠᠨ ᠴᠢᠷᠠᠢᠲᠠᠢ ᠠᠯᠬᠤᠨ᠎ᠠ᠃
ᠲᠡᠷᠡ ᠬᠥᠮᠦᠰ ᠦ᠋ᠨ ᠡᠨᠡ ᠠᠵᠢᠯ ᠢ᠋ ᠮᠣᠩᠭᠣᠯ ᠴᠡᠷᠢᠭ ᠦ᠋ᠳ ᠶᠠᠭᠤᠨ ᠦᠨᠡᠯᠡᠵᠦ ᠦᠵᠡᠬᠦ ᠪᠢᠯᠡ᠃
ᠶᠡᠷᠦᠩᠬᠡᠢ ᠵᠠᠬᠢᠷᠤᠭᠴᠢ ᠶ᠋ᠢᠨ ᠲᠤᠰᠢᠶᠠᠯ ᠢ᠋ᠶ᠋ᠠᠷ ᠨᠤᠲᠤᠭ ᠤ᠋ᠨ ᠬᠥᠮᠦᠰ ᠦ᠋ᠨ ᠲᠠᠷᠢᠶᠠᠯᠠᠩ ᠢ᠋ ᠮᠠᠯ ᠢ᠋ᠶ᠋ᠠᠷ ᠭᠠᠳᠤᠴᠢᠭᠤᠯᠵᠤ ᠪᠣᠯᠬᠤ ᠦᠭᠡᠢ ᠶᠣᠰᠣᠲᠠᠢ ᠠᠲᠠᠯ᠎ᠠ ᠠᠭᠲᠠ ᠬᠠᠷᠢᠭᠤᠯᠤᠭᠰᠠᠨ ᠴᠡᠷᠢᠭ ᠦ᠋ᠳ ᠵᠣᠷᠢᠭᠤᠳᠠ ᠪᠠᠷ ᠮᠣᠷᠢ ᠮᠠᠯ ᠢ᠋ᠶ᠋ᠠᠨ ᠲᠠᠷᠢᠶᠠᠨ ᠤ᠋ ᠲᠠᠯᠠᠪᠠᠢ ᠤᠷᠤᠭᠤ ᠬᠥᠭᠡᠭᠡᠵᠦ ᠣᠷᠣᠭᠤᠯᠤᠭᠠᠳ ᠲᠠᠭ ᠲᠠᠭᠠᠷᠢ ᠪᠣᠯᠭᠠᠬᠤ ᠳ᠋ᠤ᠌ ᠪᠠᠨ ᠪᠠᠬ᠎ᠠ ᠪᠠᠨ ᠬᠠᠩᠭᠠᠵᠤ ᠪᠣᠢ ᠴᠢᠷᠠᠢ ᠭᠠᠷᠭᠠᠨ ᠬᠠᠷᠠᠵᠤ ᠵᠣᠭᠰᠣᠨ᠎ᠠ᠃ ᠲᠠᠷᠢᠶᠠᠨ ᠤ᠋ ᠠᠰᠤᠷᠤ ᠲᠣᠮᠣ ᠲᠠᠯᠠᠪᠠᠢ ᠴᠦ᠍ ᠲᠡᠨᠳᠡ ᠪᠠᠭ᠎ᠠ᠃ ᠠᠢᠯ ᠠᠢᠯ ᠬᠤᠪᠢ ᠳ᠋ᠤ᠌ ᠪᠠᠨ ᠴᠢᠳᠠᠬᠤ ᠬᠢᠷᠢ ᠪᠡᠷ ᠢ᠋ᠶ᠋ᠡᠨ ᠭᠠᠵᠠᠷ ᠬᠠᠭᠠᠯᠳᠠᠭ ᠪᠣᠯᠤᠯᠲᠠᠢ᠂ ᠠᠯᠠᠭ᠎ᠠ ᠶ᠋ᠢᠨ ᠴᠢᠨᠡᠭᠡ ᠲᠠᠯᠠᠪᠠᠢ ᠳ᠋ᠤ᠌ ᠯᠠ ᠲᠠᠷᠢᠶ᠎ᠠ᠂ ᠨᠣᠭᠣᠭ᠎ᠠ ᠣᠷᠣᠭᠤᠯᠤᠭᠰᠠᠨ᠂ ᠲᠡᠭᠦᠨ ᠤᠷᠤᠭᠤ ᠪᠠᠨ ᠤᠰᠤ ᠤᠷᠤᠰᠬᠠᠭᠰᠠᠨ᠂ ᠲᠣᠷᠳᠠᠵᠤ ᠶᠠᠩᠵᠤᠯᠠᠭᠰᠠᠨ ᠬᠠᠷᠠᠭᠳᠠᠨ᠎ᠠ᠃ ᠲᠡᠷᠡ ᠲᠣᠬᠣᠮ ᠤ᠋ᠨ ᠴᠢᠨᠡᠭᠡ ᠭᠠᠵᠠᠷ ᠲᠤ᠌ ᠨᠢ ᠠᠳᠤᠭᠤ ᠮᠠᠯ ᠬᠥᠭᠡᠭᠡᠵᠦ ᠣᠷᠣᠭᠤᠯᠬᠤ ᠪᠠᠷ ᠰᠦᠭᠦᠷᠴᠦ ᠤᠨᠠᠭᠠᠳ᠂ ᠲᠣᠯᠣᠭᠠᠢ ᠪᠠᠨ ᠰᠢᠭᠠᠵᠤ ᠪᠠᠢᠭ᠎ᠠ ᠬᠢᠲᠠᠳ ᠬᠥᠮᠦᠨ ᠬᠠᠷᠠᠭᠳᠠᠨ᠎ᠠ᠃ ᠠᠷᠭ᠎ᠠ ᠪᠠᠢᠵᠢ ᠤᠤ ᠳᠠ᠂ ᠲᠡᠷᠡ ᠠᠢᠯ ᠤ᠋ᠨ ᠪᠦᠲᠦᠨ ᠵᠢᠯ ᠢᠳᠡᠬᠦ ᠬᠣᠭᠣᠯᠠ ᠶ᠋ᠢ ᠨᠢ ᠰᠦᠢᠳᠬᠡᠨ ᠬᠠᠶᠠᠵᠤ ᠪᠠᠢᠭ᠎ᠠ ᠶᠤᠮ ᠴᠢᠨᠢ ᠰᠢᠨᠠᠯᠭᠠᠨ ᠳ᠋ᠤ᠌ ᠣᠷᠣᠬᠤ ᠠ᠋ᠴᠠ ᠥᠭᠡᠷ᠎ᠡ ᠵᠠᠮ ᠦᠭᠡᠢ᠃ ᠲᠠᠭᠠᠷ ᠢ᠋ᠶ᠋ᠠᠷ ᠨᠢᠭᠤᠴᠠ ᠪᠠᠨ ᠬᠠᠭᠠᠭᠰᠠᠨ ᠬᠥᠮᠦᠰ ᠠᠯᠠᠭ᠎ᠠ ᠲᠣᠰᠣᠨ ᠶᠠᠭᠤᠮ᠎ᠠ ᠭᠤᠶᠤᠭᠠᠳ ᠪᠢᠰᠢᠭᠦᠢ ᠯᠡ ᠶᠠᠪᠤᠵᠤ ᠪᠠᠢᠳᠠᠭ᠃ ᠬᠣᠭᠣᠯᠠᠨ ᠤ᠋ ᠪᠠᠨ ᠪᠤᠳᠠᠭ᠎ᠠ ᠲᠠᠷᠢᠶᠠᠨ ᠠ᠋ᠴᠠ ᠬᠠᠭᠠᠴᠠᠵᠤ ᠪᠠᠢᠭ᠎ᠠ ᠠᠮᠢᠲᠠᠨ ᠲᠡᠢᠮᠦ ᠯᠡ ᠪᠣᠯᠤᠨ᠎ᠠ ᠭᠡᠰᠡᠨ ᠦᠭᠡ᠃ ᠬᠥᠮᠦᠨ ᠢ᠋ ᠢᠩᠭᠢᠵᠦ ᠠᠯᠠᠵᠤ ᠪᠠᠢᠨ᠎ᠠ ᠭᠡᠵᠦ ᠮᠣᠩᠭᠣᠯ ᠤ᠋ᠨ ᠵᠠᠷᠢᠮ ᠴᠡᠷᠢᠭ ᠡᠰᠡ ᠪᠣᠳᠣᠨ᠎ᠠ᠃ ᠲᠡᠭᠡᠭᠡᠳ ᠮᠤᠩᠬᠠᠭᠯᠠᠵᠤ ᠶᠠᠪᠤᠭ᠎ᠠ ᠨᠢ ᠲᠡᠷᠡ᠃
ᠲᠡᠭᠷᠢ ᠳ᠋ᠦ᠍ ᠴᠠᠭᠠᠨ ᠡᠭᠦᠯᠡ ᠭᠦᠪᠦᠯᠵᠡᠭᠰᠡᠨ ᠲᠡᠷᠡ ᠨᠢᠭᠡ ᠡᠳᠦᠷ ᠵᠥᠭᠡᠯᠡᠨ ᠰᠠᠯᠬᠢ ᠰᠡᠪᠡᠯᠵᠡᠭᠰᠡᠨ᠂ ᠮᠣᠩᠭᠣᠯ ᠴᠡᠷᠢᠭ ᠦ᠋ᠳ ᠲᠦ᠍ ᠠᠭᠤᠳᠠᠮ ᠨᠣᠭᠣᠭᠠᠨ ᠪᠡᠯᠴᠢᠭᠡᠷ ᠲᠡᠢ ᠨᠤᠲᠤᠭ ᠢ᠋ ᠨᠢ ᠰᠠᠨᠠᠭᠳᠠᠭᠤᠯᠵᠤ ᠪᠠᠢᠯ᠎ᠠ᠃
ᠭᠡᠲᠡᠯ᠎ᠡ ᠣᠭᠲᠠᠷᠭᠤᠢ ᠶ᠋ᠢᠨ ᠭᠦᠨ ᠳ᠋ᠦ᠍ ᠬᠣᠷᠢ ᠭᠤᠴᠢᠨ ᠭᠠᠯᠠᠭᠤ ᠰᠢᠪᠠᠭᠤ ᠨᠢᠭᠡᠨ ᠴᠤᠪᠤᠭ᠎ᠠ ᠪᠣᠯᠵᠤ ᠬᠣᠰᠢᠭᠤᠷᠠᠨ ᠬᠡᠯᠬᠢᠯᠳᠦᠭᠰᠡᠭᠡᠷ ᠲᠡᠷᠲᠡᠭᠡ ᠳᠡᠭᠡᠭᠦᠷ ᠤᠮᠠᠷ᠎ᠠ ᠶ᠋ᠢ ᠵᠣᠷᠢᠨ ᠨᠢᠰᠴᠦ ᠶᠠᠪᠤᠭ᠎ᠠ ᠬᠠᠷᠠᠭᠳᠠᠪᠠ᠃ ᠶᠠᠭᠤᠨ ᠳ᠋ᠤ᠌ ᠴᠠᠭ ᠣᠷᠣᠢᠲᠠᠭᠤᠯᠤᠨ ᠢᠩᠭᠢᠵᠦ ᠨᠢᠰᠳᠡᠭ ᠪᠢᠯᠡ᠃ ᠲᠡᠷᠡ ᠭᠠᠯᠠᠭᠤᠨ ᠴᠤᠪᠤᠭ᠎ᠠ ᠤᠮᠠᠷ᠎ᠠ ᠶ᠋ᠢ ᠴᠢᠭᠯᠡᠭᠰᠡᠨ ᠢ᠋ ᠨᠢ ᠠᠭᠲᠠ ᠮᠠᠯᠯᠠᠵᠤ ᠶᠠᠪᠤᠭ᠎ᠠ ᠴᠡᠷᠢᠭ ᠦ᠋ᠳ ᠬᠠᠷᠠᠭᠠᠳ᠂ ᠳᠣᠣᠷ᠎ᠠ ᠪᠦᠷᠢᠨ᠎ᠡ ᠨᠢᠭᠡ ᠶ᠋ᠢ ᠰᠠᠨᠠᠪᠠ ᠪᠣᠯᠤᠯᠲᠠᠢ ᠱᠣᠬᠣᠭᠣᠷᠬᠠᠨ ᠭᠠᠢᠬᠠᠵᠤ ᠪᠠᠢᠭᠰᠠᠨ ᠢ᠋ᠶ᠋ᠠᠨ ᠬᠣᠭᠣᠯᠠᠢ ᠪᠠᠨ ᠵᠠᠩᠭᠢᠷᠠᠭᠤᠯᠤᠨ᠄
— ᠬᠠᠷᠠᠭᠠᠴᠢ! ᠬᠠᠷᠠᠭᠠᠴᠢ! ᠮᠠᠨ ᠤ᠋ ᠨᠤᠲᠤᠭ ᠤᠷᠤᠭᠤ ᠶᠠᠪᠤᠵᠤ ᠪᠠᠢᠨ᠎ᠠ᠃
— ᠮᠠᠨ ᠤ᠋ ᠤᠷᠤᠭᠤ ᠭᠡᠵᠦ ᠴᠢ ᠶᠠᠭᠠᠬᠢᠵᠤ ᠮᠡᠳᠡᠭᠡ ᠪᠢᠯᠡ?
— ᠬᠠᠯᠠᠭᠤᠨ ᠣᠷᠣᠨ ᠤ᠋ ᠪᠦᠬᠦ ᠰᠢᠪᠠᠭᠤ ᠮᠠᠨ ᠤ᠋ ᠳ᠋ᠤ᠌ ᠣᠴᠢᠵᠤ᠂ ᠲᠡᠨᠳᠡ ᠵᠤᠰᠠᠭᠠᠳ ᠥᠨᠳᠡᠭᠡ ᠪᠡᠨ ᠭᠠᠷᠭᠠᠳᠠᠭ ᠭᠡᠰᠡᠨ ᠪᠢᠵᠡ ᠳᠡ᠃
— ᠬᠠᠪᠤᠷ ᠡᠷᠲᠡ ᠯᠡ ᠨᠢᠰᠴᠦ ᠢᠷᠡᠳᠡᠭ ᠰᠠᠨ᠃ ᠡᠨᠡ ᠬᠡᠰᠡᠭ ᠭᠠᠯᠠᠭᠤ ᠶᠠᠭᠠᠬᠢᠬᠤ ᠪᠠᠷ ᠢ᠋ᠶ᠋ᠠᠨ ᠢᠩᠭᠢᠵᠦ ᠣᠷᠣᠢᠲᠠᠵᠤ ᠶᠠᠪᠤᠭ᠎ᠠ ᠶᠤᠮ ᠪᠣᠯ ? ᠭᠠᠢᠬᠠᠮᠠᠷ ᠶᠤᠮ ᠪᠠᠢᠨ᠎ᠠ᠃
— ᠡᠳᠡ ᠴᠦ᠍ ᠬᠠᠨᠢ ᠢᠵᠢᠯᠢ ᠶ᠋ᠢᠨ ᠢ᠋ᠶ᠋ᠡᠨ ᠬᠠᠮᠲᠤ ᠪᠠᠷ ᠰᠡᠳᠬᠢᠯ ᠵᠣᠪᠠᠬᠤ ᠶᠠᠭᠤᠮ᠎ᠠ ᠦᠭᠡᠢ ᠠᠶᠠᠲᠠᠢᠬᠠᠨ ᠨᠢᠰᠴᠦ ᠶᠠᠪᠤᠭ᠎ᠠ ᠪᠢᠵᠡ ᠳᠡ᠃ ᠬᠡᠯᠡ ᠮᠡᠳᠡᠳᠡᠭ ᠴᠦ᠍ ᠪᠣᠯᠤᠭᠠᠰᠢ᠃ ᠭᠡᠷ ᠣᠷᠣᠨ ᠳ᠋ᠤ᠌ ᠪᠠᠨ ᠠᠮᠤᠷ ᠮᠡᠨᠳᠦ ᠰᠢᠦ ᠬᠡᠯᠲᠦᠷᠢᠵᠦ ᠶᠠᠪᠤᠭ᠎ᠠ ᠪᠠᠨ ᠬᠡᠯᠡᠭᠦᠯᠬᠦ ᠰᠠᠨ ᠭᠡᠰᠡᠨ ᠶᠠᠷᠢᠶ᠎ᠠ ᠪᠣᠯᠵᠤ ᠪᠠᠢᠬᠤ ᠳ᠋ᠤ᠌ ᠨᠢ ᠨᠢᠭᠤᠷ ᠨᠢ ᠬᠣᠯᠴᠣᠷᠤᠤᠳᠠᠵᠤ ᠪᠣᠷᠣᠯᠠᠭᠰᠠᠨ ᠨᠢᠭᠡ ᠴᠡᠷᠢᠭ ᠰᠢᠪᠠᠭᠤᠬᠠᠢ ᠨᠤᠭᠤᠳ ᠤ᠋ᠨ ᠴᠤᠪᠤᠭ᠎ᠠ ᠶ᠋ᠢ ᠰᠢᠷᠳᠡᠨ ᠵᠣᠭᠰᠣᠭᠠᠳ ᠰᠠᠨᠠᠭ᠎ᠠ ᠠᠯᠳᠠᠵᠤ᠄
— ᠪᠢ ᠮᠡᠳᠡᠯ᠎ᠡ᠃ ᠡᠨᠡ ᠭᠠᠯᠠᠭᠤ ᠨᠤᠭᠤᠳ ᠮᠠᠨ ᠤ᠋ ᠲᠠᠭᠠᠯᠠᠯ ᠲᠡᠭᠦᠰᠦᠭᠰᠡᠨ ᠶᠡᠬᠡ ᠬᠠᠭᠠᠨ ᠤ᠋ ᠰᠦᠨᠡᠰᠦ ᠶ᠋ᠢ ᠨᠤᠲᠤᠭ ᠲᠤ᠌ ᠨᠢ ᠵᠠᠯᠠᠵᠤ ᠬᠦᠷᠭᠡᠬᠦ ᠪᠡᠷ ᠢᠩᠭᠢᠵᠦ ᠣᠷᠣᠢᠬᠠᠨ ᠨᠢᠰᠴᠦ ᠶᠠᠪᠤᠭ᠎ᠠ ᠪᠡᠢᠯ ᠦᠭᠡᠢ ᠭᠡᠪᠡ᠃
ᠪᠤᠰᠤᠳ ᠪᠦᠬᠦ ᠬᠥᠮᠦᠨ ᠲᠡᠷᠡ ᠴᠡᠷᠢᠭ ᠦ᠋ᠨ ᠦᠭᠡᠨ ᠳ᠋ᠦ᠍ ᠦᠨᠡᠮᠰᠢᠭᠰᠡᠨ ᠪᠠᠢᠲᠠᠯᠲᠠᠢ ᠬᠠᠷᠠᠵᠤ ᠰᠠᠨᠠᠭ᠎ᠠ ᠠᠯᠲᠠᠨ ᠪᠠᠢᠯ᠎ᠠ ᠃
— — — —
① ᠲᠤᠯᠤᠢ ᠶ᠋ᠢᠨ ᠠᠬᠠᠮᠠᠳ ᠬᠦᠦ᠂ ᠰᠤᠷᠬᠤᠭᠲᠠᠨᠢ ᠬᠠᠲᠤᠨ ᠠ᠋ᠴᠠ ᠲᠥᠷᠥᠭᠰᠡᠨ ᠮᠣᠩᠭᠣᠯ ᠭᠦᠷᠦᠨ ᠦ᠌ ᠶᠡᠬᠡ ᠬᠠᠭᠠᠨ ᠰᠤᠤ ᠪᠢᠯᠢᠭᠲᠦ ᠭᠠᠷᠮᠠᠭᠠᠢ ᠴᠢᠳᠠᠪᠤᠷᠢᠲᠠᠨ ᠮᠥᠩᠬᠡ1259 ᠣᠨ ᠤ᠋ 7 ᠳ᠋ᠤᠭᠠᠷ ᠰᠠᠷ᠎ᠠ ᠳ᠋ᠤ᠌ 53 ᠨᠠᠰᠤᠲᠠᠢ ᠳ᠋ᠤ᠌ ᠪᠠᠨ ᠡᠮᠦᠨᠡᠲᠦ ᠰᠥᠩ ᠤᠯᠤᠰ ᠤ᠋ᠨ ᠴᠡᠷᠢᠭ ᠲᠡᠢ ᠳᠠᠢᠳᠤᠵᠤ ᠶᠠᠪᠤᠭᠠᠳ ᠵᠧᠦ ᠱᠠᠨ ᠠᠭᠤᠯᠠ ᠶ᠋ᠢᠨ ᠪᠡᠯᠭᠡ ᠵᠣ ᠳ᠋ᠤ᠌ ᠴᠡᠷᠢᠭ ᠦ᠋ᠨ ᠮᠠᠢᠬᠠᠨ ᠳ᠋ᠤ᠌ ᠲᠠᠭᠠᠯᠠᠯ ᠲᠡᠭᠦᠰᠬᠦ ᠳ᠋ᠦ᠍ ᠨᠢ ᠳᠡᠷᠭᠡᠳᠡ ᠨᠢ ᠪᠣᠭᠣᠷᠴᠢ ᠶ᠋ᠢᠨ ᠬᠦᠦ ᠲᠦᠮᠡᠨ ᠴᠡᠷᠢᠭ ᠦ᠋ᠨ ᠵᠠᠬᠢᠷᠤᠭᠴᠢ ᠪᠤᠮᠠᠨᠲᠠᠢ᠂ ᠨᠡᠷᠡᠲᠦ ᠵᠠᠩᠵᠤᠨ ᠲᠣᠭᠣᠭᠠᠨ ᠨᠠᠷ ᠤ᠋ᠨ ᠬᠥᠮᠦᠰ ᠪᠠᠢᠵᠠᠢ᠃ ᠶᠡᠬᠡ ᠬᠠᠭᠠᠨ ᠤ᠋ ᠱᠠᠷᠢᠯ ᠢ᠋ ᠮᠣᠩᠭᠣᠯ ᠭᠠᠵᠠᠷ ᠲᠤ ᠠᠪᠴᠢᠷᠠᠵᠤ ᠴᠢᠩᠭᠢᠰ᠂ ᠥᠭᠡᠳᠡᠢ ᠨᠠᠷ ᠤ᠋ᠨ ᠣᠷᠣᠰᠢᠭᠤᠯᠤᠭᠰᠠᠨ ᠶᠡᠬᠡ ᠬᠣᠷᠢᠭ ᠲᠤ ᠶᠣᠰᠣ ᠲᠡᠭᠦᠯᠳᠡᠷ ᠵᠠᠯᠠᠵᠤ ᠣᠷᠣᠰᠢᠭᠤᠯᠤᠭᠰᠠᠨ ᠪᠠᠢᠨ᠎ᠠ᠃
ᠦᠰᠦᠭ ᠠᠮᠢᠯᠠᠭᠤᠯᠤᠭᠰᠠᠨ ᠨᠢ᠄ ᠲᠩᠷᠢ ᠡᠵᠢ᠂ ᠳᠠᠪᠰᠢᠯᠲᠦ᠂ ᠴᠣᠯᠮᠣᠨᠲᠤᠶᠠᠭ᠎ᠠ
