ᠲᠤᠩᠭᠠᠮᠠ-ᠪᠠᠰᠠᠩᠵᠠᠪ DUNGAAMAA- D.BaasanjavДУНГААМАА- Д.Баасанжав
ᠲᠤᠩᠭᠠᠮᠠ
ᠦᠭᠡ᠄ ᠳ· ᠮᠠᠮᠤ
ᠠᠶ᠎ᠠ᠄ ᠴ· ᠴᠢᠩᠵᠣᠷᠢᠭ
ᠳᠠᠭᠤᠴᠢᠨ᠄ ᠪᠠᠰᠠᠩᠵᠠᠪ
ᠡᠷᠦᠬᠡ ᠪᠡᠨ ᠲᠠᠲᠠᠵᠤ ᠦᠷ ᠦ᠋ᠨ ᠭᠡᠭᠡ ᠶ᠋ᠢ
ᠲᠣᠭᠣᠨᠣ ᠪᠠᠷ ᠴᠢ ᠮᠢᠨᠢ ᠲᠣᠰᠣᠨ ᠵᠠᠯᠠᠯ᠎ᠠ
ᠲᠣᠭᠣᠨᠣ ᠶ᠋ᠢᠨ ᠬᠠᠳᠠᠭ ᠲᠤ᠌ ᠲᠣᠷᠲᠣᠭ ᠠᠮᠰᠠᠭᠤᠯᠵᠤ
ᠭᠠᠯ ᠤ᠋ᠨ ᠪᠤᠷᠬᠠᠨ ᠢ᠋ᠶ᠋ᠠᠨ ᠲᠤᠯᠭᠠᠨ ᠳ᠋ᠤ᠌ ᠳᠠᠬᠢᠳᠠᠭ
ᠬᠣᠨᠣᠭ ᠬᠣᠨᠣᠭ ᠤ᠋ᠨ ᠬᠣᠷᠸ᠎ᠠ ᠳ᠋ᠤ᠌ ᠪᠠᠨ
ᠡᠷᠭᠢᠭᠡᠳ ᠢᠷᠡᠵᠡᠢ ᠲᠤᠩᠭᠠᠮᠠ
ᠬᠣᠲᠠᠯᠠ ᠶ᠋ᠢᠨ ᠪᠠᠶᠠᠷᠲᠤ ᠮᠢᠨᠦ ᠯᠡ ᠠᠮᠠᠷᠠᠭ
ᠳᠠᠭᠤᠯᠠᠵᠤ ᠯᠠ ᠶᠠᠪᠤᠨ᠎ᠠ ᠳᠠ ᠲᠤᠩᠭᠠᠮᠠ
ᠨᠠᠮᠢᠷᠠᠨ ᠠᠰᠬᠠᠬᠤ ᠭᠣᠣᠯ ᠰᠢᠭ᠋ ᠬᠠᠷᠠᠴᠠ ᠴᠢᠨᠢ
ᠦᠷ ᠦ᠋ᠨ ᠲᠡᠷᠭᠡᠯ ᠭᠡᠭᠡ ᠪᠠᠢᠨ᠎ᠠ
ᠨᠠᠩᠵᠢᠳ ᠮᠠᠷᠲᠠᠭᠠᠮᠠ ᠬᠣᠩᠭᠣᠷ ᠴᠢ ᠮᠢᠨᠢ
ᠮᠢᠨᠦ ᠭᠡᠷ ᠦ᠋ᠨ ᠰᠦᠯᠳᠡ ᠨᠢ ᠪᠠᠢᠨ᠎ᠠ
ᠬᠣᠨᠣᠭ ᠬᠣᠨᠣᠭ ᠤ᠋ᠨ ᠬᠣᠷᠸ᠎ᠠ ᠳ᠋ᠤ᠌ ᠪᠠᠨ
ᠡᠷᠭᠢᠭᠡᠳ ᠢᠷᠡᠵᠡᠢ ᠲᠤᠩᠭᠠᠮᠠ
ᠬᠥᠮᠦᠨ ᠦ᠌ ᠵᠣᠪᠠᠯᠠᠩ ᠳ᠋ᠤ᠌ ᠮᠢᠨᠦ ᠯᠡ ᠠᠮᠠᠷᠠᠭ
ᠤᠬᠢᠯᠠᠵᠤ ᠶᠠᠪᠤᠨ᠎ᠠ ᠳᠠ ᠲᠤᠩᠭᠠᠮᠠ
ᠥᠲᠡᠯᠦᠭᠡᠳ ᠨᠡᠭᠦᠮᠡ ᠦᠭᠡᠢ ᠨᠤᠲᠤᠭ ᠰᠢᠭ᠋ ᠴᠢᠮ᠎ᠠ ᠲᠠᠢ ᠪᠠᠨ
ᠡᠭᠦᠯᠡᠨ ᠰᠡᠭᠦᠳᠡᠷ ᠢ᠋ ᠦᠵᠡᠯ ᠦᠭᠡᠢ ᠴᠡᠩᠭᠡᠯᠳᠦᠨ᠎ᠡ
ᠡᠭᠦᠳᠡᠨ ᠬᠣᠢᠮᠣᠷ ᠢ᠋ᠶ᠋ᠠᠨ ᠡᠵᠡᠩᠨᠡᠨ ᠬᠠᠨᠢᠰᠠᠭᠠᠳ
ᠵᠡᠭᠦᠳᠦᠨ ᠳ᠋ᠦ᠍ ᠶᠤᠮ ᠰᠢᠭ᠋ ᠮᠠᠲᠠᠯ ᠦᠭᠡᠢ ᠵᠢᠷᠭᠠᠯᠲᠠᠢ
ᠬᠣᠨᠣᠭ ᠬᠣᠨᠣᠭ ᠤ᠋ᠨ ᠬᠣᠷᠸ᠎ᠠ ᠳ᠋ᠤ᠌ ᠪᠠᠨ
ᠡᠷᠭᠢᠭᠡᠳ ᠢᠷᠡᠵᠡᠢ ᠲᠤᠩᠭᠠᠮᠠ
ᠦᠷ᠎ᠡ ᠶ᠋ᠢᠨ ᠵᠠᠶᠠᠭᠠᠨ ᠳ᠋ᠤ᠌ ᠮᠢᠨᠦ ᠯᠡ ᠠᠮᠠᠷᠠᠭ
ᠵᠢᠷᠭᠠᠵᠤ ᠯᠠ ᠶᠠᠪᠤᠨ᠎ᠠ ᠳᠠ ᠲᠤᠩᠭᠠᠮᠠ
ᠳᠡᠨᠵᠢ ᠶ᠋ᠢᠨ ᠬᠠᠷᠭᠤᠢ ᠳ᠋ᠤ᠌ ᠳᠥᠮᠥᠨ ᠱᠦᠷᠭᠦᠭᠦᠯᠵᠦ
ᠳᠠᠷᠠᠰᠤ ᠤᠤ ᠰᠢᠷᠠᠯᠵᠢ ᠤᠤ ᠮᠡᠳᠡᠪᠡ ᠰᠢᠦ ᠳᠡ
ᠳᠡᠯᠡᠬᠡᠢ ᠶ᠋ᠢᠨ ᠬᠥᠮᠦᠨ ᠲᠡᠢ ᠳᠥᠷᠥᠭᠡ ᠱᠦᠷᠭᠦᠭᠦᠯᠵᠦ
ᠳᠠᠷᠠᠰᠤ ᠦᠨᠡᠨ ᠤᠤ ᠲᠠᠨᠢᠪᠠ ᠰᠢᠦ ᠳᠡ
ᠬᠣᠨᠣᠭ ᠬᠣᠨᠣᠭ ᠤ᠋ᠨ ᠬᠣᠷᠸ᠎ᠠ ᠳ᠋ᠤ᠌ ᠪᠠᠨ
ᠡᠷᠭᠢᠭᠡᠳ ᠢᠷᠡᠵᠡᠢ ᠲᠤᠩᠭᠠᠮᠠ
ᠬᠣᠯᠠ ᠶ᠋ᠢᠨ ᠣᠳᠣ ᠲᠠᠢ ᠴᠤ᠌ ᠮᠢᠨᠦ ᠯᠡ ᠠᠮᠠᠷᠠᠭ
ᠣᠢᠷᠠᠬᠠᠨ ᠶᠠᠪᠤᠨ᠎ᠠ ᠳᠠ ᠲᠤᠩᠭᠠᠮᠠ
ᠬᠣᠨᠣᠭ ᠬᠣᠨᠣᠭ ᠤ᠋ᠨ ᠬᠣᠷᠸ᠎ᠠ ᠳ᠋ᠤ᠌ ᠪᠠᠨ
ᠡᠷᠭᠢᠭᠡᠳ ᠢᠷᠡᠵᠡᠢ ᠲᠤᠩᠭᠠᠮᠠ
ᠬᠣᠲᠠᠯᠠ ᠶ᠋ᠢᠨ ᠪᠠᠶᠠᠷ ᠲᠤ᠌ ᠮᠢᠨᠦ ᠯᠡ ᠠᠮᠠᠷᠠᠭ
ᠳᠠᠭᠤᠯᠠᠵᠤ ᠯᠠ ᠶᠠᠪᠤᠨ᠎ᠠ ᠳᠠ ᠲᠤᠩᠭᠠᠮᠠ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
