ᠢᠵᠠᠭᠤᠷ ᠳᠠᠭᠤᠯᠠᠯ-ᠮᠠᠷᠠᠯ ᠣᠳᠣ᠌Язгуур дуулал-Ч. Марал-ОдMaralod
ᠢᠵᠠᠭᠤᠷ ᠳᠠᠭᠤᠯᠠᠯ
ᠦᠭᠡ᠄ ᠴ· ᠴᠠᠭᠨᠠᠳᠣᠷᠵᠢ
ᠠᠶ᠎ᠠ᠄ ᠢᠷᠦᠭᠡᠯᠴᠢ ᠰᠦᠬᠡ
ᠳᠠᠭᠤᠴᠢᠨ ᠮᠠᠷᠠᠯᠠᠣᠳᠤ
ᠤᠷᠲᠤ ᠶ᠋ᠢᠨ ᠳᠠᠭᠤᠨ ᠤ᠋ ᠰᠢᠷᠤᠩᠬᠠᠢ ᠳ᠋ᠤ᠌ ᠤᠷᠠᠨ ᠪᠢᠢ ᠪᠡᠨ ᠪᠡᠶᠡᠯᠡᠬᠦ ᠤᠤ
ᠠᠭᠤᠯᠠ ᠤᠰᠤᠨ ᠤ᠋ ᠴᠢᠮᠡᠭᠡᠨ ᠳ᠋ᠦ᠍ ᠱᠠᠭᠱᠤᠤᠷ ᠯᠢᠮᠪᠦ ᠪᠡᠷ ᠲᠣᠭᠯᠠᠬᠤ ᠤᠤ
ᠤᠶᠠᠬᠠᠨ ᠡᠵᠢ ᠶ᠋ᠢᠨ ᠪᠦᠪᠡᠢ ᠶ᠋ᠢᠨ ᠳᠠᠭᠤᠤ ᠶ᠋ᠢ ᠢᠵᠠᠭᠤᠷ ᠲᠩᠷᠢ ᠢᠪᠡᠭᠡᠭ ᠠ᠋
ᠤᠷᠤᠭ ᠲᠥᠷᠥᠯ ᠦ᠋ᠨ ᠠᠷᠭᠠᠮᠵᠢᠶ᠎ᠠ ᠡᠪᠦᠭᠡ ᠳᠡᠭᠡᠳᠦᠰ ᠥᠷᠥᠰᠢᠶᠡᠭ ᠠ᠋
ᠭᠣᠷᠣᠬ᠎ᠠ ᠪᠤᠯᠠᠭ ᠤ᠋ᠨ ᠴᠠᠮᠨᠠᠭ᠎ᠠ ᠬᠠᠷᠬᠢᠷᠠᠭᠠᠨ ᠳᠠᠭᠤ ᠪᠠᠷ ᠣᠷᠭᠢᠯᠤᠭ ᠠ᠋
ᠭᠠᠯ ᠤ᠋ᠨ ᠪᠤᠷᠬᠠᠨ ᠤ᠋ ᠴᠤᠴᠠᠯᠢ ᠬᠤᠭᠤᠷ ᠤ᠋ᠨ ᠲᠠᠲᠠᠯᠭ᠎ᠠ ᠪᠠᠷ ᠳᠦᠷᠡᠯᠵᠡᠭ ᠠ᠋
ᠠᠮᠠᠰᠠᠷ ᠳᠦᠭᠦᠷᠭᠡᠬᠦ ᠲᠣᠭᠣᠷ᠎ᠠ ᠳ᠋ᠤ᠌ ᠠᠭᠰᠠᠯ ᠪᠠᠭᠰᠠᠯ ᠪᠥᠵᠢᠭᠯᠡᠶᠦ
ᠠᠯᠲᠠᠨ ᠭᠠᠳᠠᠰᠤ ᠶ᠋ᠢᠨ ᠲᠤᠶᠠᠭᠠᠨ ᠳ᠋ᠤ᠌ ᠴᠦ᠋ ᠲᠣᠭᠯᠠᠨ ᠢᠨᠢᠶᠡᠯᠳᠦᠶᠦ
ᠠᠬᠤᠢ ᠶ᠋ᠢᠨ ᠬᠠᠨᠠᠨ ᠳ᠋ᠤ᠌ ᠵᠢᠷᠤᠭᠳᠠᠭᠰᠠᠨ ᠪᠢᠴᠢᠭᠡᠰᠦ ᠶ᠋ᠢ ᠪᠥᠵᠢᠲᠡᠯᠡ ᠬᠥᠭᠵᠢᠯᠳᠦᠬᠦ ᠤᠤ
ᠠᠷᠤᠭ ᠲᠠᠢ ᠠᠷᠭᠠᠯ ᠴᠠᠯᠭᠢᠲᠠᠯ᠎ᠠ ᠳᠠᠭᠤᠤ ᠪᠠᠨ ᠳᠠᠭᠤᠯᠠᠨ ᠬᠠᠲᠠᠷᠢᠬᠤ ᠤᠤ
ᠢᠰᠡᠭᠡᠢ ᠭᠡᠷ ᠦ᠋ᠨ ᠬᠣᠢᠮᠣᠷ ᠠ᠋ᠴᠠ ᠪᠤᠷᠬᠠᠨ ᠪᠡᠶᠡᠰᠦᠨ ᠵᠠᠯᠪᠠᠷᠢᠭ ᠠ᠋
ᠡᠪ ᠦ᠋ᠨ ᠬᠣᠶᠠᠷ ᠵᠢᠭᠠᠰᠤ ᠰᠣᠶᠣᠮᠪᠣ ᠶ᠋ᠢᠨ ᠳᠣᠲᠣᠷ᠎ᠠ ᠠ᠋ᠴᠠ ᠪᠢᠰᠢᠷᠡᠭ ᠠ᠋
ᠭᠣᠷᠣᠬ᠎ᠠ ᠪᠤᠯᠠᠭ ᠤ᠋ᠨ ᠴᠠᠮᠨᠠᠭ᠎ᠠ ᠬᠠᠷᠬᠢᠷᠠᠭᠠᠨ ᠳᠠᠭᠤ ᠪᠠᠷ ᠣᠷᠭᠢᠯᠤᠭ ᠠ᠋
ᠭᠠᠯ ᠤ᠋ᠨ ᠪᠤᠷᠬᠠᠨ ᠤ᠋ ᠴᠤᠴᠠᠯᠢ ᠬᠤᠭᠤᠷ ᠤ᠋ᠨ ᠲᠠᠲᠠᠯᠭ᠎ᠠ ᠪᠠᠷ ᠳᠦᠷᠡᠯᠵᠡᠭ ᠠ᠋
ᠠᠮᠠᠰᠠᠷ ᠳᠦᠭᠦᠷᠭᠡᠬᠦ ᠲᠣᠭᠣᠷ᠎ᠠ ᠳ᠋ᠤ᠌ ᠠᠭᠰᠠᠯ ᠪᠠᠭᠰᠠᠯ ᠪᠥᠵᠢᠭᠯᠡᠶᠦ
ᠠᠯᠲᠠᠨ ᠭᠠᠳᠠᠰᠤ ᠶ᠋ᠢᠨ ᠲᠤᠶᠠᠭᠠᠨ ᠳ᠋ᠤ᠌ ᠴᠦ᠋ ᠲᠣᠭᠯᠠᠨ ᠢᠨᠢᠶᠡᠯᠳᠦᠶᠦ
ᠵᠠᠯᠪᠠᠷᠢᠭᠰᠠᠨ ᠠᠪᠤ ᠶ᠋ᠢᠨ ᠲᠠᠬᠢᠯ ᠲᠠᠢ ᠱᠣᠩᠬᠣᠷ ᠰᠦᠯᠳᠡ ᠨᠢ ᠢᠪᠡᠭᠡᠭ ᠠ᠋
ᠵᠠᠯᠠᠯᠭ᠎ᠠ ᠳᠠᠭᠤᠳᠠᠨ ᠢᠷᠦᠭᠡᠭᠰᠡᠨ ᠠᠭᠤᠯᠠ ᠤᠰᠤ ᠮᠢᠨᠢ ᠢᠪᠡᠭᠡᠭ ᠠ᠋
ᠬᠠᠨ ᠲᠩᠷᠢ ᠠᠪᠤ ᠶ᠋ᠢᠨ ᠲᠠᠬᠢᠯ ᠲᠠᠢ ᠰᠢᠲᠦᠭᠡᠨ ᠰᠦᠯᠳᠡ ᠨᠢ ᠥᠷᠥᠰᠢᠶᠡᠭ ᠠ᠋
ᠬᠠᠲᠤᠨ ᠡᠵᠢ ᠶ᠋ᠢᠨ ᠰᠠᠴᠤᠯᠢ ᠲᠠᠢ ᠠᠭᠤᠯᠠ ᠤᠰᠤ ᠨᠢ ᠢᠪᠡᠭᠡᠭ ᠠ᠋
ᠭᠣᠷᠣᠬ᠎ᠠ ᠪᠤᠯᠠᠭ ᠤ᠋ᠨ ᠴᠠᠮᠨᠠᠭ᠎ᠠ ᠬᠠᠷᠬᠢᠷᠠᠭᠠᠨ ᠳᠠᠭᠤ ᠪᠠᠷ ᠣᠷᠭᠢᠯᠤᠭ ᠠ᠋
ᠭᠠᠯ ᠤ᠋ᠨ ᠪᠤᠷᠬᠠᠨ ᠤ᠋ ᠴᠤᠴᠠᠯᠢ ᠬᠤᠭᠤᠷ ᠤ᠋ᠨ ᠲᠠᠲᠠᠯᠭ᠎ᠠ ᠪᠠᠷ ᠳᠦᠷᠡᠯᠵᠡᠭ ᠠ᠋
ᠠᠮᠠᠰᠠᠷ ᠳᠦᠭᠦᠷᠭᠡᠬᠦ ᠳᠤᠭᠤᠷ᠎ᠠ ᠳ᠋ᠤ᠌ ᠠᠭᠰᠠᠯ ᠪᠠᠭᠰᠠᠯ ᠪᠥᠵᠢᠭᠯᠡᠶᠦ
ᠠᠯᠲᠠᠨ ᠭᠠᠳᠠᠰᠤ ᠶ᠋ᠢᠨ ᠲᠤᠶᠠᠭᠠᠨ ᠳ᠋ᠤ᠌ ᠴᠦ᠋ ᠲᠣᠭᠯᠠᠨ ᠢᠨᠢᠶᠡᠯᠳᠦᠶᠦ
ᠭᠣᠷᠣᠬ᠎ᠠ ᠪᠤᠯᠠᠭ ᠤ᠋ᠨ ᠴᠠᠮᠨᠠᠭ᠎ᠠ ᠬᠠᠷᠬᠢᠷᠠᠭᠠᠨ ᠳᠠᠭᠤ ᠪᠠᠷ ᠣᠷᠭᠢᠯᠤᠭ ᠠ᠋
ᠭᠠᠯ ᠤ᠋ᠨ ᠪᠤᠷᠬᠠᠨ ᠤ᠋ ᠴᠤᠴᠠᠯᠢ ᠬᠤᠭᠤᠷ ᠤ᠋ᠨ ᠲᠠᠲᠠᠯᠭ᠎ᠠ ᠪᠠᠷ ᠳᠦᠷᠡᠯᠵᠡᠭ ᠠ᠋
ᠠᠮᠠᠰᠠᠷ ᠳᠦᠭᠦᠷᠭᠡᠬᠦ ᠲᠣᠭᠣᠷ᠎ᠠ ᠳ᠋ᠤ᠌ ᠠᠭᠰᠠᠯ ᠪᠠᠭᠰᠠᠯ ᠪᠥᠵᠢᠭᠯᠡᠶᠦ
ᠠᠯᠲᠠᠨ ᠭᠠᠳᠠᠰᠤ ᠶ᠋ᠢᠨ ᠲᠤᠶᠠᠭᠠᠨ ᠳ᠋ᠤ᠌ ᠴᠦ᠋ ᠲᠣᠭᠯᠠᠨ ᠢᠨᠢᠶᠡᠯᠳᠦᠶᠦ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
