ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠵᠢᠷᠭᠤᠳᠤᠭᠠᠷ ᠪᠦᠯᠦᠭ 6-7> Бүлжхэн хатан– [монгол] Дамбын Төрбат <зургадугаар бүлэг 6-7>
ᠪᠦᠯᠵᠢᠬᠢᠨ ᠬᠠᠲᠤᠨ– <ᠵᠢᠷᠭᠤᠳᠤᠭᠠᠷ ᠪᠦᠯᠦᠭ 6-7>
6
ᠴᠠᠭᠠᠭᠴᠢᠨ ᠮᠣᠭᠠᠢ ᠵᠢᠯ ᠦ᠋ᠨ ᠬᠠᠪᠤᠷ ᠤ᠋ᠨ ᠠᠳᠠᠭ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠬᠠᠮᠤᠭ ᠮᠣᠩᠭᠣᠯ ᠤ᠋ᠨ ᠶᠡᠬᠡ ᠴᠡᠷᠢᠭ ᠬᠠᠷ᠎ᠠ ᠵᠢᠷᠦᠬᠡᠨ ᠦ᠌ ᠬᠥᠬᠡ ᠨᠠᠭᠤᠷᠠ᠋ᠴᠠ ᠭᠤᠷᠪᠠᠨ ᠵᠠᠮ ᠪᠣᠯᠤᠨ ᠶᠢᠰᠦᠨ ᠲᠠᠲ᠋ᠠᠷ ᠠ᠋ᠴᠠ ᠶᠠᠯ᠎ᠠ ᠠᠰᠠᠭᠤᠬᠤ ᠪᠠᠷ ᠮᠣᠷᠳᠠᠪᠠ᠃ ᠲᠤᠩ ᠰᠠᠶᠢᠬᠠᠨ ᠬᠥᠯ ᠳᠠᠷᠤᠵᠤ᠂ ᠬᠦᠯᠦᠭ ᠮᠣᠷᠢᠳ ᠤ᠋ᠨ ᠦᠦᠷᠰᠡᠨ ᠢᠨᠴᠠᠭᠠᠬᠤ ᠴᠢᠮᠡᠭᠡᠨ ᠳ᠋ᠦ᠍ ᠥᠨᠳᠡᠯᠵᠡᠨ ᠠᠭᠰᠠᠨ ᠪᠤᠷᠬᠠᠨ ᠬᠠᠯᠳᠤᠨ ᠤ᠋ ᠬᠥᠬᠡ ᠠᠭᠤᠯᠠᠰ ᠡᠵᠡᠭᠦᠢ ᠴᠡᠩᠬᠡᠷ ᠠᠰᠠᠷ ᠰᠢᠭ᠋ ᠬᠠᠪᠤᠷ ᠤ᠋ᠨ ᠵᠡᠷᠭᠡᠯᠭᠡᠨ ᠳ᠋ᠦ᠍ ᠥᠨᠳᠡᠯᠵᠡᠨ ᠦᠯᠡᠲᠡᠯ᠎ᠡ᠃ ᠲᠡᠷᠡ ᠬᠦ᠌ ᠲᠩᠷᠢ ᠶ᠋ᠢᠨ ᠬᠥᠬᠡ ᠠᠰᠠᠷ ᠤ᠋ᠨ ᠬᠣᠷᠮᠣᠢ ᠲᠦᠰᠢᠭᠦᠯᠦᠨ ᠪᠠᠷᠢᠭᠰᠠᠨ ᠭᠡᠯᠲᠡᠢ ᠬᠠᠭᠠᠨ ᠠᠯᠲᠠᠨ ᠲᠡᠷᠮ᠎ᠡ ᠶ᠋ᠢᠨ ᠭᠠᠳᠠᠭ᠎ᠠ ᠬᠣᠲᠣᠯᠠ ᠬᠠᠭᠠᠨ ᠪᠠᠷ᠎ᠠ ᠪᠣᠯᠤᠭᠴᠢᠳ ᠤ᠋ᠨ ᠬᠠᠮᠲᠤ ᠰᠠᠴᠤᠯᠢ ᠰᠠᠴᠤᠨ ᠥᠴᠢᠯ ᠥᠴᠢᠨ ᠦᠯᠡᠳᠡᠪᠡ᠃ ᠠᠯᠲᠠᠨ ᠲᠣᠭᠣᠰᠣ ᠨᠢ ᠮᠠᠨᠠᠷᠠᠨ ᠬᠣᠯᠠᠳᠬᠤ ᠬᠦᠯᠦᠭ ᠪᠠᠭᠠᠲᠤᠷ ᠤ᠋ᠳ ᠤ᠋ᠨ ᠴᠤᠪᠤᠭ᠎ᠠ ᠶ᠋ᠢ ᠬᠠᠷᠠᠵᠤ ᠬᠠᠷᠠᠵᠤ᠂
— ᠬᠠᠭᠠᠨ ᠠᠪᠤ ᠰᠣᠶᠣᠷᠬ᠎ᠠ᠂ ᠲᠠ ᠨᠠᠮᠠᠶ᠋ᠢ ᠬᠣᠷᠴᠢ ᠪᠣᠯᠭᠠᠬᠤ ᠨᠢ ᠤᠤ? ᠬᠡᠮᠡᠬᠦ ᠳ᠋ᠦ᠍ ᠬᠥᠩᠬᠥᠷ ᠬᠣᠷᠴᠢ ᠲᠣᠰᠣᠨ ᠠᠪᠴᠤ᠂
— ᠲᠠ ᠬᠠᠭᠠᠨ ᠤᠷᠤᠭ ᠤ᠋ᠨ ᠬᠥᠮᠦᠨ ᠪᠢᠯᠡ᠃ ᠢᠷᠡᠬᠦ ᠵᠢᠯ ᠦ᠋ᠳ ᠦ᠋ᠨ ᠲᠩᠷᠢ ᠳ᠋ᠦ᠍ ᠢᠯᠠᠬᠤ ᠣᠳᠣ ᠴᠢᠨᠢ ᠪᠠᠢᠭ᠎ᠠ ᠪᠣᠢ ᠪᠢᠵᠡ ᠬᠡᠮᠡᠪᠡ᠃ ᠬᠣᠷᠴᠢ ᠶ᠋ᠢᠨ ᠨᠢᠳᠦ ᠭᠠᠷᠠᠬᠠᠯᠠᠵᠤ᠂ ᠴᠢᠷᠠᠢ ᠴᠣᠩᠬᠢᠢᠨ ᠰᠤᠯᠠᠳᠠᠵᠤ ᠶᠠᠳᠠᠷᠠᠭᠰᠠᠨ ᠬᠠᠷᠠᠭᠳᠠᠨ᠎ᠠ᠃ ᠲᠡᠷᠡ ᠪᠡᠷ ᠬᠠᠮᠤᠭ ᠮᠣᠩᠭᠣᠯ ᠤ᠋ᠨ ᠠᠮᠪᠠᠭᠠᠢ ᠬᠠᠭᠠᠨ ᠢ᠋ ᠮᠣᠳᠣᠨ ᠡᠯᠵᠢᠭᠡᠨ ᠳ᠋ᠦ᠍ ᠬᠠᠲᠠᠵᠤ ᠦᠬᠦᠭᠦᠯᠪᠡ ᠬᠡᠮᠡᠬᠦ ᠰᠤᠷᠠᠭ ᠰᠣᠨᠣᠰᠤᠭᠰᠠᠨᠠ᠋ᠴᠠ ᠬᠣᠢᠰᠢ ᠨᠣᠢᠷ ᠦᠭᠡᠢ ᠬᠣᠨᠣᠭᠰᠠᠨ ᠬᠥᠮᠦᠨ ᠭᠡᠬᠦ ᠳ᠋ᠦ᠍ ᠪᠣᠯᠤᠨ᠎ᠠ ᠪᠢᠯᠡ᠃ ᠶᠡᠷᠦ ᠬᠠᠨᠯᠢᠭ ᠳᠠᠶᠠᠭᠠᠷ ᠬᠥᠯ ᠳᠡᠭᠡᠷ᠎ᠡ ᠪᠡᠨ ᠪᠣᠰᠤᠭᠰᠠᠨ ᠶᠤᠮᠰᠠᠨᠵᠠᠢ᠃ ᠬᠣᠷᠬᠣᠨᠠᠭ ᠵᠢᠪᠣᠷ ᠤ᠋ᠨ ᠬᠥᠨᠳᠡᠢ ᠳ᠋ᠦ᠍ ᠨᠠᠮᠤᠷ ᠤ᠋ᠨ ᠳᠤᠮᠳᠠ ᠰᠠᠷ᠎ᠠ ᠳ᠋ᠤ᠌ ᠬᠤᠷᠠᠯᠲᠠᠢ ᠬᠤᠷᠠᠨ ᠴᠤᠭᠯᠠᠵᠤ᠂ ᠬᠠᠪᠤᠯ ᠰᠡᠴᠡᠨ ᠦ᠌ ᠬᠣᠲᠣᠯᠠ ᠨᠣᠶᠠᠨ ᠢ᠋ ᠬᠠᠭᠠᠨ ᠡᠷᠭᠦᠮᠵᠢᠯᠡᠨ ᠶᠣᠰᠣ ᠶ᠋ᠢ ᠶᠣᠰᠣᠯᠠᠵᠤ ᠬᠣᠷᠬᠣᠨᠠᠭ ᠤ᠋ᠨ ᠰᠠᠭᠯᠠᠭᠠᠷ ᠮᠣᠳᠣᠨ ᠤ᠋ ᠳᠣᠣᠷ᠎ᠠ ᠬᠠᠪᠢᠷᠭ᠎ᠠ ᠭᠠᠵᠠᠷ ᠢ᠋ ᠬᠠᠯᠴᠠᠷᠠᠲᠠᠯᠠ᠂ ᠡᠪᠦᠳᠦᠭ ᠭᠠᠵᠠᠷ ᠢ᠋ ᠥᠯᠴᠡᠷᠡᠲᠡᠯᠡ ᠳᠡᠪᠬᠡᠴᠡᠨ ᠪᠥᠵᠢᠨ ᠬᠤᠷᠢᠮᠯᠠᠭᠰᠠᠨ ᠠᠪᠠᠢ᠃ ᠵᠠᠭᠠᠷ ᠤ᠋ᠨ ᠦᠨᠦᠷ᠂ ᠢᠳᠤᠭᠠᠨ ᠡᠬᠡ ᠶ᠋ᠢᠨ ᠠᠰᠠᠭᠠᠭᠰᠠᠨ ᠶᠡᠬᠡ ᠲᠦᠳᠡᠭ ᠦ᠋ᠨ ᠭᠡᠷᠡᠯ ᠳ᠋ᠦ᠍ ᠬᠠᠭᠠᠨ ᠲᠠᠢ ᠪᠣᠯᠤᠭᠰᠠᠨ ᠲᠦᠮᠡᠨ ᠦ᠌ ᠨᠢᠭᠤᠷ ᠲᠤᠨᠢ ᠪᠠᠶᠠᠷ ᠬᠡᠷᠡᠯᠳᠦᠵᠦ ᠢᠨᠢᠶᠡᠵᠦ ᠠᠭᠰᠠᠨ ᠴᠤ᠌ ᠨᠢᠳᠦᠨ ᠳ᠋ᠦ᠍ᠨᠢ ᠬᠢᠯᠢᠩ ᠭᠢᠯᠠᠯᠵᠠᠨ ᠪᠠᠢᠬᠤ ᠶ᠋ᠢ ᠬᠥᠩᠬᠥᠷ ᠬᠣᠷᠴᠢ ᠠᠵᠢᠵᠤ ᠪᠢᠯᠡ᠃ ᠲᠡᠷᠡ ᠬᠦ᠌ ᠶᠡᠬᠡ ᠨᠠᠢᠷ ᠬᠤᠷᠢᠮ ᠤ᠋ᠨ ᠮᠠᠷᠭᠠᠰᠢ ᠥᠷᠯᠥᠭᠡ ᠬᠣᠲᠣᠯᠠ ᠬᠠᠭᠠᠨ ᠤ᠋ ᠵᠠᠷᠯᠢᠭ ᠲᠦᠭᠡᠵᠦ᠂《ᠥᠬᠢᠨᠪᠠᠷᠬᠠᠭ ᠣᠯᠵᠠᠯᠠᠨ ᠠᠪᠴᠤ ᠳᠣᠷᠣᠮᠵᠢᠯᠠᠨ ᠦᠬᠦᠭᠦᠯᠦᠭᠰᠡᠨ᠂ ᠬᠠᠲᠠᠭᠠᠨ ᠳᠡᠭᠦᠦ ᠶ᠋ᠢ ᠬᠤᠯᠠᠭᠠᠢᠯᠠᠨ ᠠᠪᠴᠤ ᠬᠤᠯᠤᠰᠤ ᠪᠣᠷᠳᠣᠵᠤ ᠠᠯᠠᠭᠰᠠᠨ᠂ ᠠᠮᠪᠠᠭᠠᠢ ᠬᠠᠭᠠᠨ ᠰᠠᠢᠨ ᠰᠡᠳᠬᠢᠯ ᠡᠪᠦᠷᠯᠡᠨ ᠲᠥᠷᠥᠭᠰᠡᠨ ᠭᠦᠩᠵᠦ ᠪᠡᠨ ᠤᠷᠤᠭ ᠤ᠋ᠨ ᠬᠡᠷᠡᠭ ᠢ᠋ᠶ᠋ᠡᠷ ᠠᠪᠴᠤ ᠣᠴᠢᠬᠤ ᠳ᠋ᠤ᠌ ᠮᠣᠳᠣᠨ ᠡᠯᠵᠢᠭᠡᠨ ᠳ᠋ᠦ᠍ ᠬᠠᠳᠠᠨ ᠦᠬᠦᠭᠦᠯᠦᠭᠰᠡᠨ ᠦ᠌ ᠤᠴᠢᠷ ᠶᠢᠰᠦᠨ ᠲᠠᠲ᠋ᠠᠷ ᠠ᠋ᠴᠠ ᠮᠢᠩᠭᠠᠨ ᠶᠠᠯ᠎ᠠ ᠠᠰᠠᠭᠤᠬᠤ》 ᠶᠡᠬᠡ ᠲᠡᠢᠨ ᠦ᠌ ᠨᠦᠰᠡᠷ ᠪᠡᠯᠡᠳᠬᠡᠯ ᠳ᠋ᠦ᠍ ᠣᠷᠣᠵᠤ ᠠᠪᠠᠢ᠃ ᠴᠡᠷᠢᠭ ᠡᠷᠡᠰ ᠡᠪᠦᠯᠵᠢᠨ ᠭᠡᠷ ᠦ᠋ᠨ ᠪᠠᠷ᠎ᠠ ᠬᠠᠷᠠᠯ ᠦᠭᠡᠢ ᠠᠩ ᠤ᠋ᠨ ᠮᠥᠷ ᠬᠥᠭᠡᠭᠡᠵᠦ᠂ ᠬᠦᠯᠦᠭ ᠮᠣᠷᠢᠳ ᠢ᠋ᠶ᠋ᠠᠨ ᠤᠲᠤᠭᠠᠨ ᠤ᠋ ᠦᠨᠦᠷ ᠠᠪᠬᠤ ᠦᠭᠡᠢ ᠠᠯᠤᠰ ᠭᠠᠵᠠᠷ ᠣᠲᠣᠷᠯᠠᠨ ᠲᠠᠷᠭᠤᠯᠠᠭᠤᠯᠵᠤ ᠡᠪᠦᠯᠵᠢᠪᠡ᠃ ᠬᠤᠨ ᠬᠤᠭᠤᠷ ᠮᠥᠷᠥᠯᠡᠭᠰᠡᠨ ᠬᠥᠩᠬᠥᠷ ᠬᠣᠷᠴᠢ ᠴᠠᠩ ᠬᠦᠦᠷᠭᠡ ᠪᠣᠯᠤᠭᠰᠠᠨ ᠬᠠᠷ᠎ᠠ ᠰᠠᠷᠯᠤᠭ ᠢ᠋ᠶ᠋ᠠᠨ ᠳᠠᠪᠢᠴᠢᠨ ᠤᠷᠤᠭᠤ ᠭᠠᠵᠠᠷ ᠭᠤᠯᠭᠤᠵᠤ ᠲᠡᠰᠢᠨ ᠥᠭᠡᠳᠡ ᠭᠠᠵᠠᠷ ᠥᠭᠰᠥᠵᠦ ᠮᠠᠴᠤᠨ ᠶᠠᠪᠤᠵᠤ᠂ ᠣᠲᠣᠭ ᠪᠦᠬᠦᠨ ᠳ᠋ᠦ᠍ ᠦᠦᠬᠡ ᠲᠡᠦᠬᠡ ᠬᠡᠯᠡᠭᠰᠡᠨ ᠠᠪᠠᠢ᠃ ᠡᠷ᠎ᠡ ᠵᠣᠷᠢᠭ ᠤ᠋ᠨ ᠢᠷ ᠬᠤᠷᠴᠠᠯᠠᠵᠤ ᠶᠠᠪᠤᠭ᠎ᠠ ᠨᠢ ᠲᠡᠷᠡ ᠶᠦᠮ᠃ ᠬᠠᠷᠢᠨ ᠮᠡᠩᠬᠢᠲᠦ ᠬᠢᠶᠠᠨ ᠤᠬᠠᠭᠠᠨ ᠤ᠋ ᠤᠷ᠎ᠠ ᠲᠠᠢ ᠭᠡᠮᠡᠨ ᠬᠣᠩᠭᠢᠷᠠᠳ ᠢᠷᠭᠡᠳ ᠡᠴᠡ ᠲᠠᠪᠢ ᠶ᠋ᠢ ᠠᠪᠴᠤ᠂ ᠭᠠᠷ ᠤ᠋ᠨ ᠪᠦᠯᠢ ᠲᠡᠢ ᠭᠡᠮᠡᠨ ᠣᠯᠬᠣᠨᠤᠳ ᠢᠷᠭᠡᠳ ᠡᠴᠡ ᠵᠠᠭᠤ ᠶ᠋ᠢ ᠠᠪᠴᠤ ᠲᠦᠩᠬᠡᠯᠢᠭ ᠭᠣᠷᠣᠬᠠᠨ ᠤ᠋ ᠣᠷᠬᠢᠭᠳᠠᠭᠰᠠᠨ ᠴᠢᠯᠠᠭᠤᠨ ᠰᠦᠮ᠎ᠡ ᠳ᠋ᠦ᠍ ᠳᠠᠷᠬ᠎ᠠ ᠬᠢᠵᠦ ᠢᠯᠳᠦ ᠬᠤᠷᠴᠠᠯᠠᠵᠠᠢ᠃ ᠡᠢᠨ ᠨᠠᠮᠤᠷᠵᠢᠨ ᠡᠪᠦᠯᠵᠢᠨ ᠠᠰᠠᠭᠠᠵᠤ ᠰᠢᠲᠠᠭᠠᠭᠰᠠᠨ ᠵᠣᠷᠢᠭ᠂ ᠤᠷᠤᠰᠴᠤ ᠬᠠᠲᠠᠭᠠᠭᠰᠠᠨ ᠬᠢᠯᠢᠩ ᠬᠠᠪᠤᠷ ᠤ᠋ᠨ ᠠᠳᠠᠭ ᠰᠠᠷ᠎ᠠ ᠶ᠋ᠢᠨ ᠰᠢᠨ᠎ᠡ ᠶ᠋ᠢᠨ ᠭᠤᠷᠪᠠᠨ᠎ᠠ ᠴᠢᠭᠤᠯᠵᠤ ᠣᠷᠳᠣᠨ ᠤ᠋ ᠵᠦᠭ ᠴᠤᠪᠤᠬᠤ ᠨᠢ ᠡᠨᠡ ᠠᠵᠤᠭᠤ᠃
— ᠬᠥᠬᠡ ᠲᠩᠷᠢ ᠢᠪᠡᠭᠡ!
— ᠮᠥᠩᠬᠡ ᠲᠩᠷᠢ ᠶ᠋ᠢᠨ ᠬᠦᠴᠦᠨ ᠳ᠋ᠦ᠍ᠷ ᠲᠡᠷᠰᠯᠡᠭᠦᠦ ᠲᠠᠲ᠋ᠠᠷ ᠢ᠋ ᠨᠣᠮᠣᠬᠠᠳᠬᠠᠵᠤ ᠬᠠᠢᠷᠠᠯᠠ! ᠭᠡᠮᠡᠨ ᠠᠮᠠ ᠠᠮᠠᠨ ᠳ᠋ᠠᠭᠠᠨ ᠥᠭᠦᠯᠡᠬᠦ ᠬᠠᠲᠤᠨ ᠰᠦᠨ ᠰᠠᠴᠤᠯᠢ ᠡᠷᠭᠦᠨ ᠦᠯᠡᠳᠡᠵᠦ ᠠᠪᠠᠢ᠃ ᠪᠦᠯᠵᠢᠭᠡᠨ ᠬᠠᠲᠤᠨ ᠯᠠ ᠪᠢᠴᠢᠬᠠᠨ ᠲᠤᠯᠭᠠᠲᠠᠢ ᠣᠳᠴᠢᠬᠢᠨ ᠢ᠋ ᠲᠠᠰᠤ ᠲᠡᠪᠡᠷᠢᠨ ᠶᠢᠰᠦᠨ ᠲᠠᠲ᠋ᠠᠷ ᠢ᠋ ᠢᠷᠥᠭᠡᠵᠦ ᠴᠦ᠍ ᠬᠠᠷᠢᠶᠠᠵᠤ ᠴᠤ᠌ ᠡᠰᠡ ᠴᠢᠳᠠᠨ ᠬᠠᠷ᠎ᠠ ᠴᠠᠭᠠᠨ ᠳᠠᠭᠤ ᠦᠭᠡᠢ ᠬᠠᠷᠠᠵᠤ ᠵᠣᠭᠰᠣᠪᠠ᠃ ᠶᠡᠬᠡ ᠴᠡᠷᠢᠭ ᠦ᠋ᠨ ᠴᠣᠪᠣᠭᠣ ᠠᠭᠤᠯᠠᠰ ᠥᠪᠥᠷᠯᠡᠨ ᠴᠤᠪᠤᠵᠤ ᠬᠥᠬᠡ ᠶ᠋ᠢᠨ ᠬᠥᠬᠡ ᠤᠨᠢᠶᠠᠷ ᠲᠤ᠌ ᠠᠭᠤᠰᠤᠨ ᠳᠠᠯᠳᠠ ᠣᠷᠣᠪᠠᠢ!
ᠲᠡᠷᠡ ᠬᠦ᠌᠂ ᠨᠡᠭᠦᠵᠦ ᠪᠣᠢ ᠬᠥᠬᠡ ᠠᠭᠤᠯᠠᠰ ᠮᠡᠲᠦ ᠣᠯᠠᠨ ᠴᠡᠷᠢᠭ ᠢ᠋ ᠬᠤᠲᠤᠭᠲᠤ ᠮᠣᠩᠬᠣᠷ ᠶᠡᠷᠦᠩᠬᠡᠢᠯᠡᠨ ᠲᠡᠷᠢᠭᠦᠯᠡᠵᠦ ᠮᠣᠷᠳᠠᠵᠠᠢ᠃ ᠲᠡᠭᠦᠨ ᠦ᠌ ᠪᠠᠷᠠᠭᠤᠨ ᠭᠠᠷ ᠤ᠋ᠨ ᠰᠢᠳᠠᠷ ᠵᠥᠪᠯᠡᠬᠦ᠂ ᠭᠣᠣᠯ ᠵᠠᠮ ᠤ᠋ᠨ ᠴᠡᠷᠢᠭ ᠦ᠋ᠨ ᠵᠠᠩᠵᠤᠨ ᠳ᠋ᠤ᠌ ᠪᠠᠷᠠᠳᠠᠨᠪᠠᠭᠠᠲᠤᠷ ᠲᠣᠬᠣᠭᠠᠵᠤ ᠪᠢᠯᠡ᠃ ᠡᠢᠨ ᠵᠠᠷᠯᠢᠭ ᠪᠣᠯᠬᠤ ᠳ᠋ᠠᠭᠠᠨ《ᠥᠪᠡᠷ ᠦ᠋ᠨ ᠡᠴᠢᠭᠡ ᠶ᠋ᠢᠨ ᠭᠡᠷ ᠲᠦ᠍ ᠡᠪᠦᠷ ᠲᠦᠷᠡᠢ ᠳ᠋ᠡᠭᠡᠨ ᠦᠰᠴᠢᠬᠡᠭᠡᠳ ᠭᠡᠭᠡᠨ ᠨᠠᠷᠠᠨ ᠳᠣᠣᠷ᠎ᠠ ᠪᠢᠳᠡᠨ ᠭᠡᠳᠡᠰᠦᠨ ᠳ᠋ᠡᠭᠡᠨ ᠬᠥᠯ ᠢ᠋ᠶ᠋ᠡᠨ ᠬᠢᠯᠴᠡᠨ ᠠᠯᠳᠠᠵᠤ ᠶᠠᠪᠤᠪᠠ᠃ ᠬᠥᠮᠦᠨ ᠦ᠌ ᠨᠤᠲᠤᠭ ᠲᠤ᠌ ᠡᠪ ᠲᠡᠢ ᠶᠠᠪᠤ᠃ ᠴᠤᠪᠤᠵᠤ ᠶᠠᠪᠤᠭᠰᠠᠨ ᠪᠠᠷᠰᠠ᠋ᠴᠠ ᠴᠤᠭᠯᠠᠵᠤ ᠰᠠᠭᠤᠭᠰᠠᠨ ᠱᠠᠭᠠᠵᠠᠭᠠᠢ ᠭᠡᠳᠡᠭ ᠪᠢᠯᠡ》 ᠭᠡᠮᠡᠨ ᠬᠣᠲᠣᠯᠠ ᠬᠠᠭᠠᠨ ᠠᠮᠢᠨᠴᠢᠯᠠᠨ ᠵᠠᠬᠢᠵᠠᠢ᠃ ᠴᠢᠩᠭᠢᠵᠦ ᠬᠣᠶᠠᠷ ᠠᠬ᠎ᠠ ᠶ᠋ᠢ ᠳᠥᠷᠥᠭᠡ ᠬᠠᠷᠰᠢᠭᠤᠯᠤᠨ ᠢᠯᠡᠭᠡᠭᠡᠳ ᠰᠡᠳᠬᠢᠯ ᠬᠠᠨᠤᠭᠰᠠᠨ ᠨᠢ ᠦᠭᠡᠢ ᠠᠵᠢ᠃ ᠪᠠᠷᠳᠠᠨᠪᠠᠭᠠᠲᠤᠷ ᠤ᠋ᠨ ᠭᠠᠷ ᠰᠢᠳᠠᠷ ᠪᠣᠯᠭᠠᠵᠤ ᠬᠤᠲᠤᠭᠲᠤ ᠮᠣᠩᠬᠣᠷ ᠤ᠋ᠨ ᠭᠠᠭᠴᠠ ᠬᠦᠦ ᠪᠦᠷᠢ ᠪᠥᠬᠡ ᠶ᠋ᠢ ᠮᠣᠷᠳᠠᠭᠤᠯᠵᠠᠢ᠃ ᠠᠪᠠᠭ᠎ᠠ ᠬᠠᠭᠠᠨ ᠤ᠋ ᠶᠡᠬᠡ ᠣᠷᠣ ᠰᠠᠭᠤᠭᠰᠠᠨ ᠨᠠᠭᠠᠳᠤᠮ ᠳ᠋ᠤ᠌ ᠬᠦᠴᠦᠲᠦ ᠡᠷᠡᠰ ᠦ᠋ᠨ ᠲᠦᠷᠦᠭᠦᠦ ᠠᠪᠤᠭᠰᠠᠨ ᠤᠯᠤᠰ ᠤ᠋ᠨ ᠪᠥᠬᠡ ᠪᠦᠷᠢ ᠰᠠᠭᠤᠳᠠᠯ ᠲᠠᠯᠪᠢᠭᠤ ᠡᠮᠡᠭᠡᠯ ᠳᠡᠭᠡᠷ᠎ᠡ ᠪᠡᠨ ᠪᠠᠭᠲᠠᠵᠤ ᠶᠠᠳᠠᠨ ᠬᠠᠩᠬᠠᠯᠵᠠᠵᠤ ᠶᠠᠪᠤᠪᠠ᠃ ᠶᠡᠷᠦ ᠬᠡᠦᠬᠡᠳ ᠢ᠋ᠶ᠋ᠡᠷ ᠢ᠋ᠶ᠋ᠡᠨ ᠡᠷ᠎ᠡ ᠪᠣᠯᠠᠢ᠃ ᠬᠠᠷᠢᠨ ᠬᠤᠲᠤᠭᠲᠤ ᠨᠣᠶᠠᠨ ᠤ᠋ ᠭᠠᠷ ᠤ᠋ᠨ ᠰᠢᠳᠠᠷ ᠲᠤ᠌ ᠪᠠᠷᠳᠠᠨ ᠠᠬ᠎ᠠ ᠶ᠋ᠢᠨ ᠲᠣᠮᠣ ᠬᠦᠦ ᠮᠡᠩᠬᠢᠲᠦ ᠬᠢᠶ᠎ᠡ ᠶ᠋ᠢ ᠮᠣᠷᠳᠠᠭᠤᠯᠤᠭᠰᠠᠨ ᠨᠢ ᠠᠭᠤᠷ ᠬᠢᠯᠢᠩ ᠢ᠋ ᠤᠳᠤᠮ ᠰᠤᠳᠤᠷ ᠢ᠋ᠶ᠋ᠠᠷ ᠰᠦᠯᠵᠢᠭᠰᠡᠨ ᠤᠬᠠᠭᠠᠨ ᠪᠠᠢᠯ᠎ᠠ᠃ ᠬᠣᠲᠣᠯᠠ ᠬᠠᠭᠠᠨ ᠤ᠋ ᠬᠣᠯᠠ ᠶ᠋ᠢᠨ ᠪᠣᠳᠣᠯ ᠲᠠᠢ ᠨᠡᠭᠦᠳᠡᠯ ᠦ᠋ᠨ ᠠᠴᠢ ᠪᠠᠷ ᠠᠶᠠᠨ ᠰᠠᠭᠠᠲᠤᠭᠰᠠᠨ ᠦᠭᠡᠢ ᠰᠢᠭᠤᠷᠬᠠᠢ ᠶᠠᠪᠤᠭᠰᠠᠭᠠᠷ ᠵᠤᠨ ᠤ᠋ ᠡᠬᠢᠨ ᠰᠠᠷ᠎ᠠ ᠶ᠋ᠢᠨ ᠬᠠᠭᠤᠴᠢᠳ ᠢ᠋ᠶ᠋ᠠᠷ ᠶᠢᠰᠦᠨ ᠲᠠᠲ᠋ᠠᠷ ᠤ᠋ᠨ ᠬᠢᠯᠢ ᠶ᠋ᠢᠨ ᠳᠡᠭᠡᠰᠦᠨ ᠳ᠋ᠦ᠍ ᠲᠤᠯᠵᠤ ᠣᠴᠢᠯ᠎ᠠ᠃ ᠪᠤᠭᠤᠷᠤᠯ ᠦᠰᠦ ᠨᠢ ᠰᠠᠯᠬᠢᠨ ᠳ᠋ᠤ᠌ ᠵᠠᠳᠠᠷᠠᠨ ᠬᠡᠢᠰᠬᠦ ᠪᠠᠷᠳᠠᠨᠪᠠᠭᠠᠲᠤᠷ᠂
— ᠢᠯᠡ ᠴᠡᠷᠢᠭ ᠢ᠋ ᠪᠠᠭᠤᠯᠭᠠᠶ᠎ᠠ! ᠮᠣᠷᠢᠳ ᠤ᠋ᠨ ᠨᠢᠷᠤᠭᠤ ᠠᠮᠠᠷᠠᠵᠤ ᠡᠷᠡᠰ ᠦ᠋ᠨ ᠴᠢᠷᠠᠢ ᠳᠠᠯᠪᠢᠷᠠᠨᠠ ᠭᠡᠰᠡᠨ ᠢ᠋ᠶ᠋ᠡᠷ ᠶᠡᠬᠡ ᠴᠡᠷᠢᠭ ᠬᠦᠷᠢᠶ᠎ᠡ ᠡᠭᠦᠰᠦᠨ ᠪᠠᠭᠤᠵᠤ᠂ ᠭᠠᠯ ᠭᠠᠯ ᠤ᠋ᠨ ᠲᠦᠳᠡᠭ ᠠᠰᠠᠨ᠂ ᠠᠭᠤᠳᠠᠮ ᠲᠠᠯ᠎ᠠ ᠶ᠋ᠢᠨ ᠡᠯᠢᠭᠡᠨ ᠳ᠋ᠦ᠍ ᠣᠳᠣ ᠬᠣᠲᠠᠯᠠᠭᠰᠠᠨ ᠮᠡᠲᠦ ᠪᠣᠯᠵᠠᠢ᠃ ᠲᠦᠳᠡᠬᠡᠨ ᠲᠦᠷᠦᠭᠦᠨ ᠳᠥᠷᠪᠡᠨ ᠵᠠᠩᠵᠤᠨ ᠤ᠋ ᠠᠶᠠᠨ ᠤ᠋ ᠴᠠᠴᠠᠷ ᠳᠡᠷᠪᠡᠨ ᠪᠣᠰᠴᠤ᠂ ᠬᠡᠭᠡᠷ᠎ᠡ ᠶ᠋ᠢᠨ ᠬᠣᠢᠮᠣᠷ ᠠᠪᠤ ᠬᠥᠪᠡᠭᠦᠳ ᠴᠤᠭᠯᠠᠨ ᠲᠣᠭᠯᠠᠵᠤ᠂ ᠴᠠᠭᠠᠰᠢᠳᠠ ᠶ᠋ᠢᠨ ᠬᠡᠷᠡᠭ ᠵᠣᠷᠢᠭ ᠢ᠋ ᠬᠡᠯᠡᠯᠴᠡᠵᠦ ᠠᠪᠠᠢ᠃ ᠬᠤᠲᠤᠭᠲᠤ ᠮᠣᠩᠬᠣᠷ ᠲᠠᠲ᠋ᠠᠷ ᠤ᠋ᠨ ᠲᠠᠯ᠎ᠠ ᠳ᠋ᠤ᠌ ᠪᠠᠷᠢᠬᠤ ᠭᠡᠷ ᠦ᠋ᠨ ᠪᠠᠭᠤᠷᠢ ᠪᠠᠨ ᠰᠢᠨᠵᠢᠬᠦ ᠮᠡᠲᠦ ᠦ᠋ ᠦᠭᠡᠢ ᠲᠠᠯ᠎ᠠ ᠶ᠋ᠢ ᠬᠡᠰᠦᠭᠦᠯᠦᠨ ᠬᠠᠷᠠᠭᠰᠠᠨ ᠢ᠋ᠶ᠋ᠠᠨ᠂
— ᠪᠡᠷᠲᠡᠨ ᠨᠣᠶᠠᠨ ᠲᠠ ᠪᠣᠯᠭᠣᠭᠠᠪᠠᠯ ᠪᠠᠷᠠᠭᠤᠨ ᠵᠡᠭᠦᠨ ᠬᠣᠶᠠᠷ ᠭᠠᠷ ᠤᠷᠤᠭᠤ ᠡᠯᠴᠢᠨ ᠮᠣᠷᠳᠠᠭᠤᠯᠤᠶᠠ ᠭᠡᠯᠡ᠃ ᠪᠤᠭᠤᠷᠤᠯ ᠨᠣᠶᠠᠨ ᠲᠣᠯᠣᠭᠠᠢ ᠳᠣᠬᠢᠵᠤ᠂
— ᠬᠤᠲᠤᠭᠲᠤ ᠵᠠᠩᠵᠤᠨ ᠤ᠋ ᠵᠥᠪ᠃ ᠭᠣᠣᠯ ᠵᠠᠮ ᠤ᠋ᠨ ᠭᠠᠯ ᠢ᠋ ᠪᠤᠮᠪᠠᠲᠤ ᠬᠤᠸᠠ ᠳᠡᠭᠡᠷ᠎ᠡ ᠠᠰᠠᠭᠠᠵᠤ ᠳᠣᠬᠢᠶ᠎ᠠ ᠥᠭᠭᠦᠶ᠎ᠡ! ᠡᠨᠡ ᠤᠲᠤᠭᠠᠨ ᠤ᠋ ᠪᠠᠷ᠎ᠠ ᠪᠠᠷ ᠬᠤᠯᠠᠨ ᠳᠡᠭᠦᠦ ᠶ᠋ᠢᠨ ᠲᠡᠷᠢᠭᠦᠯᠡᠭᠰᠡᠨ ᠪᠠᠷᠠᠭᠤᠨ ᠭᠠᠷ ᠤ᠋ᠨ ᠴᠡᠷᠢᠭ ᠵᠣᠩᠵᠤᠤ ᠳᠣᠪᠣᠭ ᠤ᠋ᠨ ᠠᠷᠤ ᠪᠠᠷ᠂ ᠪᠣᠰᠢᠭ ᠭᠣᠷᠣᠬᠠᠨ ᠤ᠋ ᠬᠥᠯ ᠢ᠋ᠶ᠋ᠡᠷ ᠨᠥᠮᠥᠷᠦᠨ ᠣᠷᠣᠪᠠᠯ ᠶᠠᠮᠠᠷ?
— ᠲᠠᠲ᠋ᠠᠷ ᠤ᠋ᠳ⁈
— ᠲᠡᠳᠡᠨ ᠦ᠌ ᠬᠦᠷᠢᠶ᠎ᠡ ᠬᠣᠶᠠᠷ ᠨᠠᠭᠤᠷ᠂ ᠨᠢᠭᠡᠨ ᠮᠥᠷᠡᠨ ᠦ᠌ ᠪᠠᠯᠴᠢᠷ ᠲᠤ᠌ ᠰᠠᠭᠤᠷᠢᠨ ᠪᠣᠢ ᠭᠡᠵᠦ ᠲᠠᠩᠳᠠᠭᠤᠯ ᠠᠢᠯᠠᠳᠤᠭᠰᠠᠨ ᠪᠢᠯᠡ᠃
— ᠳᠡᠭᠡᠰᠦ! ᠪᠤᠮᠪᠠᠲᠤ ᠬᠣᠲᠠ ᠶ᠋ᠢᠨ ᠤᠲᠤᠭᠠᠨ ᠤ᠋ ᠪᠠᠷ᠎ᠠ ᠪᠠᠷ ᠲᠣᠳᠣᠢᠨ ᠳᠡᠭᠦᠦ ᠶ᠋ᠢᠨ ᠠᠬᠠᠯᠠᠭᠰᠠᠨ ᠵᠡᠭᠦᠨ ᠭᠠᠷ ᠰᠢᠪᠡᠭᠡ ᠪᠤᠷᠭᠠᠰᠤᠨᠠ᠋ᠴᠠ ᠬᠣᠢᠰᠢᠯᠠᠵᠤ᠂ ᠬᠠᠯᠬ᠎ᠠ ᠨᠥᠮᠥᠷᠭᠡ ᠶ᠋ᠢᠨ ᠭᠣᠣᠯ ᠠ᠋ᠴᠠ ᠰᠣᠷᠣᠯᠵᠠᠵᠤ ᠡᠷᠭᠢᠮᠡᠷ ᠰᠠᠨᠵᠠᠢ ᠭᠡᠬᠦ ᠳ᠋ᠦ᠍ ᠪᠤᠭᠤᠷᠤᠯ ᠵᠠᠩᠵᠤᠨ ᠲᠣᠯᠣᠭᠠᠢ ᠳᠣᠬᠢᠵᠤ᠂
— ᠮᠥᠩᠬᠡ ᠲᠡᠭᠷᠢ ᠮᠡᠳᠡᠲᠦᠭᠡᠢ! ᠭᠡᠪᠡ᠃ ᠡᠢᠨ ᠬᠤᠷᠠᠭᠠᠨ ᠴᠠᠭᠠᠨ ᠡᠭᠦᠯᠡ ᠨᠡᠭᠦᠬᠦ ᠬᠤᠷᠮᠤᠰᠲᠠ ᠲᠡᠭᠷᠢ ᠶ᠋ᠢ ᠰᠥᠰᠥᠯᠡᠨ ᠬᠠᠷᠠᠬᠤ ᠳ᠋ᠤ᠌ ᠮᠡᠩᠬᠢᠲᠦ ᠬᠢᠶᠠᠨ᠂ ᠪᠦᠷᠢ ᠪᠥᠬᠡ ᠶᠡᠷᠦ ᠪᠦᠭᠦᠳᠡ ᠰᠥᠬᠥᠷᠡᠨ ᠰᠠᠭᠤᠵᠤ᠂
— ᠮᠥᠩᠬᠡ ᠲᠡᠭᠷᠢ ᠮᠡᠳᠡᠲᠦᠭᠡᠢ! ᠬᠡᠮᠡᠬᠦ ᠳ᠋ᠦ᠍ ᠳᠠᠭᠤ ᠨᠢᠭᠡ ᠪᠠᠢᠵᠤ ᠪᠢᠯᠡ᠃ ᠴᠢᠩᠭᠢᠵᠦ ᠳᠤᠤᠭᠠᠷᠪᠠᠯ ᠳᠠᠭᠤ ᠨᠢᠭᠡᠲᠡᠢ ᠪᠣᠯᠤᠭᠰᠠᠨ ᠳ᠋ᠤ᠌ ᠨᠠᠰᠤ ᠬᠡᠪᠡᠢᠭᠰᠡᠨ ᠴᠦ᠍ ᠭᠡᠯᠡ ᠪᠡᠶᠡᠰᠦᠨ ᠬᠥᠭᠡᠷᠦᠭᠰᠡᠨ ᠪᠡᠷᠲᠡᠨ ᠵᠠᠩᠵᠤᠨ《ᠮᠠᠭᠤ ᠰᠠᠢᠨ ᠲᠠᠲ᠋ᠠᠷ ᠤ᠋ᠳ ᠤ᠋ᠨ ᠰᠥᠰᠥ ᠳᠡᠯᠡᠰᠴᠡᠢ᠂ ᠰᠦᠨᠡᠰᠦ ᠵᠠᠢᠯᠠᠵᠤ ᠪᠠᠢᠭ᠎ᠠ ᠪᠢᠵᠡ 》ᠭᠡᠮᠡᠨ ᠪᠠᠲᠤ ᠨᠤᠲᠠ ᠢᠲᠡᠭᠡᠵᠦ ᠠᠪᠠᠢ᠃ ᠲᠡᠢᠨ ᠭᠠᠯ ᠪᠠᠷᠢᠭᠰᠠᠨ ᠡᠯᠴᠢ ᠮᠣᠷᠳᠠᠭᠤᠯᠤᠯ᠎ᠠ᠃ ᠪᠠᠮᠪᠠᠷ ᠰᠢᠳᠡᠵᠦ ᠳᠠᠭᠤᠰᠬᠤ ᠠ᠋ᠴᠠ ᠡᠮᠦᠨ᠎ᠡ ᠵᠣᠷᠢᠭᠰᠠᠨ ᠭᠠᠵᠠᠷ ᠢ᠋ᠶ᠋ᠠᠨ ᠬᠦᠷᠦᠭᠰᠡᠨ ᠪᠠᠢᠬᠤ ᠶᠣᠰᠣᠲᠠᠢ ᠡᠯᠴᠢ ᠡᠷ᠎ᠡ ᠤᠯᠠᠭᠠᠨ ᠭᠠᠯᠠᠭᠤ ᠳᠠᠪᠬᠢᠵᠤ ᠢᠷᠡᠬᠦ ᠳ᠋ᠦ᠍ ᠲᠣᠳᠣᠢᠨ ᠣᠳᠴᠢᠬᠢᠨ ᠵᠡᠭᠡᠰᠦᠲᠦ ᠨᠠᠭᠤᠷ ᠤ᠋ᠨ ᠬᠥᠪᠡᠭᠡᠨ ᠳ᠋ᠦ᠍ ᠣᠯᠪᠣᠭ ᠳᠡᠪᠢᠰᠦᠭᠦᠯᠵᠦ᠂ ᠴᠡᠭᠡ ᠰᠥᠩᠨᠡᠭᠦᠯᠵᠦ ᠰᠢᠳᠠᠷ ᠵᠠᠩᠵᠤᠨ ᠲᠠᠢ ᠪᠠᠨ ᠮᠠᠷᠭᠠᠰᠢ ᠶ᠋ᠢᠨ ᠳᠣᠯᠣᠭᠠᠨ ᠤ᠋ ᠲᠤᠬᠠᠢ ᠶᠠᠷᠢᠯᠴᠠᠨ ᠪᠠᠢᠪᠠ᠃ ᠲᠡᠷᠡ ᠪᠡᠷ ᠡᠯᠴᠢ ᠶ᠋ᠢᠨ ᠪᠠᠷᠢᠭᠰᠠᠨ ᠳᠠᠭᠤᠤ ᠶ᠋ᠢ ᠲᠡᠪᠴᠢᠶᠡᠷᠢ ᠲᠡᠢ ᠰᠣᠨᠣᠰᠤᠭᠠᠳ᠂
— ᠰᠢᠪᠡᠭᠡ ᠪᠤᠷᠭᠠᠰᠤᠨᠠ᠋ᠴᠠ ᠬᠣᠢᠰᠢᠯᠠᠵᠤ᠂ ᠬᠠᠯᠬ᠎ᠠ ᠨᠥᠮᠥᠷᠭᠡ ᠶ᠋ᠢᠨ ᠭᠣᠣᠯ ᠢ᠋ᠶ᠋ᠠᠷ ᠱᠦᠷᠭᠦᠯᠡᠵᠦ ᠡᠷᠭᠢ ᠭᠡᠵᠡᠢ! ᠭᠡᠰᠡᠨ ᠢ᠋ᠶ᠋ᠡᠨ ᠵᠠᠪᠢᠯᠠᠨ ᠰᠠᠭᠤᠭᠰᠠᠨ ᠶᠢᠰᠦᠭᠡᠢ ᠶ᠋ᠢᠨ ᠡᠮᠦᠨ᠎ᠡ ᠳᠡᠯᠭᠡᠭᠡᠰᠦ ᠲᠡᠢ ᠢᠯᠭᠢᠨ ᠳᠡᠭᠡᠷᠡᠬᠢ ᠵᠢᠷᠤᠭ ᠢ᠋ᠶ᠋ᠠᠨ ᠬᠠᠷᠠᠯ᠎ᠠ᠃ ᠲᠡᠳᠡ ᠲᠣᠷᠭ᠎ᠠ ᠰᠢᠭ᠋ ᠡᠯᠳᠡᠭᠰᠡᠨ ᠢᠯᠭᠢᠨ ᠳᠡᠭᠡᠷ᠎ᠡ ᠵᠡᠭᠦᠦ ᠰᠢᠭ ᠦᠵᠦᠭᠦᠷᠯᠡᠭᠰᠡᠨ ᠴᠤᠴᠠᠯᠢ ᠪᠠᠷ ᠬᠠᠪᠢ ᠶ᠋ᠢᠨ ᠭᠠᠵᠠᠷ ᠢ᠋ ᠲᠣᠢᠮᠣᠯᠠᠨ ᠵᠢᠷᠤᠵᠤ ᠰᠠᠭᠤᠭᠰᠠᠨ ᠠᠵᠢ᠃
— ᠮᠥᠨ ᠰᠠᠨᠵᠠᠢ᠃ ᠬᠤᠲᠤᠭᠲᠤ ᠠᠪᠠᠭ᠎ᠠ ᠪᠢᠳᠡᠨ ᠦ᠌ ᠰᠠᠨᠠᠭ᠎ᠠ ᠨᠠᠯᠠᠢ ᠪᠠᠭᠤᠭᠰᠠᠨ ᠱᠠᠭ᠎ᠠ ᠰᠢᠭ᠋ ᠨᠢᠭᠡᠨ ᠠᠵᠢ ᠭᠡᠬᠦ ᠳ᠋ᠦ᠍ ᠶᠢᠰᠦᠭᠡᠢ ᠢᠨᠢᠶᠡᠳᠦ ᠠᠯᠲᠠᠨ᠂
— ᠲᠡᠢᠮᠦ ᠪᠠᠢᠨ᠎ᠠ᠂ ᠲᠩᠷᠢ ᠶ᠋ᠢᠨ ᠰᠣᠶᠣᠷᠬᠠᠯ ᠢ᠋ᠶ᠋ᠠᠷ ᠪᠢᠳᠡ ᠲᠡᠷᠰᠯᠡᠭᠦᠦ ᠲᠠᠲ᠋ᠠᠷ ᠢ᠋ ᠭᠠᠨᠵᠤᠭᠠᠯᠠᠭᠠᠳ ᠬᠠᠷᠢᠬᠤ ᠪᠣᠢ! ᠬᠡᠮᠡᠪᠡᠯ ᠪᠦᠭᠦᠳᠡ ᠢᠨᠢᠶᠡᠯᠳᠦᠵᠦ ᠲᠣᠳᠣᠢᠨ ᠣᠳᠴᠢᠬᠢᠨ᠂
— ᠳᠡᠭᠦᠦ ᠨᠣᠶᠠᠳ ᠦᠨᠡᠨ ᠬᠡᠯᠡᠪᠡ᠂ ᠡᠨᠡ ᠦᠭᠡ ᠶ᠋ᠢ ᠲᠡᠷᠡ ᠴᠢᠭ ᠲᠦ᠋ᠨᠢ ᠠᠬ᠎ᠠ ᠨᠠᠷ ᠲᠤ᠌ ᠳᠠᠮᠵᠢᠭᠤᠯ ᠠ᠋! ᠨᠢᠰ᠂ ᠨᠢᠰ ᠭᠡᠮᠡᠨ ᠲᠤᠯᠭ᠎ᠠ ᠶ᠋ᠢᠨ ᠭᠤᠷᠪᠠᠨ ᠴᠢᠯᠠᠭᠤ ᠳᠡᠷᠡᠯᠡᠭᠦᠯᠦᠨ ᠲᠠᠯᠪᠢᠭᠰᠠᠨ ᠪᠠᠮᠪᠠᠷ ᠢ᠋ᠶ᠋ᠠᠨ ᠠᠪᠴᠤ ᠠᠳᠬᠤᠭᠤᠯᠬᠤ ᠳ᠋ᠤ᠌ ᠡᠯᠴᠢ ᠴᠡᠷᠢᠭ ᠰᠢᠭᠦᠷᠡᠨ ᠡᠷᠭᠦᠭᠡᠳ᠂ ᠴᠥᠯᠡᠨ ᠳᠣᠪᠲᠣᠯᠭᠠᠵᠤ ᠣᠳᠤᠯ᠎ᠠ᠃ ᠲᠣᠳᠣᠢᠨ ᠣᠳᠴᠢᠬᠢᠨ ᠵᠡᠭᠡᠰᠦᠲᠦ ᠨᠠᠭᠤᠷ ᠤ᠋ᠨ ᠮᠠᠨᠳᠠᠯ ᠳᠡᠭᠡᠷ᠎ᠡ ᠰᠡᠭᠦᠳᠡᠷ ᠲᠡᠳᠡᠨ ᠬᠥᠪᠬᠦ ᠳᠦᠷᠰᠦ ᠪᠡᠨ ᠰᠢᠷᠲᠡᠵᠦ ᠨᠠᠮ ᠭᠦᠮᠬᠡᠨ ᠬᠡᠰᠡᠭ ᠵᠣᠭᠰᠣᠭᠰᠠᠨ ᠢ᠋ᠶ᠋ᠠᠨ᠂
— ᠨᠡᠭᠦᠨ᠂ ᠴᠢ ᠮᠣᠷᠳᠠ᠂ ᠲᠠᠮᠢᠷᠯᠠᠨ ᠨᠣᠶᠠᠨ ᠤ᠋ ᠮᠢᠩᠭᠠᠲᠤ ᠶ᠋ᠢ ᠪᠣᠰᠬᠠᠵᠤ ᠬᠠᠯᠬ᠎ᠠ ᠨᠥᠮᠥᠷᠭᠡ ᠶ᠋ᠢᠨ ᠪᠤᠷᠭᠠᠰᠤᠨ ᠳ᠋ᠤ᠌ ᠪᠦᠭᠭᠦ! ᠴᠢᠮᠡᠭᠡ ᠪᠦᠦ ᠭᠠᠷᠭ᠎ᠠ! ᠳᠥᠷᠥᠭᠡ ᠪᠦᠦ ᠳᠤᠤᠭᠠᠷᠭᠠ! ᠭᠡᠯᠡ᠃
— ᠵᠠ! ᠨᠡᠭᠦᠨ ᠲᠠᠢᠵᠢ ᠰᠤᠭᠤ ᠰᠠᠭᠠᠷᠠᠯ ᠮᠣᠷᠢᠨ ᠳ᠋ᠠᠭᠠᠨ ᠤᠬᠤᠰᠬᠢᠨ ᠮᠣᠷᠳᠠᠵᠤ᠂ ᠲᠩᠷᠢ ᠶ᠋ᠢᠨ ᠬᠥᠬᠡ ᠬᠠᠶᠠᠭ᠎ᠠ ᠤᠷᠤᠭᠤ ᠠᠭᠤᠰᠤᠨ ᠣᠷᠣᠲᠠᠯ᠎ᠠ ᠬᠠᠷᠠᠵᠤ ᠬᠠᠷᠠᠭᠠᠳ᠂
— ᠶᠢᠰᠦᠭᠡᠢ ᠴᠢ ᠮᠣᠷᠳᠠ! ᠮᠤᠨᠳᠠᠭ ᠪᠠᠭᠠᠲᠤᠷ ᠤ᠋ᠨ ᠮᠢᠩᠭᠠᠲᠤ ᠶ᠋ᠢ ᠲᠡᠷᠢᠭᠦᠯᠡᠵᠦ ᠰᠢᠪᠡᠭᠡ ᠪᠤᠷᠭᠠᠰᠤᠨ ᠳ᠋ᠤ᠌ ᠰᠢᠪᠡᠭᠡᠯᠡ! ᠭᠠᠯ ᠲᠣᠳᠣ ᠭᠠᠷᠭ᠎ᠠ᠂ ᠦᠭᠡ ᠴᠢᠩᠭ᠎ᠠ ᠶᠠᠷᠢ! ᠳᠥᠷᠥᠭᠡ ᠶᠡᠬᠡ ᠳᠤᠤᠭᠠᠷᠭᠠ!
— ᠵᠠ!
ᠶᠢᠰᠦᠭᠡᠢ ᠪᠤᠭᠤᠨ ᠬᠠᠯᠢᠭᠤᠨ ᠮᠣᠷᠢᠨ ᠤ᠋ ᠪᠠᠨ ᠡᠷᠭᠢᠴᠡᠬᠡᠨ ᠳᠤᠮᠳᠠ ᠰᠠᠯᠬᠢ ᠲᠠᠲᠠᠭᠤᠯᠤᠨ ᠮᠣᠷᠳᠠᠭᠠᠳ᠂ ᠲᠣᠭᠣᠰᠣ ᠲᠠᠲᠠᠭᠤᠯᠤᠨ ᠳᠠᠪᠬᠢᠵᠤ ᠣᠳᠬᠤ ᠳ᠋ᠤ᠌ ᠪᠠᠷ᠎ᠠ ᠶ᠋ᠢ ᠲᠠᠰᠤᠷᠠᠲᠠᠯ᠎ᠠ ᠬᠠᠷᠠᠵᠤ ᠵᠣᠭᠰᠣᠪᠠ᠃ ᠴᠢᠩᠭᠢᠭᠡᠳ ᠬᠥᠮᠦᠨ ᠪᠣᠯᠤᠭᠰᠠᠭᠠᠷ ᠠᠩᠬ᠎ᠠ ᠤᠳᠠᠭ᠎ᠠ ᠴᠡᠷᠢᠭ ᠲᠡᠷᠢᠭᠦᠯᠡᠵᠦ ᠮᠣᠷᠳᠠᠭᠰᠠᠨ ᠤ᠋ ᠪᠠᠶᠠᠷ ᠴᠡᠭᠡᠵᠢ ᠳᠦᠭᠦᠷᠡᠩ ᠴᠠᠯᠭᠢᠬᠤ ᠲᠤᠯᠠ ᠨᠠᠭᠤᠷ ᠤ᠋ᠨ ᠣᠰᠤᠨ᠎ᠠ ᠥᠪᠡᠷ ᠦ᠋ᠨ ᠳᠦᠷᠢ ᠶ᠋ᠢ ᠳᠠᠬᠢᠨ ᠳᠠᠬᠢᠨ ᠲᠣᠯᠢᠳᠠᠬᠤ ᠨᠡᠩ ᠳᠤᠷ᠎ᠠ ᠲᠠᠢ ᠪᠠᠢᠭ᠎ᠠ ᠪᠢᠯᠡ᠃ ᠪᠥᠭᠡᠮ ᠴᠠᠭᠠᠨ ᠡᠭᠦᠯᠡ ᠲᠡᠮᠡᠭᠡᠨ ᠵᠢᠩ ᠦ᠋ᠨ ᠴᠤᠪᠤᠭ᠎ᠠ ᠰᠢᠭ᠋ ᠬᠥᠪᠬᠦ ᠬᠥᠬᠡ ᠲᠩᠷᠢ ᠨᠠᠭᠤᠷ ᠤ᠋ᠨ ᠣᠰᠤᠨ᠎ᠠ ᠤᠨᠠᠵᠠᠢ᠃ ᠲᠡᠭᠦᠨ ᠦ᠌ ᠠᠮᠤᠭᠤᠯᠠᠩ ᠲᠣᠯᠢᠨ ᠳᠡᠭᠡᠷ᠎ᠡ ᠬᠠᠪᠤᠯ ᠬᠠᠭᠠᠨ ᠤ᠋ ᠣᠳᠬᠣᠨ ᠬᠥᠪᠡᠭᠦᠨ ᠲᠣᠳᠣᠢᠨ ᠲᠠᠰᠢᠶ᠎ᠠ ᠲᠤᠯᠤᠨ ᠵᠣᠭᠰᠣᠵᠤ ᠬᠠᠷᠠᠭᠳᠠᠪᠠ᠃ ᠶᠡᠷᠦ ᠬᠡᠢ ᠮᠣᠷᠢ ᠶ᠋ᠢᠨ ᠴᠠᠭᠠᠨ ᠡᠭᠦᠯᠡ ᠬᠥᠯᠭᠡᠯᠡᠭᠰᠡᠨ ᠲᠩᠷᠢ ᠶ᠋ᠢᠨ ᠡᠭᠦᠯᠡ ᠮᠡᠲᠦ ᠬᠠᠷᠠᠭᠳᠠᠬᠤ ᠲᠤᠯᠠ ᠶᠡᠬᠡ ᠪᠡᠶᠡᠰᠦᠨ ᠢᠨᠢᠶᠡᠯ᠎ᠡ᠁ ᠲᠣᠳᠣᠢᠨ ᠡᠬᠢᠯᠡᠭᠡᠳ ᠰᠣᠴᠢᠬᠤ ᠰᠢᠭ᠋ ᠪᠣᠯᠪᠠ᠃ ᠤᠰᠤᠨ ᠤ᠋ ᠲᠣᠷᠭᠠᠨ ᠮᠠᠨᠳᠠᠯ ᠨᠠᠮᠤᠭᠤᠬᠠᠨ ᠪᠢᠳᠠᠷᠲᠤᠵᠤ᠂ ᠲᠡᠷᠡ ᠳᠣᠣᠭᠤᠷ ᠯᠤᠤᠰ ᠤ᠋ᠨ ᠥᠬᠢᠨ ᠮᠡᠲᠦ ᠰᠠᠢᠬᠠᠨ ᠪᠦᠰᠡᠭᠦᠢ ᠬᠥᠪᠴᠦ ᠶᠠᠪᠤᠯ᠎ᠠ᠃ ᠥᠬᠢᠨ ᠦ᠌ ᠨᠢᠮᠭᠡᠨ ᠰᠠᠮᠪᠠᠢ ᠳᠡᠪᠡᠯ ᠨᠣᠷᠤᠭᠠᠳ ᠤᠨᠠᠭᠠᠨ ᠪᠡᠶ᠎ᠡ ᠳ᠋ᠦ᠍ᠨᠢ ᠨᠠᠭᠠᠯᠳᠤᠨ ᠣᠷᠢᠶᠠᠵᠤ᠂ ᠴᠡᠪᠴᠡᠭᠡᠷ ᠬᠥᠬᠥᠨ ᠦ᠌ ᠬᠢᠨᠢ ᠶᠠᠭᠠᠨ ᠲᠣᠪᠴᠢ ᠴᠡᠴᠡᠷᠡᠭᠡᠨᠡᠬᠦ ᠨᠢ ᠬᠦᠷᠲᠡᠯ᠎ᠡ ᠬᠠᠷᠠᠭᠳᠠᠵᠤ ᠪᠠᠢᠪᠠ᠃
— ᠲᠩᠷᠢ ᠥᠷᠥᠰᠢᠶᠡ! ᠭᠡᠵᠦ ᠲᠣᠳᠣᠢᠨ ᠳᠠᠭᠤ ᠠᠯᠳᠠᠭᠰᠠᠨ ᠢ᠋ᠶ᠋ᠠᠨ ᠨᠢᠳᠦᠨ ᠳ᠋ᠡᠭᠡᠨ ᠢᠲᠡᠭᠡᠵᠦ ᠶᠠᠳᠠᠨ ᠲᠠᠰᠤ ᠠᠨᠢᠯ᠎ᠠ᠃ ᠴᠢᠩᠭᠢᠭᠡᠳ ᠴᠢᠬᠢ ᠲᠠᠯᠪᠢᠨ ᠴᠢᠩᠨᠠᠪᠠᠯ ᠤᠰᠤ ᠱᠠᠯᠢᠬᠤ ᠰᠣᠨᠣᠰᠳᠠᠵᠤ ᠨᠢᠳᠦ ᠪᠡᠨ ᠨᠡᠭᠡᠭᠡᠵᠦ ᠬᠠᠷᠠᠪᠠᠯ ᠭᠤᠸ᠎ᠠ ᠥᠬᠢᠨ ᠭᠦᠶᠦᠬᠡᠨ ᠤᠷᠤᠰᠬᠠᠯ ᠰᠠᠨᠳᠠᠭᠠᠨ ᠪᠣᠰᠴᠤ ᠢᠷᠡᠪᠡ᠃
— ᠴᠢ ᠬᠡᠨ ᠪᠣᠢ? ᠥᠬᠢᠨ ᠦᠯᠦ ᠳᠤᠤᠭᠠᠷᠴᠤ ᠲᠣᠷᠮᠣᠯᠵᠠᠨ ᠢᠨᠢᠶᠡᠬᠦ ᠠᠭᠠᠳ ᠵᠠᠳᠠᠭᠠᠢ ᠦᠰᠦᠨ ᠡᠴᠡ ᠨᠢ ᠤᠰᠤ ᠰᠠᠪᠢᠷᠠᠵᠤ᠂ ᠤᠷᠲᠤ ᠬᠠᠷ᠎ᠠ ᠰᠣᠷᠮᠣᠣᠰᠤᠨ ᠤ᠋ ᠬᠢᠨᠢ ᠦᠵᠦᠭᠦᠷ ᠲᠦ᠍ ᠤᠰᠤᠨ ᠤ᠋ ᠳᠤᠰᠤᠯ ᠣᠯᠠᠨ ᠰᠤᠪᠤᠳ ᠮᠡᠲᠦ ᠪᠦᠨᠵᠢᠭᠢᠨᠡᠨ ᠪᠠᠢᠯ᠎ᠠ᠃
— ᠴᠢ ᠬᠡᠨ ᠪᠣᠢ⁈
7
ᠪᠤᠮᠪᠠᠲᠤ ᠥᠨᠳᠥᠷ ᠦ᠋ᠨ ᠬᠠᠳᠠᠲᠤ ᠣᠷᠣᠢᠠ᠋ᠴᠠ ᠲᠦᠳᠡᠭ ᠦ᠋ᠨ ᠪᠠᠷᠠᠭᠠᠨ ᠤᠲᠤᠭ᠎ᠠ ᠣᠯᠣᠭᠠᠢᠳᠠᠨ ᠪᠣᠰᠴᠤ᠂ ᠬᠥᠬᠡ ᠲᠩᠷᠢ ᠶ᠋ᠢᠨ ᠵᠠᠬ᠎ᠠ ᠦᠭᠡᠢ ᠠᠭᠤᠳᠠᠮ ᠲᠡᠢᠰᠢ ᠶᠡᠬᠡ ᠲᠡᠢᠨ ᠦ᠌ ᠵᠠᠷ ᠲᠦᠭᠡᠭᠡᠨ ᠨᠡᠭᠦᠵᠦ ᠡᠬᠢᠯᠡᠪᠡ ᠠ᠋᠃ ᠬᠤᠲᠤᠭᠲᠤ ᠮᠣᠩᠬᠣᠷ ᠬᠠᠳᠠ ᠰᠠᠨᠳᠠᠢᠯᠠᠨ ᠰᠠᠭᠤᠵᠤ᠂ ᠵᠣᠩᠵᠤᠤ ᠳᠣᠪᠣᠭ ᠤᠷᠤᠭᠤ ᠨᠢᠭᠡ᠂ ᠰᠢᠪᠡᠭᠡ ᠪᠤᠷᠭᠠᠰᠤ ᠤᠷᠤᠭᠤ ᠨᠢᠭᠡ ᠬᠠᠷᠠᠴᠠ ᠰᠢᠳᠡᠯᠡᠨ ᠰᠠᠭᠤᠯ᠎ᠠ᠃ ᠲᠡᠭᠦᠨ ᠦ᠌ ᠳᠣᠲᠣᠷ᠎ᠠ ᠭᠠᠯ ᠳᠦᠷᠡᠯᠵᠡᠨ᠂ ᠤᠰᠤ ᠴᠠᠯᠭᠢᠯᠠᠨ ᠪᠣᠢ ᠶ᠋ᠢ ᠮᠡᠳᠡᠵᠦ ᠶᠠᠳᠠᠬᠤ ᠶᠠᠭᠤᠮ᠎ᠠ ᠦᠭᠡᠢ ᠰᠠᠨᠵᠠᠢ᠃
一 ᠳᠣᠬᠢᠶ᠎ᠠ ᠬᠠᠷᠠᠭᠳᠠᠨ᠎ᠠ ᠤᠤ?
一 ᠦᠭᠡᠢ ᠠᠵᠢ᠃
一 ᠵᠣᠩᠵᠣᠣ ᠲᠤᠯᠤᠭᠠᠳ ᠤ᠋ᠨ ᠵᠦᠭ ᠡᠴᠡ ᠴᠦ᠍ ᠪᠠᠷ᠎ᠠ ᠠᠯᠠᠭ᠎ᠠ ᠤᠤ?
一 ᠦᠭᠡᠢ ᠪᠠᠢᠨ᠎ᠠ ᠭᠡᠬᠦ ᠳ᠋ᠦ᠍ ᠪᠠᠷᠲᠠᠨ ᠨᠣᠶᠠᠨ ᠦᠨᠳᠦᠰᠦᠨ ᠬᠤᠯᠤ ᠳᠦᠭᠦᠷᠡᠩ ᠠᠮᠲᠠᠲᠤ ᠴᠡᠬᠡ ᠰᠢᠮᠡᠵᠦ ᠰᠠᠭᠤᠭᠰᠠᠨ ᠢ᠋ᠶ᠋ᠠᠨ᠂
一 ᠪᠠᠭ᠎ᠠ ᠦᠳᠡ ᠪᠣᠯᠬᠤ ᠨᠢ ᠠ᠋ ᠬᠡᠮᠡᠪᠡ᠃
ᠶᠡᠬᠡ ᠴᠡᠷᠢᠭ ᠡᠩᠨᠡᠨ ᠵᠢᠭᠰᠠᠵᠤ᠂ ᠢᠯᠠᠬᠤ ᠶ᠋ᠢᠨ ᠣᠳᠣ ᠮᠠᠩᠨᠠᠢ ᠳ᠋ᠤᠨᠢ ᠭᠡᠢᠭᠰᠡᠨ ᠬᠦᠳᠡᠷ ᠡᠷᠡᠰ ᠢᠯᠠᠭᠠᠷᠬᠠᠨ ᠰᠢᠯᠭᠡᠭᠡᠬᠦ ᠮᠣᠷᠢᠳ ᠤ᠋ᠨ ᠵᠣ ᠳᠡᠭᠡᠷ᠎ᠡ ᠬᠥᠨᠳᠡᠯᠢᠳᠦᠨ ᠪᠠᠢᠯ᠎ᠠ᠃ ᠲᠡᠷᠡ ᠬᠦ᠌ ᠮᠣᠩᠭᠣᠯ ᠤ᠋ᠨ ᠰᠦᠷ ᠰᠦᠯᠳᠡ ᠪᠣᠯᠤᠭᠰᠠᠨ ᠡᠷᠡᠰ ᠦ᠋ᠨ ᠡᠮᠦᠨ᠎ᠡ ᠮᠡᠩᠬᠢᠲᠦ ᠬᠢᠶᠠᠨ᠂ ᠪᠦᠷᠢ ᠪᠥᠬᠡ ᠬᠣᠶᠠᠷ ᠲᠣᠭᠲᠠᠵᠤ ᠶᠠᠳᠠᠨ ᠲᠦᠬᠦᠭᠡᠯᠵᠡᠬᠦ ᠬᠦᠯᠦᠭ ᠦ᠋ᠨ ᠵᠣ ᠳ᠋ᠤ᠌ ᠲᠡᠰᠴᠦ ᠶᠠᠳᠠᠨ ᠥᠨᠳᠡᠯᠵᠡᠨ ᠠᠪᠠᠢ᠃ ᠬᠠᠶᠠ ᠨᠢᠭᠡ ᠠᠮᠠᠭᠠᠢ ᠲᠡᠩᠭᠡᠯᠢᠭ ᠬᠠᠩᠭᠢᠷ ᠵᠢᠩᠭᠢᠷ ᠳᠤᠤᠭᠠᠷᠴᠤ ᠳᠥᠷᠥᠭᠡ ᠬᠠᠷᠰᠢᠨ ᠵᠢᠩ ᠵᠢᠩ ᠬᠢᠬᠦ ᠨᠠᠮ ᠭᠦᠮ ᠦ᠋ᠨ ᠳᠤᠮᠳᠠᠭᠤᠷ ᠲᠡᠷᠲᠡᠭᠡ ᠬᠣᠯᠠ ᠲᠩᠷᠢ ᠶ᠋ᠢᠨ ᠬᠠᠶᠠᠭᠠᠨ ᠠ᠋ᠴᠠ ᠤᠯᠠᠭᠠᠨ ᠲᠣᠭᠣᠰᠣ ᠮᠠᠨᠠᠷᠠᠨ ᠪᠣᠰᠤᠯ᠎ᠠ᠃
ᠪᠠᠷ᠎ᠠ ᠬᠠᠷᠠᠨ ᠰᠠᠷᠠᠪᠴᠢᠯᠠᠵᠤ ᠠᠭᠰᠠᠨ ᠵᠠᠯᠠᠭᠤ ᠬᠦᠯᠦᠭ ᠪᠠᠭᠠᠲᠤᠷ᠂
一 ᠬᠤᠲᠤᠭᠲᠤ ᠨᠣᠶᠠᠨᠲᠠᠨ ᠠ᠋᠂ ᠬᠤᠲᠤᠭᠲᠤ ᠨᠣᠶᠠᠨᠲᠠᠨ ᠠ᠋! ᠲᠣᠭᠣᠰᠣ ᠠᠢᠰᠤᠢ! ᠭᠡᠬᠦ ᠳ᠋ᠦ᠍ ᠢᠳᠡᠷᠮᠡᠭ ᠵᠠᠩᠵᠤᠨ ᠭᠠᠷᠠᠬᠠᠨ ᠬᠦ ᠬᠤᠶᠠᠭ ᠢ᠋ᠶ᠋ᠠᠨ ᠬᠠᠩᠭᠢᠷ ᠵᠢᠩᠭᠢᠷ ᠬᠢᠯᠭᠡᠨ ᠪᠣᠰᠴᠤ᠂
一 ᠶᠠᠭᠤ ᠭᠡᠨ᠎ᠡ!
一 ᠲᠣᠭᠣᠰᠣ ᠠᠢᠰᠤᠢ!
— ᠬᠠᠮᠢᠭ᠎ᠠ ᠠ᠋ᠴᠠ? ᠭᠡᠰᠡᠨ ᠢ᠋ᠶ᠋ᠡᠨ ᠥᠪᠡᠷ ᠢ᠋ᠶ᠋ᠡᠨ ᠣᠯᠵᠤ ᠬᠠᠷᠠᠭᠰᠠᠨ ᠳᠠᠷᠤᠢ ᠴᠢᠷᠠᠢ ᠳ᠋ᠤᠨᠢ ᠲᠦᠭᠰᠢᠭᠦᠷᠢ ᠶ᠋ᠢᠨ ᠰᠡᠭᠦᠳᠡᠷ ᠤᠨᠠᠵᠤ ᠳᠣᠣᠷᠠᠲᠤ ᠵᠣᠪᠬᠢ ᠲᠠᠲᠠᠵᠤ ᠪᠣᠢ ᠰᠢᠭ᠋ ᠪᠣᠯᠤᠯ᠎ᠠ᠃ ᠮᠣᠷᠢᠳ ᠬᠦᠷᠲᠡᠯ᠎ᠡ ᠢᠷᠣ᠎ᠠ ᠵᠥᠩᠨᠡᠬᠦ ᠮᠡᠲᠦ ᠢᠯᠠᠭᠠᠷᠬᠠᠬᠤ ᠶ᠋ᠢ ᠮᠠᠷᠲᠠᠨ ᠠᠢᠰᠤᠬᠤ ᠪᠠᠷ᠎ᠠ ᠶ᠋ᠢ ᠲᠣᠭᠲᠠᠭᠠᠨ ᠰᠢᠷᠳᠡᠪᠡ᠃ ᠡᠯᠴᠢ ᠳᠣᠪᠲᠣᠯᠤᠨ ᠠᠢᠰᠤᠢ ᠠᠵᠢ᠃ ᠲᠡᠷᠡ ᠳᠦᠷᠡᠯᠵᠡᠨ ᠴᠣᠷᠣᠯᠵᠠᠬᠤ ᠤᠯᠠᠭᠠᠨ ᠪᠠᠮᠪᠠᠷ ᠢ᠋ᠶ᠋ᠠᠨ ᠠᠰᠠᠭᠠᠰᠤᠲᠠᠢ ᠴᠢᠭ ᠲᠤᠨᠢ ᠬᠤᠲᠤᠭᠲᠤ ᠨᠣᠶᠠᠨ ᠤ᠋ ᠬᠥᠲᠥᠴᠢ ᠴᠡᠷᠢᠭ ᠲᠦ᠍ ᠰᠢᠳᠡᠭᠡᠳ ᠦᠰᠦᠷᠦᠨ ᠪᠠᠭᠤᠵᠤ ᠰᠥᠭᠥᠳᠦᠭᠰᠡᠨ ᠢ᠋ᠶ᠋ᠡᠨ
— ᠳᠡᠭᠡᠳᠦᠰ ᠮᠢᠨᠢ ᠥᠷᠥᠰᠢᠶᠡ! ᠥᠰᠲᠦ ᠲᠠᠲ᠋ᠠᠷ ᠤ᠋ᠨ ᠴᠢᠰᠤᠲᠤ ᠭᠠᠷ ᠲᠤ᠌ ᠬᠠᠨ ᠬᠥᠪᠡᠭᠦᠨ ᠲᠣᠳᠣᠢᠨ ᠣᠳᠬᠢᠴᠢᠨ ᠬᠣᠣᠷᠯᠠᠭᠳᠠᠪᠠ! ᠭᠡᠯᠡ᠃ ᠲᠤᠩᠭᠠᠯᠠᠭ ᠡᠳᠦᠷ ᠠᠶᠤᠩᠭ᠎ᠠ ᠪᠠᠭᠤᠭᠰᠠᠨ ᠮᠡᠲᠦ ᠬᠢᠷᠳ᠋ᠬᠢᠵᠦ ᠪᠠᠷᠳᠠᠨ ᠨᠣᠶᠠᠨ ᠴᠢᠬᠢᠨ ᠳ᠋ᠡᠭᠡᠨ ᠢᠲᠡᠭᠡᠵᠦ ᠶᠠᠳᠠᠨ᠂
— ᠶᠠᠭᠤ ᠭᠡᠨ᠎ᠡ? ᠬᠡᠮᠡᠪᠡᠯ ᠡᠯᠴᠢ ᠡᠷ᠎ᠡ ᠬᠠᠷᠠᠴᠠᠠ᠋ᠴᠠ ᠨᠢ ᠳᠠᠯᠳᠢᠴᠢᠨ᠂
— ᠲᠡᠢᠮᠦ ᠠ᠋᠂ ᠡᠵᠡᠨᠲᠡᠨ ᠠ᠋᠂ ᠲᠣᠳᠣᠢᠨ ᠣᠳᠬᠢᠴᠢᠨ ᠦᠭᠡᠢ ᠪᠣᠯᠪᠠ ᠭᠡᠯᠡ᠃ ᠵᠢᠭᠲᠡᠢᠬᠡᠨ ᠨᠠᠮ ᠭᠦᠮ ᠡᠷᠭᠢᠨ ᠲᠣᠭᠣᠷᠢᠨ ᠢ᠋ ᠨᠥᠮᠥᠷᠦᠨ ᠠᠪᠤᠯ᠎ᠠ᠃ ᠡᠨᠡ ᠠᠵᠢᠨ ᠳᠥᠵᠢᠨ ᠢ᠋ ᠡᠪᠳᠡᠵᠦ ᠬᠤᠲᠤᠭᠲᠤ ᠨᠣᠶᠠᠨ ᠤᠷᠲᠤ ᠪᠠᠷ ᠰᠡᠭᠦᠷᠡᠰᠦ ᠠᠯᠲᠠᠨ᠂
— ᠬᠠᠪᠤᠯ ᠬᠠᠭᠠᠨ ᠤ᠋ ᠳᠣᠯᠣᠭᠠᠨ ᠬᠦᠦ ᠶ᠋ᠢᠨ ᠠᠮᠢ ᠪᠠᠷ ᠲᠣᠭᠯᠠᠵᠤ ᠳᠠᠭᠤᠰᠬᠤ ᠨᠢ ᠰᠢᠪ ᠳᠡ! ᠭᠡᠵᠦ ᠭᠦᠨ ᠭᠤᠨᠢᠭ ᠲᠠᠢ ᠥᠭᠦᠯᠡᠭᠰᠡᠨ ᠢ᠋ᠶ᠋ᠡᠨ᠂
— ᠭᠠᠯ ᠤ᠋ᠨ ᠡᠵᠡᠨ ᠬᠠᠮᠤᠭ ᠤ᠋ᠨ ᠪᠠᠭ᠎ᠠ ᠮᠢᠨᠢ ᠠᠯᠠᠭᠳᠠᠵᠠᠢ᠃ ᠬᠠᠷᠯᠢ ᠺᠤ ᠬᠠᠲᠤᠨ ᠡᠵᠢ ᠳ᠋ᠦ᠍ ᠶᠠᠭᠠᠬᠢᠵᠤ ᠳᠣᠭᠣᠯᠭᠠᠨ᠎ᠠ ᠠ᠋ ᠭᠡᠬᠦ ᠳ᠋ᠦ᠍ ᠬᠣᠭᠣᠯᠠᠢ ᠨᠢ ᠵᠠᠩᠭᠢᠷᠠᠨ ᠨᠢᠯᠪᠤᠰᠤ ᠴᠠᠢᠯᠠᠪᠠ᠃ ᠪᠠᠷᠳᠠᠨ ᠨᠣᠶᠠᠨ ᠣᠮᠣᠭᠯᠠᠩ ᠲᠣᠭᠰᠢᠨ ᠵᠠᠩ ᠲᠠᠢ ᠳᠡᠭᠦᠦ ᠪᠡᠨ ᠡᠢᠮᠦ ᠤᠶᠠᠬᠠᠨ ᠭᠡᠵᠦ ᠵᠡᠭᠦᠳᠦᠯᠡᠭᠰᠡᠨ ᠦᠭᠡᠢ ᠶᠠᠪᠤᠵᠠᠢ᠃
— ᠮᠢᠨᠦ ᠳᠡᠭᠦᠦ ᠰᠡᠳᠬᠢᠯ ᠢ᠋ᠶ᠋ᠡᠨ ᠪᠡᠷᠢ!
— ᠪᠡᠷᠲᠡᠨ ᠠᠬ᠎ᠠ ᠮᠢᠨᠢ᠂ ᠰᠡᠳᠬᠢᠯ ᠳᠣᠲᠣᠷ᠎ᠠ ᠪᠠᠨ ᠪᠡᠶ᠎ᠡ ᠪᠡᠶ᠎ᠡ ᠲᠡᠢ ᠪᠡᠨ ᠪᠠᠢᠯᠳᠤᠭᠰᠠᠭᠠᠷ ᠪᠢᠳᠡ ᠬᠥᠮᠦᠨ ᠦ᠌ ᠢᠳᠡᠰᠢ ᠪᠣᠯᠬᠤ ᠨᠢ ᠪᠠᠢᠨ᠎ᠠ ᠰᠢᠦ ᠳᠡ! ᠭᠡᠳ ᠠᠰᠬᠠᠷᠠᠲᠠᠯ᠎ᠠ ᠤᠬᠢᠯᠠᠪᠠ᠃ ᠪᠦᠷᠢ ᠪᠥᠬᠡ ᠡᠴᠢᠭᠡ ᠨᠣᠶᠠᠨ ᠤ᠋ ᠮᠡᠯᠮᠡᠷᠡᠲᠡᠯᠡ ᠠᠰᠬᠠᠷᠠᠬᠤ ᠨᠢᠯᠪᠤᠰᠤ ᠶ᠋ᠢ ᠬᠠᠷᠠᠨ ᠰᠠᠨᠳᠤᠷᠴᠤ᠂
— ᠠᠪᠤ ᠠ᠋᠂ ᠠᠪᠤ ᠠ᠋᠁ ᠭᠡᠬᠦ ᠡᠴᠡ ᠥᠭᠡᠷ᠎ᠡ ᠶ᠋ᠢ ᠡᠰᠡ ᠬᠡᠯᠡᠵᠦ ᠴᠢᠳᠠᠨ ᠪᠦᠯᠲᠡᠭᠡᠨᠡᠬᠦ ᠳ᠋ᠦ᠍ ᠮᠡᠩᠬᠢᠲᠦ ᠬᠢᠶᠠᠨ᠂
— ᠨᠣᠶᠠᠳ ᠠ᠋᠂ ᠰᠢᠪᠡᠭᠡ ᠪᠤᠷᠭᠠᠰᠤᠨᠠ᠋ᠴᠠ ᠤᠲᠤᠭ᠎ᠠ ᠭᠠᠷᠤᠯ᠎ᠠ! ᠭᠡᠵᠡᠢ᠃ ᠬᠤᠲᠤᠭᠲᠤ ᠨᠣᠶᠠᠨ ᠰᠢᠷᠲᠡᠰᠬᠢᠨ ᠬᠠᠷᠠᠵᠤ ᠤᠬᠤᠰᠬᠢᠨ ᠪᠣᠰᠤᠭᠰᠠᠨ ᠢ᠋ᠶ᠋ᠠᠨ᠂
— ᠪᠡᠷᠲᠡᠨ ᠠᠬ᠎ᠠ᠂ ᠵᠤᠯᠠᠢ ᠵᠤᠯᠠᠢ ᠪᠠᠨ ᠭᠢᠰᠬᠢᠵᠦ ᠲᠥᠷᠥᠭᠰᠡᠨ ᠳᠣᠯᠣᠭᠠᠨ ᠬᠦᠦ ᠶ᠋ᠢᠨ ᠤᠤᠭᠠᠨ ᠨᠢ ᠲᠠ ᠪᠢᠯᠡ᠃ ᠣᠳᠣ ᠠᠪᠤ ᠶ᠋ᠢᠨ ᠣᠷᠣᠨ ᠳ᠋ᠤ᠌ ᠠᠪᠤ ᠪᠣᠯᠬᠤ ᠴᠠᠭ ᠢᠷᠡᠪᠡ᠃ ᠲᠣᠳᠣᠢᠨ ᠳᠡᠭᠦᠦ ᠶ᠋ᠢᠨ ᠱᠠᠷᠢᠯ ᠢ᠋ ᠲᠠ ᠤᠨᠤᠨ ᠮᠥᠷᠡᠨ ᠦ᠌ ᠬᠢᠨᠢ ᠤᠰᠤ ᠪᠠᠷ ᠤᠬᠢᠶᠠᠨ ᠣᠩᠭᠣᠯᠠᠵᠤ ᠶᠣᠰᠣᠯᠠ! ᠪᠢ ᠴᠡᠷᠢᠭ ᠢ᠋ᠶ᠋ᠡᠨ ᠠᠪᠴᠤ ᠶᠢᠰᠦᠨ ᠲᠠᠲ᠋ᠠᠷ ᠠ᠋ᠴᠠ ᠶᠠᠯ᠎ᠠ ᠠᠰᠠᠭᠤᠨ᠎ᠠ! ᠭᠡᠪᠡ᠃
ᠪᠠᠷᠳᠠᠨᠪᠠᠭᠠᠲᠤᠷ ᠪᠤᠭᠤᠷᠤᠯ ᠲᠡᠷᠢᠭᠦᠨ ᠢ᠋ᠶ᠋ᠡᠨ ᠴᠢᠮᠡᠭᠡ ᠦᠭᠡᠢ ᠲᠣᠬᠢᠬᠤ ᠳ᠋ᠤ᠌ ᠮᠡᠩᠬᠢᠲᠦ ᠬᠢᠶᠠᠨ ᠡᠴᠢᠭᠡ ᠨᠣᠶᠠᠨ ᠢ᠋ᠶ᠋ᠠᠨ ᠬᠡᠮᠵᠢᠶᠡᠯᠡᠰᠢ ᠦᠭᠡᠢ ᠶᠡᠬᠡ ᠪᠡᠷ ᠦᠷᠦ ᠡᠪᠡᠳᠴᠡᠢ᠃ ᠦᠰᠲᠡᠨ ᠲᠠᠲ᠋ᠠᠷ ᠲᠠᠢ ᠳᠠᠢᠳᠤᠨ᠎ᠠ ᠭᠡᠮᠡᠨ ᠬᠠᠷᠠᠭ᠎ᠠ ᠶᠡᠬᠡᠲᠦ ᠲᠤᠭ ᠢ᠋ᠶ᠋ᠠᠨ ᠵᠠᠯᠠᠵᠤ᠂ ᠪᠦᠷᠢᠶ᠎ᠡ ᠶᠡᠬᠡ ᠴᠡᠷᠢᠭ ᠢ᠋ᠶ᠋ᠡᠨ ᠵᠠᠰᠠᠵᠤ ᠮᠣᠷᠳᠠᠭᠰᠠᠨ ᠠᠲᠠᠯ᠎ᠠ ᠣᠳᠬᠣᠨ ᠳᠡᠭᠦᠦ ᠶ᠋ᠢᠨ ᠢ᠋ᠶ᠋ᠡᠨ ᠱᠠᠷᠢᠯ ᠢ᠋ ᠠᠴᠢᠭᠠᠳ ᠪᠤᠴᠠᠨ᠎ᠠ ᠭᠡᠳᠡᠭ ᠬᠦᠰᠡᠮᠡᠷ ᠵᠠᠶᠠᠭ᠎ᠠ ᠪᠢᠰᠢ ᠶᠦ᠍ᠮ᠃ ᠭᠡᠪᠡᠴᠦ ᠬᠤᠲᠤᠭᠲᠤ ᠨᠣᠶᠠᠨ ᠤ᠋ ᠵᠠᠷᠯᠢᠭ ᠭᠠᠷᠴᠠᠭ᠎ᠠ ᠦᠭᠡᠢ ᠵᠥᠪ ᠪᠠᠢᠯ᠎ᠠ᠃ ᠪᠡᠷᠲᠡᠨ ᠨᠣᠶᠠᠨ ᠨᠠᠰᠤᠨ ᠲᠤᠷᠰᠢ ᠡᠪᠰᠡᠬᠦ ᠶ᠋ᠢᠨ ᠤᠬᠠᠭᠠᠨ ᠳ᠋ᠤ᠌ ᠦᠨᠡᠨᠴᠢ ᠪᠠᠢᠵᠤ᠂ ᠬᠥᠮᠦᠨ ᠦ᠌ ᠤᠷᠮᠠᠨ ᠳ᠋ᠤ᠌ ᠲᠠᠲ᠋ᠠᠷ ᠢᠷᠭᠡᠳ ᠤᠷᠤᠭᠤ ᠢᠯᠳᠦ ᠰᠤᠭᠤᠯᠵᠤ᠂ ᠰᠤᠮᠤ ᠠᠭᠰᠠᠭᠰᠠᠨ ᠦᠭᠡᠢ ᠪᠣᠯᠠᠢ᠃ ᠭᠡᠲᠡᠯ᠎ᠡ ᠠᠬ᠎ᠠ ᠳᠡᠭᠦᠦᠰ ᠦ᠋ᠨ ᠢ᠋ᠶ᠋ᠡᠨ ᠱᠠᠷᠢᠯ ᠢ᠋ ᠤᠬᠢᠯᠠᠵᠤ ᠪᠤᠯᠠᠭᠰᠠᠭᠠᠷ ᠨᠢᠭᠡ ᠨᠠᠰᠤ ᠶ᠋ᠢ ᠪᠠᠷᠠᠵᠠᠢ᠃ ᠲᠡᠭᠦᠨ ᠢ᠋ ᠨᠢ ᠬᠤᠲᠤᠭᠲᠤ ᠨᠣᠶᠠᠨ ᠦᠭᠡ ᠪᠡᠷ ᠪᠤᠰᠤ ᠦᠢᠯᠡ ᠪᠡᠷ ᠬᠡᠯᠡᠵᠦ ᠬᠠᠲᠠᠭᠤ ᠰᠢᠢᠳᠬᠡᠭᠰᠡᠨ ᠬᠡᠷᠡᠭ ᠠᠪᠠᠢ᠃ ᠳᠡᠭᠦᠦ ᠨᠣᠶᠠᠨ ᠤ᠋ ᠴᠢᠯᠠᠭᠤ ᠰᠢᠭ᠋ ᠵᠢᠷᠦᠬᠡᠨ ᠡᠴᠡ ᠭᠠᠷᠤᠭᠰᠠᠨ᠂ ᠦᠬᠦᠯ ᠰᠢᠭ ᠬᠡᠴᠡᠭᠦᠦ ᠵᠠᠷᠯᠢᠭ ᠢ᠋ ᠪᠠᠷᠳᠠᠨᠪᠠᠭᠠᠲᠤᠷ ᠡᠰᠡᠷᠭᠦᠴᠡᠵᠦ ᠦᠯᠦ ᠴᠢᠳᠠᠯ᠎ᠠ᠃ ᠲᠡᠷᠡ ᠪᠡᠷ ᠴᠢᠮᠡᠭᠡ ᠦᠭᠡᠢ ᠲᠣᠯᠣᠭᠠᠢ ᠳᠣᠬᠢᠭᠠᠳ ᠲᠣᠷᠭᠠᠨ ᠬᠥᠮᠥᠯᠳᠥᠷᠭᠡ ᠲᠡᠢ ᠬᠣᠯᠠ ᠮᠣᠷᠢᠨ ᠳ᠋ᠠᠭᠠᠨ ᠮᠣᠷᠳᠠᠵᠤ ᠡᠯᠴᠢ ᠶ᠋ᠢ ᠳᠠᠭᠠᠭᠤᠯᠤᠨ ᠶᠡᠬᠡ ᠲᠠᠯ᠎ᠠ ᠶ᠋ᠢᠨ ᠳᠤᠮᠳᠠᠭᠤᠷ ᠨᠢᠰᠠᠯᠤᠭᠰᠠᠨ ᠴᠢᠯᠠᠭᠤ ᠰᠢᠭ᠋ ᠱᠤᠤᠭᠢᠨ ᠣᠳᠴᠠᠢ᠃ ᠦᠬᠦᠯ ᠬᠠᠭᠠᠴᠠᠯᠠ᠋ᠴᠠ ᠵᠢᠷᠦᠬᠡᠰᠢᠶᠡᠨ ᠬᠠᠯᠠᠰᠢᠷᠠᠵᠤ ᠭᠦᠢᠴᠡᠭᠰᠡᠨ ᠡᠪᠦᠭᠡᠨ ᠨᠣᠶᠠᠨ ᠢ᠋ ᠲᠣᠳᠣᠢᠨ ᠣᠳᠴᠢᠬᠢᠨ ᠤ᠋ ᠴᠡᠷᠢᠭ ᠦ᠋ᠨ ᠬᠦᠷᠢᠶᠡᠨ ᠳ᠋ᠦ᠍ ᠢᠷᠡᠬᠦ ᠳ᠋ᠦ᠍ ᠮᠣᠷᠢ ᠪᠠᠨ ᠡᠮᠡᠭᠡᠯᠯᠡᠵᠦ᠂ ᠢᠯᠳᠦ ᠪᠡᠨ ᠠᠭᠰᠠᠭᠠᠳ ᠵᠠᠷᠯᠢᠭ ᠬᠦᠯᠢᠶᠡᠨ ᠴᠡᠷᠢᠭ ᠡᠷᠡᠰ ᠴᠢᠮᠡᠭᠡ ᠦᠭᠡᠢ ᠰᠠᠭᠤᠵᠠᠢ᠃ ᠲᠡᠳᠡᠨ ᠦ᠌ ᠴᠢᠷᠠᠢ ᠬᠢᠯᠢᠩ ᠲᠡᠢ ᠪᠠᠷᠤᠭᠠᠷ ᠪᠥᠯᠥᠭᠡ᠃ ᠰᠢᠪᠡᠷ ᠪᠠᠷᠢᠮᠠᠯ ᠮᠡᠲᠦ ᠰᠦᠭᠯᠡᠢᠨ ᠰᠠᠭᠤᠬᠤ ᠡᠷᠡᠰ ᠦ᠋ᠨ ᠳᠤᠮᠳᠠᠭᠤᠷ ᠭᠠᠭᠴᠠᠬᠠᠨ ᠮᠣᠷᠢᠨ ᠤ᠋ ᠲᠣᠪᠣᠷ ᠲᠣᠪᠣᠷ ᠠᠯᠬᠤᠭᠠᠨ ᠴᠢᠮᠡᠭᠡ ᠰᠣᠨᠣᠰᠬᠠᠨ ᠶᠠᠪᠤᠭᠰᠠᠭᠠᠷ ᠬᠡᠭᠡᠷ᠎ᠡ ᠶ᠋ᠢᠨ ᠴᠠᠴᠠᠷ ᠤ᠋ᠨ ᠡᠭᠦᠳᠡᠨ ᠳ᠋ᠦ᠍ ᠢᠷᠡᠵᠦ ᠪᠠᠭᠤᠪᠠ᠃ ᠪᠤᠷᠬᠠᠨ ᠪᠣᠯᠤᠭᠠᠴᠢ ᠨᠣᠶᠠᠨ ᠤ᠋ ᠬᠦ ᠬᠤᠶᠠᠭ ᠢ᠋ ᠡᠮᠦᠰᠬᠡᠵᠦ᠂ ᠳᠤᠭᠤᠯᠠᠭ᠎ᠠ ᠶ᠋ᠢ ᠨᠢ ᠠᠰᠬᠠᠵᠤ᠂ ᠢᠯᠳᠦ ᠶ᠋ᠢ ᠪᠠᠷᠢᠭᠤᠯᠤᠭᠠᠳ ᠲᠡᠮᠡᠭᠡᠨ ᠲᠡᠷᠭᠡᠨ ᠳᠡᠭᠡᠷ᠎ᠡ ᠪᠡᠶ᠎ᠡ ᠶ᠋ᠢ ᠨᠢ ᠵᠠᠰᠠᠵᠤ ᠲᠠᠯᠪᠢᠭᠰᠠᠨ ᠪᠠᠢᠬᠤ ᠶ᠋ᠢ ᠦᠵᠡᠭᠡᠳ《ᠮᠢᠨᠦ ᠮᠠᠭᠤ ᠬᠣᠶᠠᠷ ᠬᠦᠦ ᠬᠥᠮᠦᠨ ᠯᠡ ᠪᠣᠯᠵᠤ ᠶᠠᠪᠤᠨ᠎ᠠ ᠳᠠ》ᠭᠡᠵᠦ ᠪᠣᠳᠣᠵᠠᠢ᠃ ᠴᠢᠩᠭᠢᠭᠡᠳ ᠬᠠᠷ᠎ᠠ ᠨᠢᠯᠬ᠎ᠠ ᠪᠠᠷ ᠢ᠋ᠶ᠋ᠠᠨ ᠠᠮᠢ ᠠᠯᠳᠠᠭᠰᠠᠨ ᠣᠳᠬᠣᠨ ᠳᠡᠭᠦᠦ ᠶ᠋ᠢᠨ ᠢ᠋ᠶ᠋ᠡᠨ ᠠᠯᠲᠠᠨ ᠱᠠᠷᠢᠯ ᠤ᠋ᠨ ᠲᠣᠯᠣᠭᠠᠢ ᠳ᠋ᠤ᠌ ᠢᠷᠡᠵᠦ ᠵᠣᠭᠰᠣᠭᠠᠳ ᠭᠡᠨᠡᠨ ᠱᠣᠬᠣᠭᠣᠷᠬᠠᠯ ᠨᠢ ᠨᠡᠪᠲᠡ ᠰᠢᠩᠭᠡᠭᠰᠡᠨ ᠭᠡᠭᠡᠨ ᠮᠦᠰᠢᠶᠡᠯ ᠨᠢ ᠠᠷᠢᠯᠤᠭ᠎ᠠ ᠦᠭᠡᠢ ᠬᠥᠰᠢᠭᠰᠡᠨ ᠨᠢᠭᠤᠷ ᠢ᠋ ᠨᠢ ᠤᠳᠠᠭᠠᠨ ᠰᠢᠷᠳᠡᠪᠡ᠃ ᠡᠢᠨ ᠬᠠᠷᠠᠵᠤ ᠬᠠᠷᠠᠵᠤ ᠵᠥᠭᠡᠯᠡᠨ ᠪᠥᠬᠥᠢᠨ ᠴᠠᠪ ᠬᠦᠢᠲᠡᠨ ᠮᠠᠩᠨᠠᠢ ᠳ᠋ᠤᠨᠢ ᠬᠣᠰᠢᠭᠤ ᠬᠦᠷᠭᠡᠨ ᠦᠨᠦᠰᠦᠭᠡᠳ᠂
— ᠮᠥᠩᠬᠡ ᠲᠡᠭᠷᠢ ᠮᠡᠳᠡᠲᠦᠭᠡᠢ! ᠭᠡᠮᠡᠨ ᠰᠢᠪᠡᠨᠡᠬᠦ ᠳ᠋ᠦ᠍ ᠡᠬᠢᠯᠡᠭᠡᠳ ᠳᠡᠷᠭᠡᠳᠡ ᠨᠢ ᠵᠣᠭᠰᠣᠵᠤ ᠠᠭᠰᠠᠨ ᠶᠢᠰᠦᠭᠡᠢ᠂ ᠨᠡᠭᠦᠨ ᠲᠠᠢᠵᠢ ᠬᠣᠶᠠᠷ ᠲᠦᠷᠢᠵᠦ᠂ ᠳᠠᠷᠠᠭ᠎ᠠ ᠨᠢ ᠪᠦᠬᠦ ᠴᠡᠷᠢᠭ ᠦ᠋ᠳ ᠲᠦᠷᠢᠨ᠂
— ᠮᠥᠩᠬᠡ ᠲᠡᠭᠷᠢ ᠮᠡᠳᠡᠲᠦᠭᠡᠢ! ᠭᠡᠮᠡᠨ ᠨᠢᠷ ᠬᠢᠯ᠎ᠡ᠃ ᠣᠭᠲᠣ ᠴᠢᠮᠡᠭᠡ ᠦᠭᠡᠢ ᠪᠥᠬᠥᠯᠵᠡᠨ ᠠᠭᠰᠠᠨ ᠪᠤᠷᠭᠠᠰᠤᠨ ᠰᠢᠭᠤᠢ ᠰᠡᠷᠲᠡᠰᠬᠢᠵᠦ᠂ ᠨᠣᠢᠷᠮᠤᠭ ᠵᠥᠭᠡᠯᠡᠨ ᠦᠯᠢᠶᠡᠬᠦ ᠰᠢᠪᠰᠢᠶ᠎ᠡ ᠰᠠᠯᠬᠢᠨ ᠰᠡᠪᠡᠯᠵᠡᠬᠦ ᠰᠢᠭ ᠪᠣᠯᠤᠯ᠎ᠠ᠃ ᠪᠡᠷᠲᠡᠨ ᠨᠣᠶᠠᠨ᠂ ᠪᠤᠷᠬᠠᠨ ᠪᠣᠯᠤᠭᠴᠢ ᠳᠡᠭᠦᠦ ᠶ᠋ᠢᠨ ᠢ᠋ᠶ᠋ᠡᠨ ᠲᠡᠷᠢᠭᠦᠯᠡᠵᠦ ᠪᠠᠢᠭᠰᠠᠨ ᠬᠦᠷᠢᠶ᠎ᠡ ᠶ᠋ᠢ ᠲᠣᠭᠣᠷᠢᠭᠤᠯᠤᠨ ᠬᠠᠷᠠᠵᠤ᠂
— ᠬᠦᠯᠦᠭ ᠪᠠᠭᠠᠲᠤᠷ ᠤ᠋ᠳ ᠠ᠋! ᠲᠣᠳᠣᠢᠨ ᠨᠣᠶᠠᠨ ᠤ᠋ ᠲᠤᠭ ᠤ᠋ᠨ ᠳᠣᠣᠷ᠎ᠠ ᠶᠢᠰᠦᠨ ᠲᠠᠲ᠋ᠠᠷ ᠢ᠋ ᠳᠠᠭᠠᠷᠢᠨ ᠣᠷᠣᠬᠤ ᠭᠡᠵᠦ ᠬᠤᠷᠠᠨ ᠴᠤᠭᠯᠠᠷᠠᠭᠰᠠᠨ ᠴᠡᠷᠢᠭ ᠦ᠋ᠳ ᠲᠠ ᠨᠠᠷ ᠵᠣᠷᠢᠭᠰᠠᠨ ᠵᠦᠭ ᠲᠡᠭᠡᠨ ᠶᠠᠪᠤ! ᠡᠷ᠎ᠡ ᠬᠥᠮᠦᠨ ᠵᠣᠷᠢᠭᠰᠠᠨ ᠳ᠋ᠠᠭᠠᠨ᠂ ᠡᠮᠡᠭᠡᠯᠲᠦ ᠮᠣᠷᠢ ᠬᠠᠷᠠᠢᠭᠰᠠᠨ ᠳ᠋ᠠᠭᠠᠨ ᠭᠡᠬᠦ ᠪᠢᠯᠡ᠃ ᠶᠢᠰᠦᠭᠡᠢ ᠪᠠᠭᠠᠲᠤᠷ ᠤ᠋ᠨ ᠲᠤᠭ ᠤ᠋ᠨ ᠳᠣᠣᠷ᠎ᠠ᠂ ᠨᠡᠭᠦᠨ ᠲᠠᠢᠵᠢ ᠶ᠋ᠢᠨ ᠨᠡᠷ᠎ᠡ ᠶ᠋ᠢᠨ ᠳᠣᠣᠷ᠎ᠠ ᠤᠷᠤᠭᠰᠢᠯᠠᠭᠲᠤᠨ! ᠬᠡᠮᠡᠬᠦ ᠳ᠋ᠦ᠍ ᠢᠷᠯᠡᠭᠰᠡᠨ ᠢᠯᠳᠦ ᠰᠢᠭ ᠵᠠᠷᠯᠢᠭ ᠰᠣᠨᠣᠰᠤᠭᠰᠠᠨ ᠴᠡᠷᠢᠭ ᠦ᠋ᠳ ᠪᠠᠶᠠᠷᠯᠠᠨ ᠪᠣᠰᠴᠠᠭᠠᠵᠤ᠂
— ᠪᠠᠷᠳᠠᠨᠪᠠᠭᠠᠲᠤᠷ ᠤ᠋ᠨ ᠥᠯᠮᠡᠢ ᠪᠠᠲᠤ ᠣᠷᠣᠰᠢᠭ! ᠭᠡᠮᠡᠨ ᠨᠦᠷᠭᠢᠯᠡᠵᠦ ᠠᠪᠠᠢ᠃ ᠡᠨᠡ ᠬᠢᠷᠢ ᠲᠣᠳᠣᠢᠨ ᠣᠳᠴᠢᠬᠢᠨ ᠤ᠋ ᠬᠥᠲᠥᠴᠢ ᠴᠡᠷᠢᠭ ᠬᠠᠷᠠᠭᠤᠯ ᠵᠣᠭᠰᠣᠭᠠᠭᠰᠠᠨ ᠬᠠᠷ᠎ᠠ ᠭᠡᠷ ᠡᠴᠡ ᠴᠠᠪ ᠴᠠᠭᠠᠨ ᠡᠮᠦᠰᠬᠡᠯ ᠲᠡᠢ ᠨᠢᠴᠦᠭᠦᠨ ᠪᠦᠰᠡᠭᠦᠢ ᠶ᠋ᠢ ᠲᠠᠭᠤᠭᠰᠠᠭᠠᠷ ᠭᠠᠷᠴᠤ ᠢᠷᠡᠯ᠎ᠡ᠃ ᠪᠠᠷᠳᠠᠨ ᠨᠣᠶᠠᠨ ᠭᠠᠢᠬᠠᠨ ᠠᠯᠮᠠᠢᠷᠠᠵᠤ ᠳᠡᠮᠡᠢ ᠯᠡ ᠬᠣᠶᠠᠷ ᠬᠦᠦ ᠪᠡᠨ ᠬᠠᠷᠠᠪᠠᠯ ᠶᠢᠰᠦᠭᠡᠢ᠂
— ᠲᠣᠳᠣᠢᠨ ᠠᠪᠠᠭ᠎ᠠ ᠶ᠋ᠢᠨ ᠠᠮᠢᠨ ᠳ᠋ᠤ᠌ ᠬᠦᠷᠦᠭᠰᠡᠨ ᠡᠮ᠎ᠡ! ᠭᠡᠪᠡ᠃
— ᠬᠤᠷᠬᠤᠨᠤᠭ ᠵᠢᠪᠤᠷ ᠠ᠋ᠴᠠ ᠲᠠ ᠨᠠᠷ ᠲᠠᠲᠠᠪᠤᠷᠢ ᠡᠮᠡᠰ ᠠᠪᠴᠤ ᠭᠠᠷᠤᠭᠰᠠᠨ ᠤᠯᠤᠰ ᠤᠤ?
— ᠦᠭᠡᠢ᠃
— ᠲᠡᠭᠡᠭᠡᠳ ᠡᠨᠡ ᠡᠮ᠎ᠡ ᠴᠡᠷᠢᠭ ᠦ᠋ᠨ ᠬᠦᠷᠢᠶᠡᠨ ᠳ᠋ᠦ᠍ ᠶᠠᠭᠤ ᠪᠡᠳᠡᠷᠢᠵᠦ ᠶᠠᠪᠤᠳᠠᠭ ᠪᠠᠢᠨ᠎ᠠ?
— ᠮᠡᠳᠡᠬᠦ ᠦᠭᠡᠢ᠃
— ᠲᠠᠲ᠋ᠠᠷ ᠡᠮ᠎ᠡ ᠤᠤ?
一 ᠮᠡᠳᠡᠬᠦ ᠦᠭᠡᠢ
一 ᠬᠡᠨ ᠭᠡᠳᠡᠭ ᠬᠥᠮᠦᠨ ᠪᠣᠢ?
一 ᠮᠡᠳᠡᠬᠦ ᠦᠭᠡᠢ᠁ ᠭᠡᠵᠦ ᠬᠣᠶᠠᠷ ᠬᠥᠪᠡᠭᠦᠨ ᠠᠮᠠ ᠤᠷᠤᠯᠳᠤᠨ ᠥᠭᠦᠯᠡᠪᠡ᠃ ᠮᠥᠨᠥᠬᠢ ᠡᠮ᠎ᠡ ᠨᠢᠴᠦᠭᠦᠨ ᠪᠡᠶ᠎ᠡ ᠨᠢ ᠭᠡᠷᠡᠯᠲᠦᠭᠰᠡᠨ ᠨᠢᠮᠭᠡᠨ ᠴᠠᠭᠠᠨ ᠤᠤᠵᠢ ᠮᠡᠲᠦ ᠶ᠋ᠢ ᠡᠮᠦᠰᠴᠦ᠂ ᠭᠢᠯ᠎ᠠ ᠬᠠᠷᠠᠬᠠᠨ ᠦᠰᠦ ᠪᠡᠨ ᠵᠠᠳᠠᠭᠠᠢ ᠬᠠᠶᠠᠭᠰᠠᠨ ᠴᠢᠷᠠᠢᠯᠢᠭ ᠪᠦᠰᠡᠭᠦᠢ ᠠᠵᠢ᠃ ᠤᠷᠤᠭᠤᠯ ᠨᠢ ᠪᠣᠯᠪᠠᠰᠤᠷᠠᠵᠤ ᠭᠦᠢᠴᠡᠭᠰᠡᠨ ᠶᠠᠭᠠᠨ ᠵᠢᠮᠢᠰ ᠮᠡᠲᠦ ᠠᠭᠠᠳ ᠬᠠᠷᠠᠴᠠ ᠨᠢ ᠢᠩᠭᠡ ᠪᠡᠨ ᠳᠠᠭᠤᠳᠠᠨ ᠭᠤᠩᠭᠠᠨᠠᠬᠤ ᠪᠣᠲᠣᠭᠣᠨ ᠤ᠋ ᠨᠢᠳᠦ ᠮᠡᠲᠦ ᠭᠤᠨᠢᠭ ᠲᠠᠢ ᠪᠢᠯᠡ᠃ ᠲᠡᠷᠡ ᠪᠡᠷ ᠬᠠᠷ᠎ᠠ ᠴᠠᠭᠠᠨ ᠳᠠᠭᠤ ᠦᠭᠡᠢ ᠲᠠᠭᠤᠭᠳᠠᠨ ᠢᠷᠡᠵᠦ ᠴᠢᠮᠡᠭᠡ ᠦᠭᠡᠢ ᠵᠣᠭᠰᠣᠭᠰᠠᠨ ᠢ᠋ᠶ᠋ᠠᠨ ᠬᠥᠲᠥᠴᠢ ᠴᠡᠷᠢᠭ ᠮᠥᠷᠦᠨ ᠳᠡᠭᠡᠷ᠎ᠡ ᠨᠢ ᠴᠣᠬᠢᠬᠤ ᠳ᠋ᠤ᠌ ᠬᠥᠭᠰᠢᠨ ᠲᠡᠮᠡᠭᠡ ᠬᠡᠪᠲᠡᠬᠦ ᠮᠡᠲᠦ ᠶᠠᠭᠬᠢᠨ ᠰᠠᠭᠤᠴᠢᠬᠠᠪᠠ᠃ ᠲᠡᠭᠦᠨ ᠦ᠌ ᠮᠠᠷᠢᠶᠠᠯᠢᠭ ᠮᠥᠷᠥ ᠢᠯᠡᠬᠡᠨ ᠠᠭᠠᠳ ᠰᠣᠷᠣᠨ ᠲᠠᠰᠢᠭᠤᠷ ᠤ᠋ᠨ ᠮᠥᠷ ᠴᠥᠭᠡᠨ ᠪᠤᠰᠤ ᠬᠦᠷᠡᠩᠲᠦᠨ ᠪᠢᠯᠡ᠃ ᠵᠠᠯᠠᠭᠤ ᠵᠠᠩᠵᠤᠳ ᠪᠦᠰᠡᠭᠦᠢ ᠶ᠋ᠢ ᠪᠠᠰᠠ ᠪᠠᠢᠴᠠᠭᠠᠭᠰᠠᠨ ᠪᠣᠯᠤᠯᠲᠠᠢ᠃
一 ᠴᠢ ᠠᠯᠢ ᠣᠪᠣᠭ ᠤ᠋ᠨ ᠬᠠᠷᠢᠶᠠᠲᠤ ᠪᠢᠯᠡ? ᠬᠡᠨ ᠦ᠌ ᠤᠳᠤᠮ ᠰᠤᠳᠤᠷ ᠤ᠋ᠨ ᠬᠥᠮᠦᠨ ᠪᠣᠢ?
一 ᠡᠩ᠁ ᠡᠩ᠁
ᠪᠦᠰᠡᠭᠦᠢ ᠶ᠋ᠢᠨ ᠨᠢᠳᠦ ᠳᠦᠷᠯᠡᠯᠵᠡᠨ᠂ ᠤᠷᠤᠭᠤᠯ ᠣᠮᠣᠯᠵᠠᠬᠤ ᠠ᠋ᠴᠠ ᠥᠭᠡᠷ᠎ᠡ ᠶ᠋ᠢ ᠡᠰᠡ ᠬᠡᠯᠡᠨ᠎ᠡ ᠠᠵᠢ᠃ ᠪᠡᠷᠲᠡᠨ ᠨᠣᠶᠠᠨ ᠭᠠᠢᠬᠠᠰᠢ ᠲᠠᠰᠤᠷᠠᠨ ᠶᠢᠰᠦᠭᠡᠢ ᠶ᠋ᠢ ᠬᠠᠷᠠᠪᠠᠯ᠂
一 ᠬᠡᠯᠡ ᠦᠭᠡᠢ ᠶᠦᠮ ᠰᠢᠭ ᠪᠠᠢᠨ᠎ᠠ ᠪᠢᠯᠡ ᠭᠡᠪᠡ᠃ ᠪᠡᠷᠲᠡᠨ ᠨᠣᠶᠠᠨ ᠴᠥᠪᠥᠷᠢᠭᠦᠦ ᠰᠢᠭ ᠠᠮᠢᠲᠠᠨ ᠢ᠋ ᠬᠥᠯ ᠡᠴᠡ ᠲᠣᠯᠣᠭᠠᠢ ᠬᠦᠷᠲᠡᠯ᠎ᠡ ᠤᠳᠠᠭᠠᠨ ᠠᠵᠢᠭᠰᠠᠨ ᠢ᠋ᠶ᠋ᠠᠨ᠂
一 ᠡᠭᠦᠨ ᠲᠡᠢ ᠴᠦ᠍ ᠶᠠᠭᠤ ᠶᠠᠷᠢᠬᠤ ᠪᠢᠯᠡ᠃ ᠲᠠᠯᠪᠢᠵᠤ ᠣᠷᠭᠢ! ᠲᠣᠯᠣᠭᠠᠢ ᠬᠠᠨᠳᠤᠭᠰᠠᠨ ᠵᠦᠭ ᠲᠡᠭᠡᠨ ᠳᠠᠯᠳᠠ ᠤᠷᠤᠭ! ᠭᠡᠯᠡ᠃ ᠬᠥᠲᠥᠴᠢ ᠴᠡᠷᠢᠭ ᠡᠪᠦᠭᠡᠨ ᠨᠣᠶᠠᠨ ᠢ᠋ ᠭᠠᠢᠬᠠᠰᠢ ᠲᠠᠰᠤᠷᠠᠭᠰᠠᠨ ᠬᠠᠷᠠᠴᠠ ᠪᠠᠷ ᠲᠦᠷᠯᠡᠬᠢᠨ ᠬᠠᠷᠠᠭᠰᠠᠨ ᠢ᠋ᠶ᠋ᠠᠨ ᠰᠡᠯᠡᠮ᠎ᠡ ᠪᠡᠨ ᠰᠤᠭᠤᠯᠤᠨ ᠣᠭᠵᠣᠮ ᠳᠠᠢᠯᠠᠬᠤ ᠳ᠋ᠤ᠌ ᠪᠦᠰᠡᠭᠦᠢ ᠠᠮᠢ ᠲᠠᠯᠪᠢᠵᠤ ᠪᠣᠢ ᠮᠡᠲᠦ ᠴᠢᠷᠠᠯᠠᠯᠠ᠃ ᠶᠡᠷᠦ ᠬᠡᠨ ᠦ᠌ ᠶᠠᠨᠠᠨ ᠦᠭᠡᠢ ᠴᠠᠪᠴᠢᠴᠢᠬᠠᠯᠠ ᠭᠡᠵᠦ ᠪᠣᠳᠣᠵᠠᠢ᠃ ᠭᠡᠲᠡᠯ᠎ᠡ ᠬᠥᠲᠥᠴᠢ ᠡᠷ᠎ᠡ ᠭᠠᠷ ᠪᠣᠭᠣᠭᠰᠠᠨ ᠰᠣᠷᠣᠨ ᠬᠦᠯᠢᠭ ᠢ᠋ ᠨᠢ ᠲᠠᠰᠤ ᠴᠠᠪᠴᠢᠭᠰᠠᠨ ᠶᠤᠮ ᠰᠠᠨᠵᠠᠢ᠃ ᠲᠡᠷᠡ ᠪᠡᠷ ᠰᠣᠷᠣᠨ ᠤ᠋ ᠲᠠᠰᠤᠷᠬᠠᠢ ᠶ᠋ᠢ ᠰᠤᠭᠤ ᠲᠡᠳᠡᠨ ᠠᠪᠴᠤ ᠪᠦᠰᠡᠭᠦᠢ ᠶ᠋ᠢ ᠨᠢᠭᠡ ᠰᠢᠪᠬᠠᠷᠤᠭᠰᠠᠨ ᠢ᠋ᠶ᠋ᠠᠨ᠂
— ᠨᠢᠳᠦᠨ ᠡᠴᠡ ᠳᠠᠯᠳᠠ ᠣᠷᠣ! ᠭᠡᠯᠡ᠃ ᠪᠠᠶᠠᠷᠯᠠᠵᠤ᠂ ᠭᠠᠢᠬᠠᠵᠤ᠂ ᠡᠷᠡᠭᠡᠯᠵᠡᠵᠦ ᠭᠦᠢᠴᠡᠭᠰᠡᠨ ᠠᠮᠢᠲᠠᠨ ᠵᠢᠭᠠᠬᠠᠨ ᠪᠣᠰᠴᠤ ᠨᠢᠭᠡ ᠬᠣᠶᠠᠷ ᠠᠯᠬᠤᠭᠰᠠᠨ ᠢ᠋ᠶ᠋ᠠᠨ ᠡᠷᠭᠢᠨ ᠬᠠᠷᠠᠪᠠ᠃ ᠴᠢᠩᠭᠢᠭᠰᠡᠨ ᠢ᠋ᠶ᠋ᠡᠨ ᠠᠯᠬᠤᠭ᠎ᠠ ᠪᠠᠨ ᠲᠦᠷᠭᠡᠰᠬᠡᠨ ᠨᠡᠯᠢᠶᠡᠳ ᠶᠠᠪᠤᠭᠠᠳ ᠵᠣᠭ ᠲᠣᠰᠣᠨ ᠵᠥᠭᠡᠯᠡᠬᠡᠨ ᠡᠷᠭᠢᠵᠦ ᠬᠠᠷᠠᠯ᠎ᠠ᠃ ᠲᠡᠭᠡᠵᠦ ᠲᠡᠭᠡᠵᠦ ᠰᠠᠶᠢ ᠯᠠ ᠰᠤᠯᠠᠷᠠᠭᠰᠠᠨ ᠳ᠋ᠠᠭᠠᠨ ᠢᠲᠡᠭᠡᠪᠡ ᠪᠣᠯᠤᠯᠲᠠᠢ ᠨᠢᠴᠦᠭᠦᠨ ᠬᠥᠯ ᠦ᠋ᠨ ᠢ᠋ᠶ᠋ᠡᠨ ᠤᠯᠠ ᠶ᠋ᠢ ᠭᠢᠯᠠᠯᠵᠠᠭᠤᠯᠤᠨ ᠭᠦᠶᠦᠵᠦ ᠣᠳᠬᠤ ᠳ᠋ᠤ᠌ ᠬᠥᠲᠥᠴᠢ ᠡᠷ᠎ᠡ᠂
— ᠦᠨᠡᠬᠡᠷ ᠬᠡᠯᠡ ᠦᠭᠡᠢ ᠶᠦᠮ ᠰᠢᠭ ᠪᠠᠢᠨ᠎ᠠ ᠠ᠋᠂ ᠵᠠᠢᠯᠠᠭᠤᠯ! ᠭᠡᠮᠡᠨ ᠢᠯᠳᠦ ᠪᠡᠨ ᠬᠤᠢ ᠳ᠋ᠤᠨᠢ ᠬᠢᠪᠡ᠃ ᠲᠡᠢᠨ ᠰᠦᠷ ᠢ᠋ ᠦᠵᠡᠭᠦᠯᠵᠦ ᠴᠠᠪᠴᠢᠭᠰᠠᠨ ᠨᠢ ᠪᠦᠰᠡᠭᠦᠢ ᠶ᠋ᠢᠨ ᠦᠨᠡᠬᠡᠷ ᠬᠡᠯᠡ ᠲᠡᠢ᠂ ᠬᠡᠯᠡ ᠦᠭᠡᠢ ᠶ᠋ᠢ ᠰᠢᠯᠭᠠᠭᠰᠠᠨ ᠰᠣᠷᠢᠯᠭ᠎ᠠ ᠶᠤᠮ ᠰᠠᠨᠵᠠᠢ᠃ ᠬᠡᠯᠡ ᠦᠭᠡᠢ ᠬᠡᠦᠬᠡᠨ ᠦ᠌ ᠪᠠᠷ᠎ᠠ ᠲᠠᠰᠤᠷᠠᠭᠰᠠᠨ ᠬᠣᠢᠨ᠎ᠠ ᠬᠦᠷᠢᠶ᠎ᠡ ᠳᠠᠶᠠᠭᠠᠷ ᠠᠮᠢᠰᠬᠤᠭ᠎ᠠ ᠠᠪᠬᠤ ᠮᠡᠲᠦ ᠬᠥᠳᠡᠯᠭᠡᠭᠡᠨ ᠳ᠋ᠦ᠍ ᠣᠷᠣᠵᠤ᠂ ᠶᠢᠰᠦᠭᠡᠢ ᠶ᠋ᠢᠨ ᠲᠤᠭ ᠤ᠋ᠨ ᠴᠡᠷᠢᠭ ᠬᠠᠯᠬ᠎ᠠ ᠨᠥᠮᠥᠷᠭᠡ ᠶ᠋ᠢᠨ ᠪᠤᠷᠭᠠᠰᠤ ᠤᠷᠤᠭᠤ ᠮᠣᠷᠳᠠᠪᠠ᠃ ᠲᠠᠮᠢᠷᠯᠠᠨ ᠨᠣᠶᠠᠨ ᠤ᠋ ᠮᠢᠩᠭᠠᠲᠤ ᠴᠡᠷᠢᠭ ᠢ᠋ᠶ᠋ᠡᠷ ᠬᠠᠮᠠᠭᠠᠯᠠᠭᠤᠯᠤᠭᠰᠠᠨ ᠱᠠᠷᠢᠯ ᠤ᠋ᠨ ᠴᠤᠪᠤᠭ᠎ᠠ ᠡᠬᠡ ᠪᠣᠯᠤᠭᠰᠠᠨ ᠤᠨᠤᠨ ᠮᠥᠷᠡᠨ ᠢ᠋ᠶ᠋ᠡᠨ ᠴᠢᠭᠯᠡᠵᠦ ᠠᠪᠠᠢ᠃
ᠦᠰᠦᠭ ᠠᠮᠢᠯᠠᠭᠤᠯᠤᠭᠴᠢ᠄ ᠬᠡᠯᠡᠰᠣᠶᠤᠯ᠂ ᠨᠠᠷᠠᠨᠲᠤᠶᠠᠭ᠎ᠠ᠂ ᠡᠷᠳᠡᠨᠢᠭᠤᠸ᠎ᠠ᠂
ᠪᠠᠶᠠᠨᠴᠡᠴᠡᠭ᠂ ᠭᠡᠷᠡᠯ᠂ ᠠᠯᠲᠠᠨᠴᠢᠮᠡᠭ᠂ ᠳᠡᠭᠦᠦᠳᠠᠭᠤᠯᠠ᠂
ᠣᠶᠤᠨᠴᠡᠴᠡᠭ᠂ ᠪᠠᠢ·ᠰᠠᠷᠠᠨ᠎ᠠ᠂ ᠬᠡᠷᠡᠢᠳ ᠮᠥᠩᠬᠡᠨᠠᠰᠤᠨ᠂
ᠮᠥᠩᠭᠥᠨ᠂ ᠣᠶᠤᠨᠴᠢᠮᠡᠭ
ᠬᠢᠨᠠᠭᠴᠢ᠄ ᠣᠳᠬᠠᠨᠰᠪᠠ᠋᠂ ᠭᠠᠷᠮ᠎ᠠ᠂ ᠬᠡᠷᠡᠢᠳ ᠵᠣᠯ᠂ ᠬᠡᠷᠡᠢᠳ ᠮᠥᠩᠬᠡᠨᠠᠰᠤᠨ᠂
ᠬᠠᠳᠠᠴᠢᠨ ᠱᠠᠵᠢᠨ᠂ ᠠᠷᠢᠭᠤᠨ᠂ ᠰᠠᠷᠠᠨᠲᠤᠶᠠᠭ᠎ᠠ᠂ ᠪᠠᠶᠠᠨᠴᠡᠴᠡᠭ
