ᠤᠴᠠᠷᠠᠨ ᠵᠣᠯᠭᠠᠬᠤ ᠶ᠋ᠢᠨ ᠢᠷᠦᠭᠡᠯ -ᠴ· ᠥᠯᠵᠡᠢᠣ᠋ᠷᠤᠰᠢᠬᠤ᠂ ᠰ· ᠬᠦᠷᠡᠯᠪᠠᠭᠠᠲᠤᠷУчран золгохын ерөөл-Ц·Өлзийорших,С·Хүрэлбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠴᠠᠷᠠᠨ ᠵᠣᠯᠭᠠᠬᠤ ᠶ᠋ᠢᠨ ᠢᠷᠦᠭᠡᠯ -ᠴ· ᠥᠯᠵᠡᠢᠣ᠋ᠷᠤᠰᠢᠬᠤ᠂ ᠰ· ᠬᠦᠷᠡᠯᠪᠠᠭᠠᠲᠤᠷУчран золгохын ерөөл-Ц·Өлзийорших,С·Хүрэлбаатар

ᠤᠴᠠᠷᠠᠨ ᠵᠣᠯᠭᠠᠬᠤ ᠶ᠋ᠢᠨ ᠢᠷᠦᠭᠡᠯ -ᠴ· ᠥᠯᠵᠡᠢᠣ᠋ᠷᠤᠰᠢᠬᠤ᠂ ᠰ· ᠬᠦᠷᠡᠯᠪᠠᠭᠠᠲᠤᠷУчран золгохын ерөөл-Ц·Өлзийорших,С·Хүрэлбаатар

ᠠᠩᠭᠢᠯᠠᠯ:ᠳᠠᠭᠤᠤ ᠬᠥᠭᠵᠢᠮ
2026-04-20

417

ᠤᠴᠠᠷᠠᠨ ᠵᠣᠯᠭᠠᠬᠤ ᠶ᠋ᠢᠨ ᠢᠷᠦᠭᠡᠯ


      ᠦᠭᠡ᠄ ᠳ· ᠰᠣᠳᠨᠠᠮᠳᠣᠷᠵᠢ 
      ᠠᠶ᠎ᠠ᠄ ᠴ· ᠴᠢᠩᠵᠣᠷᠢᠭ  
      ᠳᠠᠭᠤᠴᠢᠨ᠄ ᠴ· ᠥᠯᠵᠡᠢᠣ᠋ᠷᠤᠰᠢᠬᠤ᠂ ᠰ· ᠬᠦᠷᠡᠯᠪᠠᠭᠠᠲᠤᠷ 


ᠠᠷᠠᠳ ᠤ᠋ᠨ ᠰᠤᠷᠭᠠᠭᠤᠯᠢ ᠶ᠋ᠢᠨ ᠠᠯᠲᠠᠨ ᠪᠣᠱᠣᠭ᠎ᠠ ᠶ᠋ᠢ 
ᠠᠯᠬᠤᠵᠤ ᠣᠷᠣᠭᠰᠠᠨ ᠠᠩᠬᠠᠨ ᠤ᠋ ᠡᠳᠦᠷ ᠡᠴᠡ 
ᠠᠷᠪᠢᠨ ᠡᠷᠳᠡᠮ ᠦ᠋ᠨ ᠰᠢᠮ᠎ᠡ ᠶ᠋ᠢ ᠬᠦᠷᠲᠡᠭᠰᠡᠭᠡᠷ 
ᠠᠷᠪᠠᠨ ᠵᠢᠯ ᠢ᠋ ᠠᠷᠤ ᠳ᠋ᠤ᠌ ᠪᠠᠨ ᠣᠷᠬᠢᠯ᠎ᠠ 

ᠬᠦᠰᠡᠯ ᠢ᠋ ᠵᠢᠭᠦᠷ ᠤᠷᠭᠤᠭᠤᠯᠵᠤ ᠥᠭᠭᠦᠭᠰᠡᠨ 
ᠬᠦᠷᠬᠦ ᠢᠷᠡᠭᠡᠳᠦᠢ ᠶ᠋ᠢ ᠤᠭᠲᠤᠭᠤᠯᠵᠤ ᠵᠢᠭᠠᠭᠰᠠᠨ
ᠠᠷᠪᠠᠨ ᠵᠢᠯ ᠦ᠋ᠨ ᠰᠤᠷᠭᠠᠭᠤᠯᠢ ᠪᠠᠨ ᠳᠤᠷᠠᠰᠴᠤ
ᠠᠴᠢᠲᠤ ᠪᠠᠭᠰᠢ ᠨᠠᠷ ᠢ᠋ᠶ᠋ᠠᠨ ᠰᠠᠨᠠᠨ ᠶᠠᠪᠤᠨ᠎ᠠ

ᠬᠡᠳᠦᠬᠡᠨ ᠰᠢᠬᠢᠷ ᠢ᠋ᠶ᠋ᠡᠨ ᠳᠠᠯᠠᠯᠠᠨ ᠬᠤᠪᠢᠶᠠᠵᠤ
ᠬᠡᠴᠡᠭᠦᠬᠡᠨ ᠬᠢᠴᠢᠶᠡᠯ ᠢ᠋ᠶ᠋ᠡᠨ ᠬᠠᠮᠲᠤᠷᠠᠨ ᠳᠠᠪᠲᠠᠵᠤ
ᠰᠤᠷᠤᠭᠴᠢ ᠶ᠋ᠢᠨ ᠬᠤᠪᠴᠠᠰᠤ ᠪᠠᠷ ᠢᠵᠢᠯᠳᠡᠨ ᠭᠤᠶᠤᠭᠰᠠᠨ
ᠰᠤᠷᠭᠠᠭᠤᠯᠢ ᠶ᠋ᠢᠨ ᠵᠢᠯ ᠦ᠋ᠳ ᠲᠦ᠍ ᠳᠡᠩᠳᠡᠭᠦᠦ ᠳᠠᠰᠴᠠᠢ

ᠵᠤᠵᠠᠭᠠᠨ ᠳᠡᠪᠲᠡᠷ ᠲᠦ᠍ ᠦᠯᠡᠳᠡᠭᠡᠵᠦ ᠥᠭᠭᠦᠭᠰᠡᠨ
ᠵᠢᠷᠤᠭ ᠳᠤᠷᠠᠰᠬᠠᠯ ᠴᠢᠨᠢ ᠳᠤᠷᠠᠢᠵᠤ ᠪᠠᠢᠨ᠎ᠠ
ᠵᠠᠭᠤᠷᠠᠳᠤ ᠶ᠋ᠢᠨ ᠪᠢᠰᠢ ᠡᠭᠦᠷᠢᠳᠡ ᠶ᠋ᠢᠨ ᠰᠡᠳᠬᠢᠯ ᠢ᠋ᠶ᠋ᠡᠷ
ᠵᠠᠭᠤᠨ ᠨᠠᠰᠤᠯᠠᠭᠰᠠᠨ ᠴᠤ᠌ ᠬᠠᠳᠠᠭᠠᠯᠠᠵᠤ ᠶᠠᠪᠤᠨ᠎ᠠ

ᠠᠵᠢᠯ ᠡᠷᠳᠡᠮ ᠦ᠋ᠨ ᠵᠠᠮ ᠢ᠋ ᠳᠠᠭᠠᠭᠠᠳ
ᠠᠷᠪᠠᠨ ᠵᠦᠭ ᠲᠦ᠍ ᠪᠡᠨ ᠵᠠᠮᠨᠠᠨ ᠣᠲᠣᠭᠠᠳ
ᠠᠭᠤᠳᠠᠮ ᠨᠤᠲᠤᠭ ᠲᠤ᠌ ᠪᠠᠨ ᠳᠠᠷᠬᠠᠨ ᠰᠠᠭᠤᠭᠰᠠᠨ ᠴᠤ᠌
ᠤᠴᠠᠷᠠᠨ ᠵᠣᠯᠭᠠᠬᠤ ᠶ᠋ᠢᠨ ᠢᠷᠦᠭᠡᠯ ᠪᠠᠢᠨ᠎ᠠ

ᠠᠭᠤᠳᠠᠮ ᠨᠤᠲᠤᠭ ᠲᠤ᠌ ᠪᠠᠨ ᠳᠠᠷᠬᠠᠨ ᠰᠠᠭᠤᠭᠰᠠᠨ ᠴᠤ᠌
ᠤᠴᠠᠷᠠᠨ ᠵᠣᠯᠭᠠᠬᠤ ᠶ᠋ᠢᠨ ᠢᠷᠦᠭᠡᠯ ᠪᠠᠢᠨ᠎ᠠ
ᠤᠴᠠᠷᠠᠨ ᠵᠣᠯᠭᠠᠬᠤ ᠶ᠋ᠢᠨ ᠢᠷᠦᠭᠡᠯ ᠪᠠᠢᠨ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ