ᠤᠭᠠᠯᠵᠠᠨ ᠱᠠᠩᠳᠤ ᠶ᠋ᠢᠨ ᠭᠣᠣᠯ ᠮᠢᠨᠢ - ᠦᠭᠡ᠄ ᠴᠢ᠊· ᠬᠠᠰᠯᠤᠤ ᠂ ᠠᠶ᠎ᠠ᠄ ᠢ᠊· ᠪᠠᠳᠠᠷᠠᠩᠭᠤᠢ᠂ ᠳᠠᠭᠤᠯᠠᠭᠰᠠᠨ ᠨᠢ᠄ ᠡ᠊· ᠬᠥᠭᠵᠢᠯᠲᠦ᠂ᠤᠷᠢᠬᠠᠨ Угалзан шантын гол минь - үг᠄ Чи· Хаслуу᠂ ая᠄ И· Бадрангуй, дуулсан нь᠄ Э· Хөгжилт᠂Урихан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠭᠠᠯᠵᠠᠨ ᠱᠠᠩᠳᠤ ᠶ᠋ᠢᠨ ᠭᠣᠣᠯ ᠮᠢᠨᠢ - ᠦᠭᠡ᠄ ᠴᠢ᠊· ᠬᠠᠰᠯᠤᠤ ᠂ ᠠᠶ᠎ᠠ᠄ ᠢ᠊· ᠪᠠᠳᠠᠷᠠᠩᠭᠤᠢ᠂ ᠳᠠᠭᠤᠯᠠᠭᠰᠠᠨ ᠨᠢ᠄ ᠡ᠊· ᠬᠥᠭᠵᠢᠯᠲᠦ᠂ᠤᠷᠢᠬᠠᠨ Угалзан шантын гол минь - үг᠄ Чи· Хаслуу᠂ ая᠄ И· Бадрангуй, дуулсан нь᠄ Э· Хөгжилт᠂Урихан

ᠤᠭᠠᠯᠵᠠᠨ ᠱᠠᠩᠳᠤ ᠶ᠋ᠢᠨ ᠭᠣᠣᠯ ᠮᠢᠨᠢ - ᠦᠭᠡ᠄ ᠴᠢ᠊· ᠬᠠᠰᠯᠤᠤ ᠂ ᠠᠶ᠎ᠠ᠄ ᠢ᠊· ᠪᠠᠳᠠᠷᠠᠩᠭᠤᠢ᠂ ᠳᠠᠭᠤᠯᠠᠭᠰᠠᠨ ᠨᠢ᠄ ᠡ᠊· ᠬᠥᠭᠵᠢᠯᠲᠦ᠂ᠤᠷᠢᠬᠠᠨ Угалзан шантын гол минь - үг᠄ Чи· Хаслуу᠂ ая᠄ И· Бадрангуй, дуулсан нь᠄ Э· Хөгжилт᠂Урихан

ᠠᠩᠭᠢᠯᠠᠯ:ᠳᠠᠭᠤᠤ ᠬᠥᠭᠵᠢᠮ
2026-04-19

438

ᠤᠭᠠᠯᠵᠠᠨ ᠱᠠᠩᠳᠤ ᠶ᠋ᠢᠨ ᠭᠣᠣᠯ ᠮᠢᠨᠢ


            ᠦᠭᠡ᠄ ᠴᠢ‍· ᠬᠠᠰᠯᠤᠤ  
            ᠠᠶ᠎ᠠ᠄ ᠢ‍· ᠪᠠᠳᠠᠷᠠᠩᠭᠤᠢ 
            ᠳᠠᠭᠤᠯᠠᠭᠰᠠᠨ ᠨᠢ᠄ ᠡ‍· ᠬᠥᠭᠵᠢᠯᠲᠦ᠂ ᠤᠷᠢᠬᠠᠨ  

 ᠬᠤᠷ᠎ᠠ ᠶ᠋ᠢᠨ ᠡᠭᠦᠯᠡᠰ ᠲᠣᠯᠣᠭᠠᠢᠯᠠᠭᠰᠠᠨ  
 ᠬᠣᠯᠠ ᠶ᠋ᠢᠨ ᠥᠨᠳᠥᠷ ᠠᠭᠤᠯᠠᠰ  
 ᠬᠤᠷᠠᠭ᠎ᠠ ᠲᠤᠭᠤᠯ ᠤ᠋ᠳ ᠲᠣᠭᠯᠠᠯᠳᠤᠭᠰᠠᠨ  
 ᠬᠣᠩᠭᠣᠷ ᠠᠭᠤᠳᠠᠮ ᠬᠥᠨᠳᠡᠢ ᠲᠡᠢ   
 ᠠᠯᠤᠰ ᠢ᠋ ᠴᠢᠭᠯᠡᠨ ᠵᠢᠷᠪᠢᠯᠵᠡᠭᠰᠡᠨ  
 ᠠᠷᠢᠭᠤᠨ ᠲᠤᠩᠭᠠᠯᠠᠭ ᠤᠷᠤᠰᠬᠠᠯ ᠲᠠᠢ  
 ᠠᠯᠳᠠᠷᠲᠤ ᠪᠡᠭᠡᠵᠢᠩ ᠲᠡᠢ ᠬᠣᠯᠪᠣᠭᠰᠠᠨ  
 ᠠᠯᠲᠠᠨ ᠰᠠᠷᠠᠭᠤᠯ ᠵᠠᠮ ᠲᠠᠢ  
      ᠠ ᠬᠠ ᠬᠥ  
      ᠠ ᠬᠠ ᠬᠥ   
 ᠤᠭᠠᠯᠵᠠᠨ ᠱᠠᠩᠳᠤ ᠶ᠋ᠢᠨ ᠭᠣᠣᠯ ᠮᠢᠨᠢ  
 ᠠᠭᠤᠳᠠᠮ ᠨᠤᠲᠤᠭ ᠢ᠋ᠶ᠋ᠠᠷ ᠱᠤᠤᠭᠢᠨ ᠤᠷᠤᠰᠤᠨ᠎ᠠ   

 ᠣᠷᠴᠢᠯᠠᠩ ᠳᠡᠯᠡᠬᠡᠢ ᠳ᠋ᠦ᠍ ᠠᠯᠳᠠᠷᠰᠢᠭᠰᠠᠨ  
 ᠤᠯᠠᠮᠵᠢᠯᠠᠯᠲᠤ ᠲᠡᠦᠬᠡᠨ ᠪᠠᠭᠤᠷᠢ ᠲᠠᠢ  
 ᠤᠮᠠᠷᠠᠲᠤ ᠣᠷᠣᠨ ᠢ᠋ᠶ᠋ᠠᠨ ᠴᠣᠭᠴᠠᠯᠠᠭᠰᠠᠨ  
 ᠣᠮᠣᠭᠲᠤ ᠮᠠᠯᠴᠢᠳ ᠤ᠋ᠨ ᠳᠠᠭᠤᠯᠠᠯ ᠲᠠᠢ 
      ᠠ ᠬᠠ ᠬᠥ   
      ᠠ ᠬᠠ ᠬᠥ   
 ᠤᠭᠠᠯᠵᠠᠨ ᠱᠠᠩᠳᠤ ᠶ᠋ᠢᠨ ᠭᠣᠣᠯ ᠮᠢᠨᠢ 
 ᠠᠭᠤᠳᠠᠮ ᠨᠤᠲᠤᠭ ᠢ᠋ᠶ᠋ᠠᠷ ᠱᠤᠤᠭᠢᠨ ᠤᠷᠤᠰᠤᠨ᠎ᠠ 
      ᠠ ᠬᠠ ᠬᠥ 
      ᠠ ᠬᠠ ᠬᠥ   
 ᠤᠭᠠᠯᠵᠠᠨ ᠱᠠᠩᠳᠤ ᠶ᠋ᠢᠨ ᠭᠣᠣᠯ ᠮᠢᠨᠢ  
 ᠠᠭᠤᠳᠠᠮ ᠨᠤᠲᠤᠭ ᠢ᠋ᠶ᠋ᠠᠷ ᠱᠤᠤᠭᠢᠨ ᠤᠷᠤᠰᠤᠨ᠎ᠠ   
 ᠠᠭᠤᠳᠠᠮ ᠨᠤᠲᠤᠭ ᠢ᠋ᠶ᠋ᠠᠷ ᠱᠤᠤᠭᠢᠨ ᠤᠷᠤᠰᠤᠨ᠎ᠠ   

           ᠦᠰᠦᠭ ᠠᠮᠢᠯᠠᠭᠤᠯᠤᠭᠴᠢ᠄ ᠵᠢᠩᠯᠢᠬᠤᠸᠠᠷ