ᠢᠨᠵᠠᠭ᠎ᠠ -ᠡᠩᠬᠡᠬᠤᠨᠠ Yanzaga-EnkhhonaЯнзага-Энххона
ᠢᠨᠵᠠᠭ᠎ᠠ
ᠦᠭᠡ᠄ ᠳ · ᠮᠥᠩᠬᠡᠠᠷᠢᠭᠤᠨᠠ
ᠠᠶ᠎ᠠ᠄ ᠴ·ᠠᠯᠲᠠᠨᠰᠦ᠋ᠬᠡ
ᠳᠠᠭᠤᠴᠢᠨ᠄ ᠡᠩᠬᠡᠬᠤᠨᠠ
ᠬᠠᠯᠢᠭᠤᠨ ᠵᠡᠭᠡᠷ᠎ᠡ ᠶ᠋ᠢᠨ ᠢᠨᠵᠠᠭ᠎ᠠ
ᠬᠡᠭᠡᠷ᠎ᠡ ᠶ᠋ᠢᠨ ᠴᠡᠴᠡᠭ ᠲᠡᠢ ᠨᠠᠭᠠᠳᠤᠨ᠎ᠠ
ᠲᠣᠷᠮᠣᠭᠣᠷ ᠨᠢᠳᠦ ᠪᠡᠷ ᠢ᠋ᠶ᠋ᠡᠨ ᠬᠠᠷᠠᠭᠠᠳ
ᠳᠤᠷᠠᠢᠭᠰᠠᠨ ᠪᠦᠭᠦᠳᠡ ᠶ᠋ᠢ ᠱᠣᠬᠣᠭᠣᠷᠬᠠᠨ᠎ᠠ
ᠢᠨᠵᠠᠭ᠎ᠠ᠂ ᠢᠨᠵᠠᠭ᠎ᠠ ᠮᠢᠨᠢ
ᠮᠢᠨᠦ ᠬᠥᠭᠡᠷᠦᠬᠦᠨ ᠢᠨᠵᠠᠭ᠎ᠠ
ᠮᠠᠩᠨᠠᠢ ᠴᠠᠭᠠᠨ ᠢᠨᠵᠠᠭ᠎ᠠ
ᠮᠥᠯᠢᠬᠡᠷ ᠵᠢᠭᠠᠬᠠᠨ ᠡᠪᠡᠷ ᠲᠡᠢ
ᠮᠥᠭᠡᠯᠡᠨ ᠵᠥᠭᠡᠯᠡᠨ
ᠭᠣᠲᠣᠭᠣᠷ ᠵᠢᠭᠠᠬᠠᠨ ᠰᠡᠭᠦᠯ ᠲᠡᠢ
ᠭᠣᠷᠣᠬᠠᠨ ᠤ᠋ ᠤᠰᠤᠨ ᠠ᠋ᠴᠠ ᠤᠮᠳᠠᠭᠠᠯᠠᠳᠠᠭ
ᠢᠨᠵᠠᠭ᠎ᠠ᠂ ᠢᠨᠵᠠᠭ᠎ᠠ ᠮᠢᠨᠢ
ᠮᠢᠨᠦ ᠬᠥᠭᠡᠷᠦᠬᠦᠨ ᠢᠨᠵᠠᠭ᠎ᠠ
ᠢᠨᠵᠠᠭ᠎ᠠ᠂ ᠢᠨᠵᠠᠭ᠎ᠠ ᠮᠢᠨᠢ
ᠮᠠᠩᠨᠠᠢ ᠴᠠᠭᠠᠨ ᠢᠨᠵᠠᠭ᠎ᠠ
ᠴᠣᠪᠣᠭᠣ ᠬᠥᠭᠡᠷᠦᠬᠦᠨ ᠪᠠᠶᠠᠨ ᠳ᠋ᠤ᠌ ᠪᠠᠨ
ᠴᠣᠬᠣᠷ ᠠᠯᠠᠭ ᠲᠣᠯᠪᠣ ᠲᠠᠢ
ᠰᠡᠷᠲᠡᠭᠡᠷ ᠬᠣᠶᠠᠷ ᠴᠢᠬᠢ ᠲᠡᠢ
ᠰᠤᠷᠯᠢᠭ ᠰᠠᠢᠬᠠᠨ ᠦᠰᠦ ᠲᠡᠢ
ᠢᠨᠵᠠᠭ᠎ᠠ᠂ ᠢᠨᠵᠠᠭ᠎ᠠ ᠮᠢᠨᠢ
ᠮᠢᠨᠦ ᠬᠥᠭᠡᠷᠦᠬᠦᠨ ᠢᠨᠵᠠᠭ᠎ᠠ
ᠢᠨᠵᠠᠭ᠎ᠠ᠂ ᠢᠨᠵᠠᠭ᠎ᠠ ᠮᠢᠨᠢ
ᠮᠠᠩᠨᠠᠢ ᠴᠠᠭᠠᠨ ᠢᠨᠵᠠᠭ᠎ᠠ
ᠢᠨᠵᠠᠭ᠎ᠠ᠂ ᠢᠨᠵᠠᠭ᠎ᠠ ᠮᠢᠨᠢ
ᠮᠢᠨᠦ ᠬᠥᠭᠡᠷᠦᠬᠦᠨ ᠢᠨᠵᠠᠭ᠎ᠠ
ᠢᠨᠵᠠᠭ᠎ᠠ᠂ ᠢᠨᠵᠠᠭ᠎ᠠ ᠮᠢᠨᠢ
ᠮᠠᠩᠨᠠᠢ ᠴᠠᠭᠠᠨ ᠢᠨᠵᠠᠭ᠎ᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
