ᠬᠠᠨᠰᠥ᠋ᠮ᠎ᠠ ᠮᠢᠨᠢ - ᠦᠭᠡ᠄ ᠪᠦᠷᠢᠨ᠌ᠥ᠌ᠯᠵᠡᠢ᠂ ᠠᠶ᠎ᠠ᠄ ᠬᠦᠤᠶ᠋ᠢᠷᠡᠭᠡᠴᠢ᠂ ᠳᠠᠭᠤᠴᠢᠨ᠄ ᠤᠷᠠᠨ᠎ᠠ Хансумаа минь - үг᠄ Бүринөлзий᠂ ая᠄ Хүйрээч᠂ дуучин᠄ Урна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨᠰᠥ᠋ᠮ᠎ᠠ ᠮᠢᠨᠢ - ᠦᠭᠡ᠄ ᠪᠦᠷᠢᠨ᠌ᠥ᠌ᠯᠵᠡᠢ᠂ ᠠᠶ᠎ᠠ᠄ ᠬᠦᠤᠶ᠋ᠢᠷᠡᠭᠡᠴᠢ᠂ ᠳᠠᠭᠤᠴᠢᠨ᠄ ᠤᠷᠠᠨ᠎ᠠ Хансумаа минь - үг᠄ Бүринөлзий᠂ ая᠄ Хүйрээч᠂ дуучин᠄ Урна

ᠬᠠᠨᠰᠥ᠋ᠮ᠎ᠠ ᠮᠢᠨᠢ - ᠦᠭᠡ᠄ ᠪᠦᠷᠢᠨ᠌ᠥ᠌ᠯᠵᠡᠢ᠂ ᠠᠶ᠎ᠠ᠄ ᠬᠦᠤᠶ᠋ᠢᠷᠡᠭᠡᠴᠢ᠂ ᠳᠠᠭᠤᠴᠢᠨ᠄ ᠤᠷᠠᠨ᠎ᠠ Хансумаа минь - үг᠄ Бүринөлзий᠂ ая᠄ Хүйрээч᠂ дуучин᠄ Урна

ᠠᠩᠭᠢᠯᠠᠯ:ᠳᠠᠭᠤᠤ ᠬᠥᠭᠵᠢᠮ
2026-04-18

148

ᠬᠠᠨᠰᠥ᠋ᠮ᠎ᠠ ᠮᠢᠨᠢ


              ᠦᠭᠡ᠄ ᠪᠦᠷᠢᠨ᠌ᠥ᠌ᠯᠵᠡᠢ   
              ᠠᠶ᠎ᠠ᠄ ᠬᠦᠤᠢᠷᠡᠭᠡᠴᠢ   
              ᠳᠠᠭᠤᠴᠢᠨ᠄ ᠤᠷᠠᠨ᠎ᠠ  

 ᠬᠠᠨ ᠥᠨᠳᠥᠷ ᠠᠭᠤᠯᠠ ᠨᠢ ᠨᠠᠷᠠ ᠪᠠᠨ ᠡᠷᠭᠦᠭᠡᠳ ᠲᠡᠨᠢᠢᠨ᠎ᠡ 
 ᠬᠠᠬᠢᠷ ᠳ᠋ᠠᠯᠠᠷ ᠤ᠋ᠨ ᠤᠰᠤ ᠨᠢ ᠰᠠᠷᠠ ᠪᠠᠨ ᠲᠣᠯᠢᠳᠠᠭᠠᠳ ᠮᠡᠯᠲᠡᠯᠵᠡᠨ᠎ᠡ  
 ᠬᠠᠭᠠᠨ ᠤ᠋ ᠲᠠᠪᠤᠨ ᠰᠦᠮ᠎ᠡ ᠨᠢ ᠪᠤᠷᠬᠠᠨ ᠤ᠋ ᠬᠡᠰᠢᠭ ᠢ᠋ ᠲᠦᠭᠡᠭᠡᠨ᠎ᠡ  
 ᠬᠠᠢᠷᠠᠲᠠᠢ ᠬᠥᠮᠦᠨ ᠦ᠌ ᠰᠡᠳᠬᠢᠯ ᠨᠢ ᠳᠠᠭᠤᠨ ᠤ᠋ ᠡᠭᠡᠰᠢᠭ ᠢ᠋ ᠵᠢᠷᠭᠠᠭᠠᠨ᠎ᠠ  
 ᠠᠪᠠᠭ᠎ᠠ ᠬᠠᠷ᠎ᠠ ᠶ᠋ᠢᠨ ᠣᠷᠣᠢ ᠳ᠋ᠤ᠌ ᠨᠢ ᠳᠣᠮᠣᠭ ᠤ᠋ᠨ ᠭᠠᠷᠤᠳᠢ ᠳᠡᠪᠢᠨ᠎ᠡ 
 ᠸᠴᠢᠷᠲᠦ ᠴᠠᠭᠠᠨ ᠤ᠋ ᠪᠠᠭᠤᠷᠢ ᠳ᠋ᠤ᠌ ᠨᠢ ᠬᠠᠭᠠᠳ ᠤ᠋ᠨ ᠲᠡᠦᠬᠡ ᠠᠮᠢᠯᠠᠨ᠎ᠠ  
 ᠡᠷᠳᠡᠨᠢ ᠠᠭᠤᠯᠠ ᠶ᠋ᠢᠨ ᠡᠩᠭᠡᠷ ᠲᠦ᠍ ᠨᠢ ᠠᠯᠲᠠᠨ ᠤᠨᠠᠭ᠎ᠠ ᠲᠣᠭᠯᠠᠨ᠎ᠠ  
 ᠡᠩᠬᠡ ᠠᠮᠤᠭᠤᠯᠠᠩ ᠤ᠋ᠨ ᠵᠢᠷᠭᠠᠯ ᠳ᠋ᠤ᠌ ᠨᠢ ᠬᠡᠭᠡᠷ᠎ᠡ ᠶ᠋ᠢᠨ ᠰᠠᠯᠬᠢ ᠬᠣᠷᠭᠣᠳᠠᠨ᠎ᠠ 
      ᠳᠡᠯᠡᠬᠡᠢ ᠶ᠋ᠢᠨ ᠵᠢᠷᠤᠭ ᠲᠤ ᠳᠤᠷᠠᠢᠭᠰᠠᠨ  
      ᠳᠡᠭᠡᠳᠦ ᠶ᠋ᠢᠨ ᠨᠤᠲᠤᠭ ᠬᠠᠨᠰᠥ᠋ᠮ᠎ᠠ ᠮᠢᠨᠢ  
      ᠳᠡᠯᠭᠡᠷ ᠬᠡᠰᠢᠭ ᠢ᠋ᠶ᠋ᠡᠨ ᠢᠪᠡᠭᠡᠭᠰᠡᠨ  
      ᠳᠡᠩᠳᠡᠭᠦᠦ ᠬᠠᠢᠷᠠᠲᠠᠢ ᠥᠯᠥᠭᠡᠢ ᠮᠢᠨᠢ 

 ᠬᠥᠯᠭᠡᠨ ᠰᠤᠳᠤᠷ ᠤ᠋ᠨ ᠠᠪᠢᠰᠢᠭ᠌ ᠲᠤ᠌ ᠨᠢ ᠭᠡᠭᠡᠨ ᠤᠬᠠᠭᠠᠨᠲᠤ ᠲᠥᠷᠥᠨ᠎ᠡ 
 ᠬᠦᠢ ᠵᠢᠨ ᠬᠣᠯᠪᠣᠭ᠎ᠠ ᠲᠠᠢ ᠨᠤᠲᠤᠭ ᠲᠤ᠌ ᠮᠢᠨᠢ ᠠᠯᠲᠠᠨ ᠴᠡᠭᠡᠵᠢᠲᠦ ᠮᠡᠨᠳᠦᠯᠡᠨ᠎ᠡ 
 ᠰᠠᠪᠠ ᠶᠢᠷᠲᠢᠨᠴᠦ ᠵᠢᠨ ᠠᠭᠤᠳᠠᠮ ᠳ᠋ᠤ᠌ ᠰᠠᠢᠬᠠᠨ ᠠᠯᠳᠠᠷ ᠨᠢ ᠮᠠᠨᠳᠤᠨ᠎ᠠ  
 ᠰᠠᠨᠠᠭ᠎ᠠ ᠴᠠᠭᠠᠨ ᠬᠥᠮᠦᠰ ᠤᠨ ᠮᠢᠨᠢ ᠪᠤᠶᠠᠨ ᠵᠠᠶᠠᠭ᠎ᠠ ᠨᠢ ᠳᠡᠯᠭᠡᠷᠡᠨ᠎ᠡ  
      ᠳᠡᠯᠡᠬᠡᠢ ᠶ᠋ᠢᠨ ᠵᠢᠷᠤᠭ ᠲᠤ ᠳᠤᠷᠠᠢᠭᠰᠠᠨ 
      ᠳᠡᠭᠡᠳᠦ ᠶ᠋ᠢᠨ ᠨᠤᠲᠤᠭ ᠬᠠᠨᠰᠥ᠋ᠮ᠎ᠠ ᠮᠢᠨᠢ 
      ᠳᠡᠯᠭᠡᠷ ᠬᠡᠰᠢᠭ ᠢ᠋ᠶ᠋ᠡᠨ ᠢᠪᠡᠭᠡᠭᠰᠡᠨ 
      ᠳᠡᠩᠳᠡᠭᠦᠦ ᠬᠠᠢᠷᠠᠲᠠᠢ ᠥᠯᠥᠭᠡᠢ ᠮᠢᠨᠢ 
      ᠳᠡᠯᠡᠬᠡᠢ ᠶ᠋ᠢᠨ ᠵᠢᠷᠤᠭ ᠲᠤ ᠳᠤᠷᠠᠢᠭᠰᠠᠨ  
      ᠳᠡᠭᠡᠳᠦ ᠶ᠋ᠢᠨ ᠨᠤᠲᠤᠭ ᠬᠠᠨᠰᠥ᠋ᠮ᠎ᠠ ᠮᠢᠨᠢ  
      ᠳᠡᠯᠭᠡᠷ ᠬᠡᠰᠢᠭ ᠢ᠋ᠶ᠋ᠡᠨ ᠢᠪᠡᠭᠡᠭᠰᠡᠨ 
      ᠳᠡᠩᠳᠡᠭᠦᠦ ᠬᠠᠢᠷᠠᠲᠠᠢ ᠥᠯᠥᠭᠡᠢ ᠮᠢᠨᠢ  
      ᠳᠡᠩᠳᠡᠭᠦᠦ ᠬᠠᠢᠷᠠᠲᠠᠢ ᠥᠯᠥᠭᠡᠢ ᠮᠢᠨᠢ     

   
            ᠦᠰᠦᠭ ᠬᠠᠳᠠᠭᠴᠢ᠄ ᠮᠣᠩᠭᠣᠯ ᠰᠣᠶᠣᠯ  
            ᠦᠰᠦᠭ ᠠᠮᠢᠯᠠᠭᠤᠯᠤᠭᠴᠢ᠄ ᠮᠣᠩᠭᠣᠯ ᠰᠣᠶᠣᠯ 
             ᠬᠢᠨᠠᠭᠴᠢ᠄ ᠪᠣᠷᠵᠢᠭᠢᠨ·ᠰᠡᠴᠡᠨᠬᠦᠦ