ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –2>᠂ ᠰᠢᠳᠢᠲᠦ ᠳ᠋ᠸᠩᠯᠦ Бүргэд харьд үүрэлдэггүй – Ж᠂ Пүрэв <1-р бүлэг ~2>. шидэт дэнлүү ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –2>᠂ ᠰᠢᠳᠢᠲᠦ ᠳ᠋ᠸᠩᠯᠦ Бүргэд харьд үүрэлдэггүй – Ж᠂ Пүрэв <1-р бүлэг ~2>. шидэт дэнлүү

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –2>᠂ ᠰᠢᠳᠢᠲᠦ ᠳ᠋ᠸᠩᠯᠦ Бүргэд харьд үүрэлдэггүй – Ж᠂ Пүрэв <1-р бүлэг ~2>. шидэт дэнлүү

ᠠᠩᠭᠢᠯᠠᠯ:ᠲᠤᠭᠤᠵᠢ ᠷᠣᠮᠠᠨ
2026-04-17

54

ᠨᠢᠭᠡᠳᠦᠭᠡᠷ ᠪᠦᠯᠦᠭ᠂ ᠤᠮᠠᠷ᠎ᠠ ᠶᠢ ᠵᠣᠷᠢᠭᠰᠠᠨ ᠭᠠᠯᠠᠭᠤᠨ ᠴᠤᠪᠤᠭ᠎ᠠ

ᠬᠣᠶᠠᠷ᠂ ᠰᠢᠳᠢᠲᠦ ᠳ᠋ᠸᠩᠯᠦ


       ᠶᠡᠬᠡ ᠡᠵᠡᠨ ᠬᠠᠭᠠᠨ ᠤ᠋ ᠵᠠᠷᠯᠢᠭ ᠢ᠋ᠶ᠋ᠠᠷ ᠲᠣᠮᠢᠯᠠᠭᠳᠠᠭᠰᠠᠨ ᠵᠡᠭᠦᠨ ᠭᠠᠷ ᠤ᠋ᠨ ᠵᠠᠬᠢᠷᠤᠭᠴᠢ ᠬᠤᠪᠢᠯᠠᠢ ᠬᠡᠭᠡᠷ᠎ᠡ ᠶ᠋ᠢᠨ ᠠᠰᠠᠷ ᠲᠤ᠌ ᠪᠠᠨ ᠵᠤᠭᠠᠲᠠᠢ ᠪᠠᠢᠯ᠎ᠠ᠃ 
       ᠲᠡᠭᠦᠨ ᠦ᠌ ᠣᠯᠪᠣᠭ ᠤ᠋ᠨ ᠬᠠᠵᠠᠭᠤ ᠳ᠋ᠠᠬᠢ ᠰᠢᠷᠡᠭᠡᠨ ᠳᠡᠭᠡᠷ᠎ᠡ ᠠᠮᠲᠠᠲᠤ ᠵᠢᠮᠢᠰ ᠲᠠᠪᠯᠠᠨ ᠳ᠋ᠤ᠌ ᠵᠡᠭᠡᠰᠦᠲᠡᠢ ᠬᠠᠷᠠᠭᠳᠠᠨ᠎ᠠ᠃  
       ᠵᠠᠬᠢᠷᠤᠭᠴᠢ ᠵᠠᠢ ᠵᠠᠪᠰᠠᠷ ᠦᠭᠡᠢ ᠶᠠᠭᠤᠮ᠎ᠠ ᠪᠣᠳᠣᠨ᠂ ᠭᠠᠭᠴᠠᠭᠠᠷ ᠢ᠋ᠶ᠋ᠠᠨ ᠠᠮᠠᠨ ᠳᠣᠲᠣᠷ᠎ᠠ ᠪᠠᠨ ᠰᠢᠪᠡᠨᠡᠨ ᠶᠠᠷᠢᠭᠰᠠᠭᠠᠷ ᠬᠡᠪᠲᠡᠵᠦ᠂ ᠪᠣᠰᠤᠨ ᠪᠠᠢᠪᠠ᠃ 《ᠪᠢ ᠴᠡᠷᠢᠭ ᠦ᠋ᠨ ᠳᠠᠪᠰᠢᠯᠲᠠ ᠪᠠᠨ ᠰᠠᠭᠠᠷᠠᠭᠤᠯᠤᠭᠠᠳ ᠪᠠᠢᠭ᠎ᠠ᠃ ᠡᠨᠡ ᠮᠠᠨᠢ ᠵᠥᠪ ᠤᠤ? ᠬᠡᠷᠪᠡ ᠴᠡᠷᠢᠭ ᠢ᠋ᠶ᠋ᠡᠨ ᠡᠷᠴᠢ ᠪᠡᠷ ᠨᠢ ᠲᠠᠯᠪᠢᠪᠠᠯ ᠬᠥᠬᠡ ᠮᠥᠷᠡᠨ ᠦ᠌ ᠳᠤᠮᠳᠠ ᠤᠷᠤᠰᠬᠠᠯ ᠳ᠋ᠤ᠌ ᠡᠨᠡ ᠭᠣᠣᠯ ᠤ᠋ᠨ ᠠᠳᠠᠭ ᠢ᠋ᠶ᠋ᠠᠷ ᠠᠮᠠᠷᠬᠠᠨ ᠬᠦᠷᠬᠦ ᠪᠣᠯᠤᠯᠲᠠᠢ᠃ ᠮᠠᠨ ᠤ᠋ ᠳᠣᠪᠲᠣᠯᠭᠠᠨ ᠢ ᠵᠣᠭᠰᠣᠭᠠᠬᠤ ᠬᠦᠴᠦ ᠡᠦᠲᠦ ᠪᠡᠷ ᠠᠳᠠ ᠠᠯᠠᠭ᠎ᠠ᠃ ᠰᠥᠩ ᠤᠯᠤᠰ ᠤ᠋ᠨ ᠴᠡᠷᠢᠭ ᠮᠥᠷᠡᠨ ᠭᠣᠣᠯ ᠤ᠋ᠨ ᠬᠣᠢᠲᠤ ᠪᠡᠶ᠎ᠡ ᠳ᠋ᠦ᠍ ᠲᠡᠳᠦᠢᠯᠡ ᠣᠯᠠᠨ ᠦᠭᠡᠢ ᠪᠠᠢᠭ᠎ᠠ ᠨᠢ ᠵᠦᠢᠯ ᠵᠦᠢᠯ ᠢ᠋ᠶ᠋ᠡᠷ ᠮᠡᠳᠡᠭᠳᠡᠵᠦ ᠪᠠᠢᠨ᠎ᠠ᠁》 ᠭᠡᠮᠡᠨ ᠥᠪᠡᠷ ᠲᠡᠢ ᠪᠡᠨ ᠶᠠᠷᠢᠭᠰᠠᠭᠠᠷ ᠪᠠᠢᠬᠤ ᠳ᠋ᠤ᠌ ᠨᠢ ᠭᠠᠳᠠᠨ᠎ᠠ ᠠ᠋ᠴᠠ ᠯᠣᠯᠣᠢ ᠠᠪᠠᠭᠠᠢ ᠭᠦᠶᠦᠨ ᠣᠷᠣᠵᠤ ᠢᠷᠡᠪᠡ᠃ 
       ᠤᠷᠲᠤ ᠭᠡᠵᠢᠭᠡ ᠪᠡᠨ ᠭᠤᠷᠪᠠ ᠪᠠᠷ ᠳᠠᠷᠤᠨ ᠰᠦᠯᠵᠢᠭᠰᠡᠨ᠂ ᠭᠤᠸᠠᠯᠢᠭ ᠥᠨᠳᠥᠷ ᠨᠢᠷᠤᠭᠤ ᠲᠠᠢ᠂ ᠭᠤᠷᠪᠠᠯᠵᠢᠨ ᠨᠢᠳᠦ ᠲᠡᠢ᠂ ᠳᠥᠴᠢ ᠰᠢᠬᠠᠭᠰᠠᠨ ᠨᠠᠰᠤᠨ ᠤ᠋ ᠡᠨᠡ ᠠᠪᠠᠭᠠᠢ ᠬᠤᠪᠢᠯᠠᠢ ᠶ᠋ᠢᠨ ᠳᠡᠷᠭᠡᠳᠡ ᠡᠷᠡᠭᠡ ᠪᠠᠷᠠᠭ᠎ᠠ ᠦᠭᠡᠢ ᠵᠠᠩᠲᠠᠢ ᠪᠠᠢᠵᠤ᠂ ᠬᠠᠮᠤᠭ 《ᠳᠣᠲᠣᠭᠠᠳᠤ》 ᠬᠡᠷᠡᠭ ᠢ᠋ ᠨᠢ ᠵᠥᠪᠯᠡᠨ ᠵᠢᠭᠠᠵᠤ ᠥᠭᠳᠡᠭ ᠴᠣᠷ ᠤ᠋ᠨ ᠭᠠᠭᠴᠠ ᠳᠠᠷᠬᠠᠨ ᠡᠷᠬᠡᠲᠦ ᠬᠥᠮᠦᠨ ᠨᠢ ᠪᠢᠯᠡ᠃ ᠡᠨᠡ ᠦᠵᠡᠰᠬᠦᠯᠡᠩᠲᠦ ᠠᠪᠠᠭᠠᠢ ᠠᠮᠠ ᠬᠡᠯᠡ ᠶᠡᠬᠡᠲᠡᠢ᠂ ᠨᠢᠭᠤᠷᠮᠠᠭᠠᠢ ᠨᠢ ᠳᠡᠩᠳᠡᠭᠰᠡᠨ ᠶᠦᠮ ᠰᠢᠭ ᠵᠠᠬᠢᠷᠤᠭᠴᠢ ᠳ᠋ᠤ᠌ ᠬᠠᠨᠳᠤᠳᠠᠭ ᠨᠢ ᠡᠷᠲᠡᠨ ᠦ᠌ ᠬᠡᠷᠡᠭ᠃ 
       ᠯᠣᠯᠣᠢ ᠠᠪᠠᠭᠠᠢ ᠤᠭ ᠨᠢ ᠨᠠᠢ᠍ᠮᠠᠨ ᠦ᠌ ᠳᠡᠶᠡᠨ ᠬᠠᠭᠠᠨ ᠤ᠋ ᠡᠦᠲᠦᠮ ᠦ᠋ᠨ ᠨᠢᠭᠡᠨ ᠢᠵᠠᠭᠤᠷᠲᠠᠨ ᠬᠥᠮᠦᠨ ᠦ᠌ ᠥᠬᠢᠨ᠂ ᠪᠦᠷ ᠨᠢᠯᠬ᠎ᠠ ᠪᠠᠯᠴᠢᠷ ᠲᠤ ᠨᠢ ᠠᠬᠠᠨ ᠳᠡᠭᠦᠦᠰ᠂ ᠤᠷᠤᠭ ᠰᠠᠳᠤᠨ ᠨᠢ ᠪᠣᠭᠳᠠ ᠡᠵᠡᠨ ᠬᠠᠭᠠᠨ ᠤ᠋ ᠲᠥᠷᠥ ᠳ᠋ᠦ᠍ ᠦᠨᠡᠨᠴᠢ ᠪᠢᠰᠢ ᠬᠡᠷᠡᠭ ᠡᠳᠦᠭᠦᠯᠦᠨ ᠲᠥᠷᠥᠯ ᠠᠷᠠᠯᠵᠢᠭᠳᠠᠭᠰᠠᠨ ᠠᠵᠢ᠃
       ᠯᠣᠯᠣᠢ ᠵᠢᠭᠠᠬᠠᠨ ᠬᠡᠦᠬᠡᠳ ᠪᠠᠢᠬᠤ ᠠ᠋ᠴᠠ ᠪᠠᠨ ᠦᠵᠡᠰᠬᠦᠯᠡᠩ ᠭᠤᠸ᠎ᠠ ᠴᠢᠷᠠᠢᠲᠠᠢ ᠪᠣᠯᠬᠣᠷ ᠣᠷᠳᠣᠨ ᠤ᠋ ᠨᠣᠶᠠᠳ ᠲᠡᠭᠦᠨ ᠢ᠋ ᠡᠩᠬᠦᠷᠡᠢᠯᠡᠨ  ᠬᠠᠮᠠᠭᠠᠯᠠᠵᠤ ᠪᠠᠢᠭᠰᠠᠨ᠂ ᠬᠤᠪᠢᠯᠠᠢ ᠲᠠᠢ ᠨᠠᠰᠤ ᠦᠶ᠎ᠡ ᠳᠠᠩ ᠤ᠋ᠨ᠂ ᠡᠨᠡ ᠬᠣᠶᠠᠷ ᠵᠠᠯᠠᠭᠤ ᠳ᠋ᠤ᠌ ᠪᠠᠨ ᠨᠢᠭᠡᠨ ᠳᠣᠣᠷ᠎ᠠ ᠨᠤᠲᠤᠭᠯᠠᠨ ᠪᠠᠢᠵᠤ ᠪᠡᠶ᠎ᠡ ᠪᠡᠶ᠎ᠡ ᠳ᠋ᠦ᠍ ᠪᠡᠨ ᠳᠠᠰᠤᠭᠰᠠᠨ᠂ ᠨᠢᠭᠡ ᠬᠡᠰᠡᠭ ᠢᠨᠠᠭ ᠠᠮᠠᠷᠠᠭ ᠪᠣᠯᠬᠤ ᠴᠦ᠍ ᠳᠥᠭᠥᠵᠦ ᠪᠠᠢᠭᠰᠠᠨ᠂ ᠲᠡᠷᠡ ᠦᠶ᠎ᠡ ᠡᠴᠡ ᠬᠠᠲᠤᠭᠲᠠᠢ ᠨᠢ ᠡᠨᠡ ᠲᠠᠢᠵᠢ ᠶ᠋ᠢᠨ ᠬᠠᠲᠤᠨ ᠪᠣᠯᠬᠤ ᠬᠦᠰᠡᠯ ᠢ᠋ ᠳᠣᠲᠣᠷ᠎ᠠ ᠪᠠᠨ ᠡᠪᠦᠷᠯᠡᠵᠦ ᠪᠠᠢᠭᠰᠠᠨ ᠪᠣᠯᠪᠠᠴᠤ ᠬᠤᠪᠢ ᠲᠠᠪᠢᠯᠠᠩ ᠨᠢ ᠥᠭᠡᠷ᠎ᠡ ᠲᠡᠢᠰᠢ ᠨᠢ ᠬᠥᠲᠥᠯᠦᠭᠡᠳ ᠶᠠᠪᠤᠵᠤ ᠣᠷᠬᠢᠭᠰᠠᠨ ᠬᠡᠳᠦᠢ ᠴᠦ᠍ ᠪᠡᠶ᠎ᠡ ᠪᠠᠶᠠᠨ ᠠ᠋ᠴᠠ ᠪᠠᠨ ᠬᠣᠯᠠᠳᠤᠭ᠎ᠠ ᠦᠭᠡᠢ ᠠᠵᠢ᠃ 
       ᠯᠣᠯᠣᠢ ᠶ᠋ᠢ ᠵᠠᠬᠢᠷᠤᠭᠴᠢ ᠶ᠋ᠢᠨ ᠰᠢᠳᠠᠷ ᠬᠥᠮᠦᠰ 《ᠰᠢᠷ᠎ᠠ ᠠᠯᠪᠢᠨ》᠂ 《ᠨᠣᠭᠣᠭᠠᠨ ᠲᠠᠢᠷᠠᠩ》 ᠭᠡᠵᠦ ᠬᠣᠴᠢᠯᠠᠨ᠂ ᠪᠢᠲᠡᠭᠦᠦ ᠳ᠋ᠦ᠍ ᠪᠡᠨ ᠠᠳᠠ ᠦᠵᠡᠭᠰᠡᠨ ᠶᠠᠩᠵᠤᠲᠠᠢ ᠪᠠᠢᠳᠠᠭ ᠨᠢ ᠲᠡᠭᠦᠨ ᠢ᠋ ᠬᠤᠪᠢᠯᠠᠢ ᠳ᠋ᠤ᠌ ᠬᠣᠪ ᠭᠦᠶᠦᠯᠭᠡᠨ᠎ᠡ ᠭᠡᠵᠦ ᠵᠢᠪᠡᠭᠦᠴᠡᠳᠡᠭ ᠡᠴᠡ ᠪᠣᠯᠳᠠᠭ᠃ 
      《ᠰᠢᠷ᠎ᠠ ᠠᠯᠪᠢᠨ》 ᠲᠠᠢᠵᠢ ᠳ᠋ᠤ᠌ ᠡᠷᠲᠡᠨ ᠡᠴᠡ ᠢᠲᠡᠭᠡᠭᠳᠡᠨ ᠡᠦᠲᠦ ᠵᠠᠬᠢᠷᠤᠭᠴᠢ ᠶ᠋ᠢᠨ ᠬᠠᠲᠤᠳ ᠡᠮᠡᠰ ᠦ᠋ᠨ ᠬᠡᠷᠡᠭ ᠢ᠋ 《ᠡᠷᠬᠢᠯᠡᠳᠡᠭ》 ᠪᠣᠯᠬᠣᠷ ᠡᠷᠡᠭᠡ ᠪᠠᠷᠠᠭ᠎ᠠ ᠦᠭᠡᠢ ᠵᠠᠩ ᠭᠠᠷᠭᠠᠵᠤ ᠪᠠᠢᠬᠤ ᠨᠢ ᠲᠡᠭᠦᠨ ᠦ᠌ ᠡᠷᠬᠡ ᠮᠡᠲᠦ ᠪᠢᠯᠡ᠃ 
       ᠯᠣᠯᠣᠢ ᠬᠤᠪᠢᠯᠠᠢ ᠲᠠᠢ ᠡᠳᠦᠷ ᠪᠣᠯᠭᠠᠨ᠂ ᠲᠡᠭᠡᠬᠦ ᠳ᠋ᠡᠭᠡᠨ ᠣᠷᠣᠢᠬᠠᠨ ᠠᠭᠤᠯᠵᠠᠵᠤ᠂ ᠰᠥᠨᠢ ᠶᠠᠮᠠᠷ ᠬᠠᠲᠤᠨ ᠢ᠋ ᠨᠢ ᠰᠢᠳᠠᠷᠯᠠᠭᠤᠯᠬᠤ ᠲᠤᠬᠠᠢ ᠵᠥᠪᠯᠡᠳᠡᠭ᠃ 
       ᠲᠡᠭᠡᠬᠦ ᠳ᠋ᠦ᠍ ᠪᠡᠨ ᠬᠥᠮᠦᠨ ᠦ᠌ ᠰᠠᠨᠠᠭᠠᠨ ᠳ᠋ᠤ᠌ ᠪᠠᠭᠲᠠᠮ᠎ᠠ ᠦᠭᠡᠢ ᠨᠢᠭᠡ ᠶᠠᠪᠤᠳᠠᠯ ᠪᠠᠢᠳᠠᠭ ᠨᠢ ᠡᠵᠡᠨ ᠳ᠋ᠦ᠍ ᠪᠡᠨ ᠠᠯᠢ ᠬᠠᠲᠤᠨ ᠢ᠋ᠶ᠋ᠠᠨ ᠶᠠᠭᠠᠬᠢᠵᠤ ᠰᠢᠳᠠᠷᠯᠠᠭᠤᠯᠬᠤ ᠶ᠋ᠢ ᠨᠢ ᠬᠦᠷᠲᠡᠯ᠎ᠡ ᠵᠢᠭᠠᠳᠠᠭ ᠶᠠᠪᠤᠳᠠᠯ ᠪᠠᠢᠵᠠᠢ᠃  
       ᠬᠤᠪᠢᠯᠠᠢ ᠡᠨᠡ ᠦᠶ᠎ᠡ ᠳ᠋ᠦ᠍ ᠠᠯᠪᠠᠨ ᠶᠣᠰᠣᠨ ᠤ᠋ ᠬᠠᠯᠬ᠎ᠠ᠂ ᠤᠷᠢᠶᠠᠩᠬᠠᠢ᠂ ᠨᠠᠢ᠍ᠮᠠᠨ ᠬᠠᠲᠤᠨ ᠲᠠᠢ ᠶ᠋ᠢᠨ ᠳᠣᠲᠣᠷ᠎ᠠ ᠰᠠᠮᠠᠷᠺᠠᠨᠳ᠋ ᠬᠣᠲᠠ ᠠ᠋ᠴᠠ ᠨᠢᠭᠡ ᠰᠢᠳᠠᠷ ᠵᠠᠩᠵᠤᠨ ᠨᠢ ᠣᠯᠵᠠᠯᠠᠨ ᠠᠪᠴᠢᠷᠠᠵᠤ ᠦᠭᠭᠦᠭᠰᠡᠨ ᠢᠵᠠᠭᠤᠷᠲᠠᠨ ᠤ᠋ ᠡᠩᠬᠦᠷᠡᠢ ᠥᠬᠢᠨ (ᠪᠠᠭ᠎ᠠ ᠬᠠᠲᠤᠨ ᠨᠢ) ᠪᠠᠢᠳᠠᠭ᠃ ᠵᠠᠬᠢᠷᠤᠭᠴᠢ ᠲᠡᠭᠦᠨ ᠳ᠋ᠦ᠍ ᠪᠡᠨ ᠢᠯᠡᠭᠦᠦ ᠳᠠᠭᠠᠯᠠᠯᠲᠠᠢ᠂ ᠲᠡᠭᠦᠨ ᠢ᠋ ᠨᠢ ᠴᠦ᠍ 《ᠰᠢᠷ᠎ᠠ ᠠᠯᠪᠢᠨ》 ᠵᠥᠪᠰᠢᠶᠡᠷᠡᠳᠡᠭ᠃ 
       ᠪᠠᠰᠠ ᠡᠨᠡ ᠠᠪᠠᠭᠠᠢ ᠥᠭᠡᠷ᠎ᠡ ᠪᠤᠰᠤᠳ ᠭᠠᠵᠠᠷ ᠠ᠋ᠴᠠ ᠲᠡᠢᠨ ᠳᠣᠯᠣᠭᠠᠨ ᠤ᠋ ᠶᠠᠪᠤᠳᠠᠯ ᠳᠤᠮᠳᠠᠭᠤᠷ ᠣᠯᠵᠠᠯᠠᠵᠤ ᠠᠪᠴᠤ ᠢᠷᠡᠭᠰᠡᠨ ᠭᠤᠸ᠎ᠠ ᠡᠮᠡᠰ ᠦ᠋ᠳ ᠢ᠋ ᠪᠡᠶ᠎ᠡ ᠪᠡᠷ ᠰᠢᠯᠭᠠᠨ ᠦᠵᠡᠭᠡᠳ ᠠᠯᠢ ᠣᠯᠢᠭᠲᠠᠢ ᠶ᠋ᠢᠨ ᠬᠢᠨᠢ ᠵᠢᠷᠤᠭ ᠢ᠋ ᠵᠢᠷᠤᠭᠤᠯᠤᠨ ᠬᠤᠪᠢᠯᠠᠢ ᠳ᠋ᠤ᠌ ᠦᠵᠡᠭᠦᠯᠵᠦ ᠲᠠᠭᠠᠯᠠᠯ ᠠᠰᠠᠭᠤᠨ ᠰᠢᠳᠠᠷᠯᠠᠭᠤᠯᠳᠠᠭ ᠢ᠋ᠶ᠋ᠠᠷ ᠢ᠋ᠶ᠋ᠠᠨ ᠡᠵᠡᠨ ᠳ᠋ᠦ᠍ ᠪᠡᠨ ᠤᠯᠠᠮ ᠴᠦ᠍ ᠣᠢᠷ᠎ᠠ ᠪᠠᠢᠳᠠᠭ ᠢ᠋ ᠲᠡᠭᠦᠨ ᠦ᠌ ᠳᠡᠷᠭᠡᠳᠡ ᠪᠠᠷ᠎ᠠ ᠪᠣᠯᠳᠠᠭ ᠬᠡᠨ ᠪᠦᠬᠦᠨ ᠮᠡᠳᠡᠨ᠎ᠡ᠃  
       ᠬᠤᠪᠢᠯᠠᠢ ᠰᠠᠷᠬᠤᠳ ᠪᠠᠭ᠎ᠠ ᠵᠡᠷᠭᠡ ᠲᠠᠭᠠᠯᠠᠳᠠᠭ᠂ ᠲᠥᠷᠥ ᠶ᠋ᠢᠨ ᠬᠡᠷᠡᠭ ᠶᠠᠪᠤᠳᠠᠯ ᠳ᠋ᠤ᠌ ᠪᠠᠨ ᠰᠠᠭᠠᠳ ᠦᠭᠡᠢ ᠪᠡᠷ ᠬᠠᠲᠤᠳ ᠡᠮᠡᠰ ᠤᠷᠤᠭᠤ ᠬᠣᠰᠢᠭᠤ ᠱᠣᠷᠪᠣᠢᠳᠠᠭ ᠵᠠᠩᠲᠠᠢ᠃  ᠲᠡᠭᠦᠨ ᠢ᠋ ᠨᠢ ᠯᠣᠯᠣᠢ ᠠᠪᠠᠭᠠᠢ ᠣᠪᠵᠢᠨ ᠢ᠋ᠶ᠋ᠠᠷ ᠠᠰᠢᠭᠯᠠᠵᠤ ᠴᠢᠳᠠᠭᠰᠠᠨ᠃ 
       ᠬᠤᠪᠢᠯᠠᠢ ᠥᠪᠡᠷ ᠢ᠋ᠶ᠋ᠡᠨ 《ᠬᠡᠨ ᠳ᠋ᠦ᠍ ᠴᠦ᠍ ᠠᠰᠢᠭᠯᠠᠭᠳᠠᠬᠤ ᠪᠠᠷ ᠦᠭᠡᠢ ᠶᠠᠪᠤᠬᠤ ᠶᠤᠮ ᠰᠠᠨ》 ᠭᠡᠵᠦ ᠪᠣᠳᠣᠳᠠᠭ ᠪᠣᠯᠪᠠᠴᠤ ᠡᠮᠡᠰ ᠬᠡᠦᠬᠡᠨ ᠨᠦ᠍ᠭᠦᠳ ᠬᠡᠷᠡᠭ ᠢ᠋ᠶ᠋ᠡᠷ ᠨᠣᠭᠣᠭᠠᠨ ᠲᠠᠢᠷᠠᠩ ᠳ᠋ᠤ᠌ ᠠᠰᠢᠭᠯᠠᠭᠳᠠᠭᠰᠠᠨ᠃  ᠲᠡᠭᠦᠨ ᠢ᠋ ᠪᠡᠨ ᠠᠯᠢ ᠠᠯᠢ ᠨᠢ ᠮᠡᠳᠡᠵᠦ ᠪᠠᠢᠭ᠎ᠠ᠃ 
       ᠲᠠᠢᠷᠠᠩ ᠠᠪᠠᠭᠠᠢ ᠬᠤᠪᠢᠯᠠᠢ ᠶ᠋ᠢᠨ ᠬᠠᠲᠤᠨ ᠠᠳᠠᠯᠢ ᠪᠠᠷ ᠳᠡᠷᠭᠡᠳᠡ ᠨᠢ ᠥᠨᠳᠥᠷ ᠪᠣᠭᠳᠣᠭ ᠮᠠᠯᠠᠭᠠᠢ ᠪᠠᠨ ᠭᠣᠵᠣᠯᠵᠠᠭᠤᠯᠤᠨ ᠵᠣᠭᠰᠣᠵᠤ᠂ ᠲᠤᠩ  ᠡᠯᠢᠭᠡᠰᠡᠭ ᠶᠠᠩᠵᠤ ᠪᠠᠷ ᠢᠨᠢᠶᠡᠪᠬᠢᠯᠡᠨ ᠪᠠᠢᠭᠰᠠᠨ ᠢ᠋ᠶ᠋ᠠᠨ ᠭᠠᠷ ᠲᠤ᠌ ᠪᠠᠨ ᠪᠠᠷᠢᠭᠰᠠᠨ ᠬᠣᠶᠠᠷ ᠵᠢᠷᠤᠭ ᠢ᠋ ᠦᠵᠡᠭᠦᠯᠵᠦ᠂ ᠴᠢᠩᠭ᠎ᠠ ᠭᠡᠭᠴᠢ ᠨᠢ ᠬᠥᠬᠥᠷᠡᠭᠡᠳ᠄
       — ᠲᠠ ᠡᠨᠡ ᠬᠣᠶᠠᠷ ᠢ᠋ ᠠᠵᠢᠭᠠᠳ ᠣᠷᠭᠢᠭᠠᠴᠢ! ᠭᠡᠳ ᠥᠭᠭᠦᠯ᠎ᠡ᠃ 
       ᠵᠡᠷᠪᠡᠭᠡᠷ ᠴᠠᠭᠠᠨ ᠴᠢᠷᠠᠢᠲᠠᠢ᠂ ᠳᠥᠯᠭᠡᠬᠡᠨ ᠬᠠᠷᠠᠴᠠᠲᠠᠢ ᠬᠣᠶᠠᠷ ᠬᠢᠲᠠᠳ ᠬᠡᠦᠬᠡᠨ ᠦ᠌ ᠵᠢᠷᠤᠭ ᠢ᠋ ᠡᠵᠡᠨ ᠵᠠᠬᠢᠷᠤᠭᠴᠢ ᠲᠣᠭᠣᠮᠰᠠᠷ ᠪᠠᠭᠠᠳᠠᠢᠬᠠᠨ ᠬᠠᠷᠠᠭᠠᠳ᠂ ᠰᠠᠬᠠᠯ ᠢᠶᠠᠨ ᠢᠯᠪᠢᠭᠰᠡᠨ ᠢ᠋ᠶ᠋ᠡᠨ᠄ 
       — ᠡᠳᠡ ᠨᠠᠷ ᠴᠢᠨᠢ ᠶᠠᠭᠤ ᠶᠤᠮ ? ᠬᠢᠲᠠᠳ ᠤ᠋ᠳ ᠰᠢᠪ ᠳᠡ᠃  ᠬᠥᠮᠦᠨ ᠦ᠌ ᠲᠣᠯᠣᠭᠠᠢ ᠳᠡᠭᠡᠭᠦᠷ ᠬᠠᠷᠠᠢᠬᠤ ᠰᠢᠬᠠᠨ ᠰᠠᠷᠪᠠᠭᠠᠨᠠᠵᠤ ᠪᠠᠢᠳᠠᠭ ᠶᠠᠩᠵᠤ ᠶ᠋ᠢᠨ ᠡᠮᠡᠰ ᠢ᠋ ᠶᠠᠭᠠᠬᠢᠶ᠎ᠠ ᠭᠡᠬᠦ ᠪᠣᠢ? ᠭᠡᠵᠦ ᠬᠦᠢᠲᠡᠪᠲᠦᠷ ᠥᠩᠭᠡᠲᠡᠢ ᠳᠠᠭᠤ ᠭᠠᠷᠭᠠᠨ ᠠᠰᠠᠭᠤᠯ᠎ᠠ᠃ 
       ᠯᠣᠯᠣᠢ ᠠᠪᠠᠭᠠᠢ ᠢᠨᠢᠶᠡᠮᠰᠦᠭᠯᠡᠨ᠄ 
       — ᠬᠢᠲᠠᠳ ᠨᠢ ᠬᠢᠲᠠᠳ ᠰᠢᠦ᠃ ᠲᠡᠭᠡᠬᠦ ᠳ᠋ᠦ᠍ ᠪᠡᠨ ᠲᠠ ᠨᠠᠩᠭᠢᠶᠠᠳ ᠡᠮᠡᠰ ᠡᠴᠡ ᠴᠡᠷᠪᠡᠬᠦ ᠬᠡᠷᠡᠭ ᠦᠭᠡᠢ ᠪᠠᠢᠬᠤ᠃ ᠲᠡᠳᠡ ᠶᠠᠮᠠᠷ ᠲᠥᠷᠥ ᠶ᠋ᠢᠨ ᠶᠠᠪᠤᠳᠠᠯ ᠢ᠋ ᠬᠥᠬᠡᠷᠡᠭᠦᠯᠦᠭᠴᠢᠳ ᠪᠢᠰᠢ᠂ ᠵᠥᠪᠬᠡᠨ ᠡᠷ᠎ᠡ ᠶ᠋ᠢᠨ ᠰᠡᠳᠬᠢᠯ ᠢ᠋ ᠬᠥᠭᠵᠢᠭᠡᠨ᠂ ᠪᠡᠶ᠎ᠡ ᠶ᠋ᠢᠨ ᠴᠢᠯᠡᠭᠡ ᠶ᠋ᠢ ᠲᠠᠢᠯᠤᠭᠴᠢᠳ ᠰᠢᠦ ᠳᠡ᠃  ᠶᠡᠷᠦ ᠨᠢ ᠲᠠ ᠢᠯᠠᠭᠴᠢ ᠶ᠋ᠢᠨ ᠬᠤᠪᠢ ᠳ᠋ᠤ᠌ ᠨᠢᠭᠡ ᠵᠦᠢᠯ ᠪᠣᠯᠭᠣᠭᠠᠵᠤ ᠪᠣᠳᠣᠬᠤ ᠶᠣᠰᠣᠲᠠᠢ ᠪᠣᠯᠵᠠᠢ᠃ ᠡᠨᠡ ᠦᠭᠡ ᠶ᠋ᠢ ᠲᠠᠨ ᠳ᠋ᠤ᠌ ᠨᠠᠳᠠ ᠠ᠋ᠴᠠ ᠥᠭᠡᠷ᠎ᠡ ᠬᠡᠨ ᠴᠦ᠍ ᠠᠢᠯᠠᠳᠬᠠᠵᠤ ᠴᠢᠳᠠᠬᠤ ᠦᠭᠡᠢ᠃ ᠶᠠᠭᠤ ᠭᠡᠪᠡᠯ ᠨᠢᠭᠡᠨᠲᠡ ᠲᠠᠨ ᠤ᠋ ᠰᠡᠭᠦᠳᠡᠷ ᠵᠠᠯᠠᠭᠤ ᠬᠠᠯᠠᠭᠤᠨ ᠦᠶ᠎ᠡ ᠪᠡᠨ ᠦᠳᠡᠬᠦ ᠰᠢᠬᠠᠵᠤ ᠶᠠᠪᠤᠨ᠎ᠠ᠃  ᠨᠠᠰᠤᠨ ᠤ᠋ ᠪᠠᠨ ᠴᠢᠯᠬᠠᠲᠠᠢ ᠳᠡᠭᠡᠷ᠎ᠡ ᠡᠷ᠎ᠡ ᠬᠥᠮᠦᠨ ᠦ᠌ ᠬᠢᠭᠰᠡᠨ ᠪᠠᠢᠪᠠᠯ ᠵᠣᠬᠢᠬᠤ ᠪᠦᠬᠦᠨ ᠢ᠋ ᠬᠢᠵᠦ ᠡᠳ᠋ᠯᠡᠨ ᠳᠠᠭᠤᠰᠬᠠᠪᠠᠯ ᠰᠡᠭᠦᠯ ᠳ᠋ᠦ᠍ ᠪᠡᠨ ᠬᠠᠷᠠᠮᠰᠠᠬᠤ ᠶᠠᠭᠤᠮ᠎ᠠ ᠦᠭᠡᠢ᠂ ᠰᠡᠳᠬᠢᠯ ᠲᠡᠨᠢᠭᠦᠨ ᠶᠠᠪᠤᠵᠤ ᠪᠠᠢᠬᠤ ᠤᠴᠢᠷᠲᠠᠢ ᠪᠢᠵᠡ ᠭᠡᠬᠦ ᠳ᠋ᠦ᠍ ᠨᠢ᠂ ᠵᠠᠬᠢᠷᠤᠭᠴᠢ ᠭᠠᠢᠬᠠᠰᠢᠷᠠᠨ ᠬᠠᠷᠠᠵᠤ ᠪᠠᠢᠯ᠎ᠠ᠃ 
       — ᠲᠠ ᠡᠷᠢᠶᠡᠯᠡᠯ ᠦᠭᠡᠢ ᠪᠡᠷ ᠬᠢᠲᠠᠳ ᠡᠮᠡᠰ ᠢ᠋ ᠰᠢᠳᠠᠷᠯᠠᠭᠤᠯᠵᠤ ᠦᠵᠡ᠃  ᠡᠮᠦᠨ᠎ᠡ ᠵᠦᠭ ᠦ᠋ᠨ ᠳᠤᠯᠠᠭᠠᠨ ᠬᠠᠨᠵᠤᠨ ᠳᠡᠭᠡᠷ᠎ᠡ ᠪᠣᠢᠵᠢᠭᠰᠠᠨ ᠡᠮᠡᠰ ᠦ᠋ᠳ ᠬᠥᠮᠦᠨ ᠳ᠋ᠦ᠍ ᠣᠢᠷᠠᠲᠤᠬᠤ ᠳ᠋ᠤ᠌ ᠪᠠᠨ ᠶᠡᠬᠡ ᠠᠶᠠᠯᠢᠭ᠂ ᠬᠥᠨᠵᠢᠯᠡ ᠶ᠋ᠢᠨ ᠰᠡᠳᠬᠢᠯ ᠤᠶᠠᠨ ᠵᠥᠭᠡᠯᠡᠨ ᠲᠡᠢ᠂ ᠪᠡᠶ᠎ᠡ ᠶ᠋ᠢᠨ ᠪᠠᠢᠳᠠᠯ ᠢ᠋ᠶ᠋ᠠᠷ ᠢ᠋ᠶ᠋ᠠᠨ ᠭᠣᠴᠣ ᠠᠶᠠᠲᠠᠢᠬᠠᠨ᠂ ᠠᠭᠠᠰᠢ ᠵᠠᠩ ᠠᠶᠠᠨᠳᠠᠭᠠᠨ ᠢᠪᠡᠵᠦ ᠣᠢᠷᠠᠲᠤᠭᠰᠠᠨ ᠪᠠᠢᠳᠠᠭ ᠭᠡᠵᠦ ᠬᠥᠮᠦᠰ ᠬᠡᠯᠡᠳᠡᠭ᠃  ᠲᠠ ᠪᠣᠯ ᠮᠣᠩᠭᠣᠯ᠂ ᠬᠣᠲᠣᠩ᠂ ᠵᠠᠬᠠᠴᠢᠨ᠂ ᠪᠤᠬᠠᠷ᠂ ᠬᠢᠷᠭᠢᠰ᠂ ᠲᠠᠩᠭᠤᠳ ᠡᠮᠡᠰ ᠦ᠋ᠳ ᠢ᠋ ᠦᠵᠡᠵᠦ ᠮᠡᠳᠡᠳᠡᠭ ᠪᠣᠯᠤᠭᠰᠠᠨ᠃ ᠲᠡᠭᠡᠭᠡᠳ ᠡᠨᠡ ᠲᠣᠮᠣ ᠬᠢᠲᠠᠳ ᠣᠷᠣᠨ ᠢ᠋ ᠡᠵᠡᠩᠨᠡᠨ ᠵᠠᠬᠢᠷᠤᠭᠴᠢ ᠪᠣᠯᠵᠤ ᠣᠷᠬᠢᠭᠠᠳ ᠡᠮᠡᠰ ᠦ᠋ᠳ ᠢ᠋ ᠨᠢ ᠪᠡᠶ᠎ᠡ ᠳ᠋ᠦ᠍ ᠪᠡᠨ ᠰᠢᠳᠠᠷᠯᠠᠭᠤᠯᠬᠤ ᠦᠭᠡᠢ ᠶᠠᠪᠤᠨ᠎ᠠ ᠭᠡᠵᠦ ᠡᠷ᠎ᠡ ᠬᠥᠮᠦᠨ ᠳ᠋ᠦ᠍ ᠪᠠᠢᠵᠤ ᠪᠣᠯᠣᠰᠢ ᠦᠭᠡᠢ ᠬᠡᠷᠡᠭ ᠪᠢᠵᠡ᠃《ᠡᠵᠡᠩᠨᠡᠵᠦ ᠪᠠᠢᠭ᠎ᠠ ᠣᠷᠣᠨ ᠭᠠᠵᠠᠷ ᠤ᠋ᠨ ᠢ᠋ᠶ᠋ᠠᠨ ᠪᠦᠬᠦ ᠶᠠᠭᠤᠮ᠎ᠠ ᠶ᠋ᠢ ᠪᠡᠶ᠎ᠡ ᠪᠡᠷ ᠢ᠋ᠶ᠋ᠡᠨ ᠡᠳ᠋ᠯᠡᠵᠦ ᠠᠮᠰᠠᠨ᠂ ᠪᠦᠷᠢᠨ ᠮᠡᠳᠡᠭᠰᠡᠨ ᠪᠠᠢᠬᠤ ᠶᠣᠰᠣᠲᠠᠢ》 ᠭᠡᠵᠦ ᠲᠠ ᠵᠠᠩᠵᠤᠨ ᠨᠤᠭᠤᠳ ᠲᠤ᠌ ᠪᠠᠨ ᠬᠡᠯᠡᠵᠦ ᠪᠠᠢᠭᠰᠠᠨ᠃  ᠲᠡᠷᠡ ᠪᠣᠯ ᠮᠡᠷᠭᠡᠨ ᠤᠬᠠᠭᠠᠨ ᠠ᠋ᠴᠠ ᠭᠠᠷᠤᠭᠰᠠᠨ ᠵᠠᠷᠯᠢᠭ ᠭᠡᠵᠦ 《ᠨᠣᠭᠣᠭᠠᠨ ᠲᠠᠢᠷᠠᠩ》 ᠵᠣᠭᠰᠣᠭ᠎ᠠ ᠪᠠᠷ ᠢ᠋ᠶ᠋ᠠᠨ ᠪᠠᠢᠵᠤ ᠶᠠᠷᠢᠯ᠎ᠠ᠃ 
       ᠬᠤᠪᠢᠯᠠᠢ ᠲᠡᠭᠦᠨ ᠦ᠌ ᠪᠠᠷᠢᠵᠤ ᠣᠷᠣᠵᠤ ᠢᠷᠡᠭᠰᠡᠨ ᠵᠢᠷᠤᠭᠠᠰᠤᠨ ᠵᠢᠷᠤᠭ ᠤ᠋ᠳ ᠢ᠋ ᠡᠷᠭᠢᠭᠦᠯᠵᠦ ᠬᠠᠷᠠᠭᠠᠳ᠄ 
       — ᠴᠢ ᠨᠠᠳᠠᠳᠤ ᠵᠥᠪ ᠯᠡ ᠶᠠᠭᠤᠮ᠎ᠠ ᠬᠡᠯᠡᠭᠡᠳ ᠪᠠᠢᠬᠤ ᠰᠢᠭ᠋ ᠪᠠᠢᠨ᠎ᠠ᠃ ᠪᠢ ᠣᠢᠯᠠᠭᠠᠵᠤ ᠪᠠᠢᠨ᠎ᠠ᠃ ᠡᠨᠡ ᠬᠣᠶᠠᠷ ᠬᠡᠦᠬᠡᠨ ᠦ᠌ ᠠᠯᠢ ᠠᠯᠢ ᠨᠢ ᠪᠣᠯᠤᠮᠵᠢ ᠶ᠋ᠢᠨ ᠴᠢᠷᠠᠢ ᠵᠢᠰᠦᠲᠡᠢ᠂ ᠪᠡᠶ᠎ᠡ ᠶ᠋ᠢᠨ ᠭᠠᠯᠪᠢᠷ ᠨᠢ ᠴᠦ᠍ ᠭᠤᠸᠠᠯᠢᠭ ᠡᠮᠡᠰ ᠦ᠋ᠳ ᠪᠣᠯᠤᠯᠲᠠᠢ ᠭᠡᠵᠦ ᠨᠠᠭᠠᠰᠢᠲᠠᠢ ᠦᠭᠡ ᠬᠡᠯᠡᠯ᠎ᠡ᠃
       ᠯᠣᠯᠣᠢ ᠤᠷᠮᠠᠰᠢᠭᠰᠠᠨ ᠪᠠᠢᠳᠠᠯ ᠢ᠋ᠶ᠋ᠠᠷ ᠢᠨᠢᠶᠡᠵᠦ᠂ ᠭᠠᠷ ᠤ᠋ᠨ ᠢ᠋ᠶ᠋ᠠᠨ ᠠᠯᠠᠭ᠎ᠠ ᠶ᠋ᠢ ᠳᠡᠯᠭᠡᠨ ᠪᠠᠢᠵᠤ ᠡᠵᠡᠨ ᠳ᠋ᠦ᠍ ᠪᠡᠨ ᠣᠢᠷᠠᠲᠤᠭᠠᠳ᠄ 
       — ᠳᠡᠭᠡᠯ ᠦᠭᠡᠢ ᠶᠠᠭᠠᠬᠢᠬᠤ ᠪᠣᠢ᠃ ᠪᠢ ᠠᠷᠪᠠ ᠰᠢᠬᠠᠮ ᠵᠢᠯ ᠲᠠᠨ ᠳ᠋ᠤ᠌ ᠰᠢᠳᠠᠷᠯᠠᠬᠤ ᠳ᠋ᠤ᠌ ᠪᠠᠨ ᠰᠡᠳᠬᠢᠯ ᠭᠤᠲᠤᠭᠠᠬᠤ ᠮᠠᠭᠤ ᠡᠮ᠎ᠡ ᠣᠢᠷᠠᠲᠤᠭᠤᠯᠵᠤ ᠢᠷᠡᠭᠰᠡᠨ ᠤᠳᠠᠭ᠎ᠠ ᠪᠠᠢᠬᠤ ᠦᠭᠡᠢ ᠪᠢᠵᠡ ᠳᠡ? ᠪᠢ ᠲᠠᠨ ᠳ᠋ᠤ᠌ ᠦᠨᠡᠨᠴᠢ ᠰᠠᠨᠠᠭ᠎ᠠ ᠪᠠᠷ ᠵᠢᠳᠬᠦᠬᠦ ᠶᠣᠰᠣᠲᠠᠢ ᠬᠥᠮᠦᠨ᠃ ᠲᠠᠨ ᠳ᠋ᠤ᠌ ᠰᠢᠳᠠᠷᠯᠠᠭᠤᠯᠬᠤ ᠡᠮᠡᠰ ᠢ᠋ ᠪᠢ ᠤᠷᠢᠲᠠᠵᠤ ᠵᠦᠢᠯ ᠵᠦᠢᠯ ᠢ᠋ᠶ᠋ᠡᠷ ᠲᠤᠷᠰᠢᠨ ᠦᠵᠡᠭᠡᠳ᠂ ᠰᠡᠳᠬᠢᠯ ᠢ᠋ ᠴᠢᠨᠢ ᠬᠠᠩᠭᠠᠵᠤ ᠴᠢᠳᠠᠬᠤ ᠪᠢᠵᠡ ᠭᠡᠰᠡᠨ ᠢ᠋ ᠪᠡᠨ ᠨᠠᠭᠠᠰᠢ ᠨᠢ ᠣᠢᠷᠠᠲᠤᠭᠤᠯᠳᠠᠭ ᠰᠢᠦ᠃ ᠲᠠ ᠡᠭᠦᠨ ᠢ᠋ ᠪᠣᠯᠭᠣᠭᠠᠵᠤ ᠪᠠᠢᠭ᠎ᠠ ᠪᠢᠵᠡ᠃ ᠪᠢ ᠡᠮᠡᠰ ᠢ᠋ ᠪᠡᠶ᠎ᠡ ᠡᠷᠬᠡᠲᠡᠨ᠂ ᠬᠥᠯ ᠭᠠᠷ᠂ ᠦᠨᠦᠷ ᠠᠮᠲᠠ᠂ ᠬᠡᠪᠲᠡᠵᠦ ᠰᠠᠭᠤᠬᠤ ᠪᠦᠬᠦ ᠪᠠᠢᠳᠠᠯ ᠢ᠋ ᠨᠢ ᠦᠵᠡᠳᠡᠭ ᠶᠦᠮ᠃ ᠮᠢᠨᠦ ᠲᠡᠷᠡ ᠳᠠᠪᠠᠭ᠎ᠠ ᠶ᠋ᠢ ᠳᠠᠪᠠᠭᠰᠠᠨ ᠡᠮ᠎ᠡ ᠪᠣᠯ ᠲᠠᠨ ᠳ᠋ᠤ᠌ ᠲᠠᠭᠠᠯᠠᠭᠳᠠᠬᠤ ᠯᠠ ᠶᠣᠰᠣᠲᠠᠢ᠃ ᠪᠢ ᠲᠠᠨ ᠤ᠋ ᠲᠠᠭᠠᠯᠠᠯ ᠶᠠᠮᠠᠷ ᠪᠣᠯᠬᠤ ᠶ᠋ᠢ ᠪᠦᠷ ᠪᠠᠭ᠎ᠠ ᠠ᠋ᠴᠠ ᠲᠠᠨᠢ ᠭᠠᠳᠠᠷᠯᠠᠨ ᠮᠡᠳᠡᠳᠡᠭ ᠪᠣᠯᠤᠭᠰᠠᠨ ᠬᠡᠦᠬᠡᠨ ᠰᠢᠦ ᠭᠡᠵᠦ ᠶᠠᠷᠢᠬᠤ ᠳ᠋ᠤ᠌᠂ 
       ᠬᠤᠪᠢᠯᠠᠢ ᠲᠣᠯᠣᠭᠠᠢ ᠳᠣᠬᠢᠨ᠂ ᠶᠠᠷᠢᠶ᠎ᠠ ᠶ᠋ᠢ ᠴᠢᠩᠨᠠᠵᠤ ᠪᠠᠢᠭᠰᠠᠨ ᠢ᠋ᠶ᠋ᠠᠨ ᠨᠢᠭᠡ ᠶ᠋ᠢ ᠰᠠᠨᠠᠪᠠ ᠪᠣᠯᠤᠯᠲᠠᠢ ᠨᠢᠳᠦ ᠪᠡᠨ ᠲᠣᠮᠣ ᠪᠣᠯᠭᠠᠨ ᠬᠠᠷᠠᠵᠤ᠂ ᠠᠰᠠᠷ ᠤ᠋ᠨ ᠡᠭᠦᠳᠡ ᠤᠷᠤᠭᠤ ᠳᠣᠬᠢᠨ᠄ 
       — ᠵᠠ ᠵᠠ᠃ ᠲᠡᠷᠡ ᠪᠣᠷᠣᠬᠠᠨ ᠴᠢᠷᠠᠢᠲᠠᠢ ᠡᠮ᠎ᠡ ᠪᠡᠨ ᠣᠷᠣᠢ ᠳᠥᠬᠥᠭᠦᠯᠦᠭᠡᠳ ᠥᠭᠭᠦᠭᠡᠷᠡᠢ ᠭᠡᠯ᠎ᠡ᠃  
     《ᠨᠣᠭᠣᠭᠠᠨ ᠲᠠᠢᠷᠠᠩ》 ᠴᠦ᠍ ᠬᠥᠷ ᠪᠠᠶᠠᠷ ᠲᠠᠢ ᠪᠠᠢᠳᠠᠯ ᠢ᠋ᠶ᠋ᠠᠷ ᠵᠠᠬᠢᠷᠤᠭᠴᠢ ᠶ᠋ᠢᠨ ᠠᠰᠠᠷ ᠠ᠋ᠴᠠ ᠭᠠᠷᠪᠠ᠃ 
       ᠪᠠᠶᠠᠷᠯᠠᠬᠤ ᠶ᠋ᠢᠨ ᠤᠴᠢᠷ ᠨᠢ ᠯᠣᠯᠣᠢ ᠶ᠋ᠢᠨ ᠰᠠᠨᠠᠵᠤ ᠬᠢᠴᠢᠶᠡᠭᠰᠡᠨ ᠵᠦᠢᠯ ᠨᠢ ᠳᠡᠭᠡᠳᠦᠰ ᠲᠦ᠍ ᠲᠠᠭᠠᠯᠠᠭᠳᠠᠵᠤ ᠪᠠᠢᠪᠠᠯ ᠳᠡᠷᠭᠡᠳᠡ ᠰᠢᠳᠠᠷᠯᠠᠨ ᠪᠠᠢᠬᠤ ᠪᠠᠢᠷᠢ ᠰᠠᠭᠤᠷᠢ ᠨᠢ ᠪᠡᠬᠢᠵᠢᠵᠦ ᠪᠣᠢ ᠠ᠋ᠴᠠ ᠭᠠᠳᠠᠨ᠎ᠠ ᠡᠮᠡᠰ ᠲᠦ᠍ ᠬᠦᠷᠲᠡᠭᠡᠬᠦ ᠱᠠᠩ ᠠ᠋ᠴᠠ ᠬᠤᠪᠢ ᠨᠣᠭᠳᠠᠵᠤ ᠴᠦ᠍ ᠶᠠᠭᠤᠨ ᠤ᠋ ᠮᠠᠭᠠᠳ᠃  
       ᠭᠡᠬᠦ ᠳ᠋ᠦ᠍ ᠪᠡᠨ ᠡᠨᠡ ᠠᠪᠠᠭᠠᠢ ᠬᠢᠷᠢ ᠶ᠋ᠢᠨ ᠶᠠᠭᠤᠮ᠎ᠠ ᠭᠣᠷᠢᠳᠠᠬᠤ ᠪᠠᠷ ᠦᠭᠡᠢ ᠪᠡᠷ ᠰᠠᠪᠠ ᠪᠠᠨ ᠳᠦᠭᠦᠷᠭᠡᠵᠦ ᠠᠪᠤᠭᠰᠠᠨ ᠨᠢ ᠮᠡᠳᠡᠭᠡᠵᠢ᠃  
       ᠯᠣᠯᠣᠢ ᠭᠠᠭᠴᠠᠬᠠᠨ ᠬᠤᠪᠢᠯᠠᠢ ᠶ᠋ᠢᠨ ᠶᠡᠬᠡ ᠬᠠᠲᠤᠨ ᠪᠣᠯᠬᠤ ᠰᠦᠢᠲᠦ ᠬᠡᠦᠬᠡᠨ ᠴᠢᠮᠪᠠᠢ ᠠ᠋ᠴᠠ ᠯᠠ ᠡᠮᠢᠶᠡᠨ᠎ᠡ᠃ 
       ᠡᠵᠡᠨ ᠵᠠᠬᠢᠷᠤᠭᠴᠢ ᠶ᠋ᠢᠨ ᠳᠡᠷᠭᠡᠳᠡ ᠲᠦᠮᠡᠲᠦ ᠶ᠋ᠢᠨ ᠳᠠᠷᠤᠭ᠎ᠠ ᠨᠠᠷ ᠴᠤᠭᠯᠠᠷᠠᠵᠠᠢ᠃ ᠴᠣᠬᠣᠮ ᠢᠩᠭᠢᠵᠦ ᠴᠤᠭᠯᠠᠬᠤ ᠶ᠋ᠢᠨ ᠤᠴᠢᠷ ᠢ᠋ ᠬᠡᠨ ᠴᠦ᠍ ᠤᠷᠢᠳᠴᠢᠯᠠᠨ ᠡᠰᠡ ᠳᠠᠭᠠᠨ᠎ᠠ᠃ 
       ᠤᠮᠠᠷᠠᠲᠤ ᠬᠢᠲᠠᠳ ᠤ᠋ᠨ ᠦᠯᠡᠳᠡᠭᠳᠡᠯ ᠴᠡᠷᠢᠭ ᠢ᠋ ᠴᠣᠬᠢᠵᠤ ᠳᠠᠭᠤᠰᠬᠠᠭᠠᠳ ᠪᠠᠢᠯᠳᠤᠭᠠᠨ ᠲᠦᠷ ᠵᠠᠪᠰᠠᠷᠯᠠᠭᠰᠠᠨ ᠴᠠᠭ᠃ ᠤᠭ ᠨᠢ ᠲᠤᠩ ᠰᠠᠶᠢ ᠪᠣᠯᠲᠠᠯ᠎ᠠ ᠮᠣᠩᠭᠣᠯ ᠤᠯᠤᠰ ᠠ᠋ᠴᠠ ᠠᠯᠪᠠ ᠠᠪᠴᠤ ᠪᠠᠢᠨ᠎ᠠ ᠭᠡᠵᠦ ᠱᠠᠭᠠᠷᠳᠠᠨ ᠪᠠᠢᠭᠰᠠᠨ ᠡᠮᠦᠨᠡᠲᠦ ᠰᠥᠩ ᠤᠯᠤᠰ ᠤ᠋ᠨ ᠬᠦᠴᠦᠨ ᠬᠡᠪ ᠢ᠋ᠶ᠋ᠡᠷ ᠢ᠋ᠶ᠋ᠡᠨ ᠪᠠᠢᠭ᠎ᠠ ᠲᠡᠳᠦᠢ ᠦᠭᠡᠢ ᠲᠡᠷᠡ ᠨᠢ ᠬᠢᠲᠠᠳ ᠣᠷᠣᠨ ᠤ᠋ ᠭᠠᠯ ᠭᠣᠯᠣᠮᠲᠠ ᠶ᠋ᠢ ᠰᠠᠬᠢᠭᠰᠠᠨ ᠲᠦᠰᠢᠴᠡ ᠭᠠᠵᠠᠷ᠂ ᠮᠣᠩᠭᠣᠯ ᠤ᠋ᠨ ᠡᠵᠡᠨᠲᠦ ᠤᠯᠤᠰ ᠲᠤ ᠬᠥᠨᠥᠭᠡᠯ ᠤᠴᠠᠷᠠᠭᠤᠯᠬᠤ ᠵᠠᠨᠤᠯ ᠪᠠᠢᠩᠭᠤ ᠬᠢᠯᠭᠡᠭᠰᠡᠭᠡᠷ ᠪᠠᠢᠭ᠎ᠠ ᠪᠣᠯᠬᠣᠷ ᠲᠡᠭᠦᠨ ᠢ᠋ ᠰᠢᠪᠲᠤ ᠴᠣᠬᠢᠨ᠂ ᠭᠣᠯᠣᠮᠲᠠ ᠶ᠋ᠢ ᠨᠢ ᠬᠥᠮᠥᠷᠢᠬᠦ ᠪᠣᠳᠣᠯᠭ᠎ᠠ ᠶ᠋ᠢ ᠤᠷᠢᠳ ᠪᠠᠢᠭᠰᠠᠨ ᠬᠠᠭᠠᠳ ᠤ᠋ᠨ ᠪᠣᠳᠣᠯᠭ᠎ᠠ ᠶᠣᠰᠣᠭᠠᠷ ᠶᠡᠬᠡ ᠬᠠᠭᠠᠨ ᠮᠥᠩᠬᠡ ᠪᠠᠷᠢᠮᠲᠠᠯᠠᠨ᠂ ᠪᠦᠬᠦ ᠵᠦᠢᠯ ᠡᠮᠦᠨᠡᠲᠦ ᠤᠷᠤᠭᠤ ᠴᠢᠭᠯᠡᠵᠦ᠂ ᠨᠡᠯᠢᠶᠡᠳ ᠥᠷᠭᠡᠨ ᠴᠠᠷ᠎ᠠ ᠬᠦᠷᠢᠶᠡᠲᠡᠢ ᠲᠡᠢᠨ ᠶᠠᠪᠤᠭᠤᠯᠵᠤ ᠪᠠᠢᠭ᠎ᠠ ᠤᠴᠢᠷ ᠬᠤᠪᠢᠯᠠᠢ ᠵᠠᠬᠢᠷᠤᠭᠴᠢ ᠶ᠋ᠢᠨ ᠶᠡᠬᠡ ᠴᠡᠷᠢᠭ ᠣᠷᠣᠭᠰᠢ ᠪᠠᠨ ᠳᠠᠪᠰᠢᠬᠤ ᠶᠣᠰᠣᠲᠠᠢ ᠪᠠᠢᠪᠠ᠃   
       ᠭᠡᠲᠡᠯ᠎ᠡ ᠡᠵᠡᠨ ᠵᠠᠬᠢᠷᠤᠭᠴᠢ《ᠲᠡᠢᠨ ᠢ᠋ ᠲᠦᠷ ᠵᠠᠪᠰᠠᠷᠯᠠᠭᠤᠯᠤᠨ᠂ ᠴᠡᠷᠢᠭ ᠮᠣᠷᠢᠳ ᠢ᠋ ᠠᠮᠠᠷᠠᠭᠠᠵᠤ ᠳᠡᠪᠡᠷᠡᠭᠦᠯ》 ᠭᠡᠵᠦ ᠵᠠᠷᠯᠢᠭᠳᠠᠭᠠᠳ᠂ ᠵᠡᠰ ᠪᠦᠷᠢᠶᠡᠨ ᠦ᠌ ᠳᠠᠭᠤ ᠵᠣᠭᠰᠣᠭᠰᠠᠨ ᠪᠠᠢᠯ᠎ᠠ᠃ 
       ᠡᠭᠦᠨ ᠳ᠋ᠦ᠍ ᠴᠣᠬᠣᠮ ᠳᠠᠯᠳᠠ ᠨᠠᠷᠢᠨ ᠶᠠᠮᠠᠷ ᠪᠣᠳᠣᠯᠭ᠎ᠠ ᠬᠤᠪᠢᠯᠠᠢ ᠳ᠋ᠤ᠌ ᠪᠠᠢᠭ᠎ᠠ ᠶ᠋ᠢ ᠬᠡᠨ ᠴᠦ᠍ ᠡᠰᠡ ᠥᠭᠦᠯᠡᠨ᠎ᠡ᠃ ᠪᠦᠬᠦ ᠶᠠᠭᠤᠮ᠎ᠠ ᠭᠠᠭᠴᠠ ᠬᠥᠮᠦᠨ ᠦ᠌ ᠭᠠᠷ ᠲᠤ ᠪᠠᠢᠭ᠎ᠠ ᠪᠣᠯᠬᠣᠷ ᠲᠡᠭᠦᠨ ᠢ᠋ ᠳᠠᠭᠠᠵᠤ ᠥᠭᠦᠯᠡᠬᠦ ᠬᠡᠨ ᠪᠠᠢᠬᠤ ᠪᠢᠯᠡ᠃ 
       ᠭᠡᠬᠦ ᠳ᠋ᠦ᠍ ᠪᠡᠨ ᠵᠠᠷᠢᠮ ᠵᠠᠩᠵᠤᠨ《ᠪᠤᠳᠠᠭ᠎ᠠ ᠬᠠᠯᠠᠭᠤᠨ ᠳᠡᠭᠡᠷ᠎ᠡ ᠪᠡᠨ ᠭᠡᠭᠴᠢ ᠪᠡᠷ ᠳᠣᠪᠲᠣᠯᠭᠠᠨ ᠢ᠋ᠶ᠋ᠠᠨ ᠦᠷᠭᠦᠯᠵᠢᠯᠡᠭᠦᠯᠦᠭᠰᠡᠨ ᠪᠣᠯ ᠰᠥᠩ ᠦ᠋ᠨ ᠴᠡᠷᠢᠭ ᠦ᠋ᠨ ᠢᠷ ᠢ᠋ ᠳᠠᠷᠤᠭᠠᠳ᠂ ᠪᠠᠭᠤᠵᠤ ᠥᠭᠬᠦ ᠡᠴᠡ ᠥᠭᠡᠷ᠎ᠡ ᠵᠠᠮ ᠦᠭᠡᠢ ᠭᠡᠳᠡᠭ ᠢ᠋ ᠲᠡᠳᠡᠨ ᠳ᠋ᠦ᠍ ᠣᠢᠯᠠᠭᠠᠭᠤᠯᠬᠤ ᠪᠠᠢᠭᠰᠠᠨ ᠶᠤᠮ》 ᠭᠡᠳᠡᠭ  ᠵᠦᠢᠯ ᠴᠦ᠍ ᠪᠠᠢᠯ᠎ᠠ᠃  
       ᠬᠤᠪᠢᠯᠠᠢ ᠬᠡᠭᠡᠷ᠎ᠡ ᠶ᠋ᠢᠨ ᠠᠰᠠᠷ ᠲᠤ ᠲᠦᠮᠡᠲᠦ ᠶ᠋ᠢᠨ ᠳᠠᠷᠤᠭ᠎ᠠ— ᠨᠣᠶᠠᠳ ᠲᠠᠢ ᠪᠠᠨ ᠠᠭᠤᠯᠵᠠᠪᠠ᠃ 
       ᠲᠡᠷᠡ ᠪᠡᠷ ᠨᠣᠶᠠᠳ ᠤ᠋ᠨ ᠡᠮᠦᠨ᠎ᠡ ᠵᠠᠰᠠᠭᠰᠠᠨ ᠲᠣᠷᠭᠠᠨ ᠣᠯᠪᠣᠭ ᠳᠡᠭᠡᠷ᠎ᠡ ᠢᠷᠡᠵᠦ ᠰᠠᠭᠤᠭᠠᠳ ᠪᠣᠳᠣᠯᠭᠠᠰᠢᠷᠠᠭᠰᠠᠨ ᠴᠢᠷᠠᠢ ᠭᠠᠷᠭᠠᠨ ᠪᠠᠬᠠᠨ ᠳᠦᠯᠢᠵᠦ ᠪᠠᠢᠭᠰᠠᠨ ᠢ᠋ᠶ᠋ᠠᠨ᠂ ᠰᠠᠬᠠᠯ ᠢ᠋ᠶ᠋ᠠᠨ ᠢᠯᠪᠢᠨ᠂ ᠨᠠᠮᠤᠬᠠᠨ ᠳᠠᠭᠤ ᠪᠠᠷ᠄ 
       — ᠪᠢᠳᠡ ᠶᠡᠷᠦ ᠨᠢ ᠪᠠᠢᠯᠳᠤᠨ᠎ᠠ᠃ ᠤᠷᠤᠭᠰᠢ ᠪᠠᠨ ᠳᠣᠪᠲᠣᠯᠤᠨ ᠬᠥᠬᠡ ᠮᠥᠷᠡᠨ ᠢ᠋ ᠭᠠᠲᠤᠯᠬᠤ ᠴᠠᠭ ᠢᠷᠡᠨ᠎ᠡ᠃ ᠬᠡᠵᠢᠶ᠎ᠡ ᠭᠡᠳᠡᠭ ᠢ᠋ ᠪᠢ ᠣᠳᠣ ᠬᠡᠯᠡᠵᠦ ᠴᠢᠳᠠᠬᠤ ᠦᠭᠡᠢ᠃ ᠬᠠᠭᠠᠨ ᠠᠬ᠎ᠠ ᠶ᠋ᠢᠨ ᠲᠡᠷᠢᠭᠦᠯᠡᠭᠰᠡᠨ ᠴᠡᠷᠢᠭ ᠶᠡᠬᠡ ᠮᠥᠷᠡᠨ ᠦ᠌ ᠡᠬᠢ ᠪᠡᠷ ᠳᠣᠪᠲᠣᠯᠭᠠᠨ ᠬᠢᠵᠦ ᠪᠠᠢᠭ᠎ᠠ᠃ ᠲᠡᠭᠦᠨ ᠢ᠋ ᠬᠠᠷᠠᠵᠠᠨᠠᠶ᠎ᠠ᠃ ᠴᠡᠷᠢᠭ ᠦ᠋ᠳ ᠦ᠋ᠨ ᠳᠠᠢᠳᠤᠬᠤ ᠰᠤᠷᠭᠠᠭᠤᠯᠢ ᠶ᠋ᠢ ᠵᠣᠭᠰᠣᠭᠠᠵᠤ ᠪᠣᠯᠬᠤ ᠦᠭᠡᠢ᠃ ᠮᠣᠷᠢ ᠮᠠᠯ ᠢ᠋ᠶ᠋ᠠᠨ ᠲᠡᠪᠡᠭᠡᠷᠡᠭᠦᠯᠦᠨ᠂ ᠢᠯᠠᠭ᠎ᠠ ᠰᠢᠮᠠᠭᠤᠯ ᠪᠠᠭᠠᠲᠠᠢ ᠭᠠᠵᠠᠷ ᠲᠤ ᠢᠳᠡᠰᠢᠯᠡᠭᠦᠯᠵᠦ ᠪᠠᠢ᠃ ᠪᠣᠯᠵᠤ ᠥᠭᠪᠡᠯ ᠬᠢᠲᠠᠳ ᠤ᠋ᠨ ᠲᠠᠷᠢᠶᠠᠯᠠᠩ ᠢ᠋ ᠭᠠᠳᠤᠴᠢᠭᠤᠯᠬᠤ ᠦᠭᠡᠢ ᠪᠠᠢᠬᠤ ᠶ᠋ᠢ ᠬᠢᠴᠢᠶᠡᠨ᠎ᠡ ᠪᠢᠵᠡ ᠳᠡ᠁ ᠭᠡᠳ ᠶᠠᠷᠢᠶ᠎ᠠ ᠪᠠᠨ ᠳᠠᠭᠤᠰᠬᠠᠵᠤ ᠣᠷᠬᠢᠪᠠ᠃ 
       ᠶᠡᠬᠡ ᠬᠠᠭᠠᠨ ᠤ᠋ ᠲᠡᠷᠢᠭᠦᠯᠡᠭᠰᠡᠨ ᠴᠡᠷᠢᠭ ᠦ᠋ᠨ ᠳᠠᠪᠰᠢᠯᠲᠠ ᠶ᠋ᠢ ᠡᠷᠴᠢᠮᠲᠡᠢ ᠪᠣᠯᠭᠠᠬᠤ ᠵᠣᠷᠢᠯᠭ᠎ᠠ ᠪᠠᠷ᠂ ᠰᠥᠩ ᠦ᠋ᠨ ᠴᠡᠷᠢᠭ ᠦ᠋ᠨ ᠬᠦᠴᠦ ᠶ᠋ᠢ ᠰᠠᠮᠠᠭᠠᠷᠲᠠᠭᠤᠯᠤᠨ ᠰᠠᠷᠨᠢᠭᠤᠯᠬᠤ ᠰᠠᠨᠠᠭ᠎ᠠ ᠪᠠᠷ ᠪᠢᠳᠡ ᠤᠷᠤᠭᠰᠢ ᠪᠠᠨ ᠳᠣᠪᠲᠣᠯᠭᠠᠨ ᠢ᠋ᠶ᠋ᠠᠨ ᠡᠷᠴᠢᠮᠲᠡᠢ ᠶᠠᠪᠤᠭᠤᠯᠬᠤ ᠶᠤᠮ ᠪᠢᠰᠢ ᠤᠤ ᠭᠡᠵᠦ ᠵᠠᠷᠢᠮ ᠵᠠᠩᠵᠤᠨ ᠠᠰᠠᠭᠤᠬᠤ ᠭᠡᠰᠡᠨ ᠢ᠋ᠶ᠋ᠡᠨ ᠪᠠᠢᠳᠠᠯ ᠢ᠋ ᠠᠵᠢᠬᠤ ᠪᠠᠷ ᠠᠮᠠ ᠪᠠᠨ ᠪᠠᠷᠢᠵᠤ ᠰᠠᠭᠤᠪᠠ᠃ 
       ᠶᠡᠷᠦ ᠨᠢ ᠬᠤᠪᠢᠯᠠᠢ ᠵᠠᠬᠢᠷᠤᠭᠴᠢ ᠶ᠋ᠢᠨ ᠥᠭᠡᠳᠡ ᠡᠴᠡ ᠠᠮᠠ ᠠᠩᠭᠠᠢᠬᠤ ᠬᠥᠮᠦᠨ ᠪᠠᠷᠤᠭ ᠦᠭᠡᠢ ᠳᠡ᠃ ᠪᠣᠭᠳᠠ ᠴᠢᠩᠭᠢᠰ ᠦ᠋ᠨ ᠠᠴᠢ ᠨᠠᠷ ᠤ᠋ᠨ ᠨᠢᠭᠡ᠂ ᠶᠡᠬᠡ ᠬᠠᠭᠠᠨ ᠤ᠋ ᠵᠠᠷᠯᠢᠭ ᠢ᠋ᠶ᠋ᠠᠷ ᠵᠡᠭᠦᠨ ᠭᠠᠷ ᠤ᠋ᠨ ᠵᠠᠬᠢᠷᠤᠭᠴᠢ ᠪᠠᠷ ᠲᠣᠮᠢᠯᠠᠭᠳᠠᠨ᠂ ᠪᠦᠬᠦ ᠬᠢᠲᠠᠳ ᠢ᠋ ᠡᠷᠬᠡ ᠮᠠᠲᠠᠯ ᠳ᠋ᠤ᠌ ᠪᠠᠨ ᠪᠠᠢᠯᠭᠠᠬᠤ ᠡᠷᠬᠡ ᠶ᠋ᠢ ᠡᠳ᠋ᠯᠡᠵᠦ ᠶᠠᠪᠤᠭ᠎ᠠ ᠡᠨᠡ ᠨᠣᠶᠠᠨ ᠤ᠋ ᠥᠭᠡᠳᠡ ᠡᠴᠡ ᠠᠮᠠ ᠨᠡᠭᠡᠭᠡᠬᠦ ᠬᠥᠮᠦᠨ ᠬᠣᠪᠣᠷ ᠲᠡᠳᠦᠢ ᠦᠭᠡᠢ᠂ ᠲᠡᠭᠦᠨ ᠦ᠌ ᠬᠡᠯᠡᠭᠰᠡᠨ ᠦᠭᠡ ᠪᠦᠬᠦᠨ ᠢ᠋《ᠵᠠ》 ᠭᠡᠵᠦ ᠯᠡ ᠳ᠋ᠡᠭᠡᠨ ᠭᠦᠢᠴᠡᠯᠳᠦᠭᠦᠯᠬᠦ ᠶᠣᠰᠣ ᠶ᠋ᠢ ᠪᠦᠭᠦᠳᠡᠭᠡᠷ ᠰᠠᠬᠢᠨ ᠶᠠᠪᠤᠭ᠎ᠠ ᠪᠢᠯᠡ᠃ ᠢᠩᠭᠢ ᠭᠡᠵᠦ ᠴᠦ᠍ ᠮᠥᠩᠬᠡ ᠬᠠᠭᠠᠨ ᠵᠠᠷᠯᠢᠭᠯᠠᠨ ᠮᠣᠷᠳᠠᠭᠤᠯᠤᠭᠰᠠᠨ ᠠᠵᠢ᠃ 
       ᠴᠤᠭᠯᠠᠷᠠᠯᠲᠠ ᠳᠠᠭᠤᠰᠴᠤ᠂ ᠨᠣᠶᠠᠳ ᠤ᠋ᠳ ᠬᠢᠲᠠᠳ ᠲᠣᠭᠣᠭᠠᠴᠢ ᠶ᠋ᠢᠨ ᠪᠡᠯᠡᠳᠬᠡᠭᠰᠡᠨ ᠬᠠᠴᠢᠨ ᠰᠣᠨᠢᠨ ᠠᠮᠲᠠᠲᠠᠢ ᠬᠣᠭᠣᠯᠠ ᠶ᠋ᠢ ᠢᠳᠡᠵᠡᠭᠡᠵᠦ᠂ ᠵᠠᠷᠢᠮ ᠨᠢ ᠵᠢᠮᠢᠰ ᠦ᠋ᠨ ᠬᠦᠢᠲᠡᠨ ᠤᠰᠤ ᠵᠠᠯᠭᠢᠯᠠᠨ᠂ ᠵᠠᠷᠢᠮ ᠨᠢ ᠴᠠᠭᠠᠨ ᠪᠤᠳᠠᠭᠠᠨ ᠤ᠋ ᠨᠡᠷᠡᠮᠡᠯ ᠰᠠᠷᠬᠤᠳ ᠪᠠᠯᠭᠤᠨ᠎ᠠ᠃ 
       ᠬᠤᠪᠢᠯᠠᠢ ᠭᠠᠭᠴᠠᠭᠠᠷ ᠨᠢᠭᠡᠨ ᠮᠣᠳᠣᠨ ᠰᠢᠷᠡᠭᠡ ᠲᠦᠰᠢᠵᠦ ᠰᠠᠭᠤᠭᠠᠳ ᠬᠣᠭᠣᠯᠠ ᠴᠦ᠍ ᠲᠡᠳᠦᠢᠯᠡ ᠲᠠᠭᠠᠯᠠᠵᠤ ᠵᠣᠭᠣᠭᠯᠠᠬᠤ ᠦᠭᠡᠢ ᠪᠣᠳᠣᠯ ᠳ᠋ᠤ᠌ ᠳᠠᠷᠤᠭᠳᠠᠨ ᠪᠠᠢᠬᠤ ᠳ᠋ᠤ᠌ ᠪᠠᠨ ᠵᠠᠷᠢᠮ ᠨᠣᠶᠠᠨ ᠤ᠋ ᠲᠤᠯᠤᠯᠳᠤᠭᠠᠨ ᠢ᠋ ᠦᠷᠭᠦᠯᠵᠢᠯᠡᠭᠦᠯᠦᠶ᠎ᠡ ᠭᠡᠵᠦ ᠤᠷᠢᠳ ᠨᠢ ᠬᠡᠯᠡᠵᠦ ᠪᠠᠢᠭᠰᠠᠨ ᠰᠠᠨᠠᠭ᠎ᠠ ᠶ᠋ᠢ ᠪᠣᠳᠣᠨ《ᠪᠢ ᠲᠡᠢᠨ ᠢ᠋ ᠬᠦᠴᠦᠲᠡᠢ ᠪᠣᠯᠭᠠᠬᠤ ᠴᠠᠭ ᠡᠨᠡ ᠡᠭᠡᠭᠡ ᠪᠢᠰᠢ ᠯᠡ ᠪᠣᠯᠪᠠ ᠤᠤ᠃ ᠣᠳᠣ ᠳᠠᠢᠳᠤᠬᠤ ᠳ᠋ᠤ᠌ ᠮᠣᠷᠢᠳ ᠰᠤᠯᠠᠳᠠᠭᠰᠠᠨ᠃ ᠠᠭᠠᠷ ᠶᠡᠬᠡ ᠬᠠᠯᠠᠭᠤᠨ ᠪᠠᠢᠨ᠎ᠠ᠃ ᠬᠠᠮᠤᠭ ᠤᠴᠢᠷ ᠡᠨᠡ ᠪᠢᠰᠢ ᠠ᠋᠃ ᠪᠢ ᠣᠳᠣ ᠤᠷᠤᠭᠰᠢ ᠪᠠᠨ ᠳᠣᠪᠲᠣᠯᠤᠨ ᠳᠠᠢᠳᠤᠯ᠎ᠠ ᠭᠡᠬᠦ ᠳ᠋ᠦ᠍ ᠨᠠᠳᠠᠳᠤ ᠶᠠᠮᠠᠷ ᠴᠦ᠍ ᠰᠦᠷ ᠬᠦᠴᠦᠨ ᠨᠡᠮᠡᠬᠦ ᠶᠠᠭᠤᠮ᠎ᠠ ᠠᠯᠠᠭ᠎ᠠ᠃ ᠡᠨᠡ ᠪᠦᠬᠦ ᠲᠡᠢᠨ ᠦ᠌ ᠢᠯᠠᠯᠲᠠ ᠶ᠋ᠢ ᠠᠬ᠎ᠠ ᠬᠠᠭᠠᠨ ᠯᠠ ᠥᠪᠡᠷ ᠢ᠋ᠶ᠋ᠡᠨ ᠰᠦᠷ ᠬᠦᠴᠦ ᠪᠡᠷ ᠢ᠋ᠶ᠋ᠡᠨ ᠠᠪᠴᠤ ᠢᠷᠡᠭᠰᠡᠨ᠃ ᠲᠡᠭᠦᠨ ᠦ᠌ ᠲᠡᠷᠢᠭᠦᠯᠡᠭᠰᠡᠨ ᠮᠣᠩᠭᠣᠯ ᠴᠡᠷᠢᠭ ᠰᠥᠩ ᠦ᠋ᠨ ᠶᠡᠬᠡ ᠴᠡᠷᠢᠭ ᠢ᠋ ᠪᠤᠲᠠ ᠨᠢᠷᠭᠡᠭᠰᠡᠨ ᠯᠡ ᠭᠡᠵᠦ ᠨᠡᠢᠲᠡ ᠳᠠᠶᠠᠭᠠᠷ ᠱᠠᠭᠰᠢᠨ ᠬᠡᠯᠡᠯᠴᠡᠬᠦ ᠪᠣᠯᠤᠨ᠎ᠠ᠃ ᠣᠳᠣ ᠳ᠋ᠠᠯᠢ ᠤᠯᠤᠰ ᠤ᠋ᠨ ᠮᠥᠬᠥᠯ ᠢ᠋ ᠮᠢᠨᠦ ᠠᠬ᠎ᠠ ᠮᠥᠩᠬᠡ ᠶ᠋ᠢᠨ ᠨᠡᠷ᠎ᠡ ᠲᠡᠢ ᠬᠣᠯᠪᠣᠵᠤ ᠶᠠᠷᠢᠳᠠᠭ ᠪᠣᠯᠤᠯ᠎ᠠ᠃ ᠬᠣᠶᠠᠷ ᠲᠣᠮᠣ ᠤᠯᠤᠰ ᠤ᠋ᠨ ᠵᠠᠪᠰᠠᠷ ᠲᠤ ᠬᠠᠪᠴᠢᠭᠤᠯᠤᠭᠳᠠᠵᠤ ᠪᠠᠢᠭᠰᠠᠨ ᠲᠡᠷᠡ ᠪᠠᠮᠪᠠᠢ ᠤᠯᠤᠰ ᠢ᠋ ᠳᠠᠷᠤᠨ ᠲᠦᠪᠰᠢᠳᠬᠡᠬᠦ ᠳ᠋ᠦ᠍ ᠶᠠᠭᠤᠨ ᠤ᠋ ᠬᠢᠨᠢ ᠶᠡᠬᠡ ᠲᠦᠪᠡᠭ ᠣᠷᠣᠯ᠎ᠠ ᠳᠠ᠃ ᠭᠡᠬᠦ ᠳ᠋ᠦ᠍ ᠪᠡᠨ ᠲᠡᠳᠡᠨ ᠦ᠌ ᠬᠢ ᠶ᠋ᠢ ᠪᠠᠰᠤᠬᠤ ᠠᠷᠭ᠎ᠠ ᠦᠭᠡᠢ ᠪᠠᠢᠭᠰᠠᠨ᠃ ᠬᠢᠳᠠᠨ ᠭᠠᠷᠤᠯᠲᠠᠢ ᠲᠡᠷᠡ ᠤᠯᠤᠰ ᠬᠡᠰᠡᠭ ᠬᠤᠭᠤᠴᠠᠭᠠᠨ ᠳ᠋ᠤ᠌ ᠤᠮᠠᠷᠠᠲᠤ ᠬᠢᠲᠠᠳ ᠢ᠋ ᠡᠷᠬᠡᠨ ᠳ᠋ᠦ᠍ ᠪᠡᠨ ᠪᠠᠢᠯᠭᠠᠨ ᠵᠡᠬᠡᠭᠰᠡᠨ ᠬᠦᠴᠦᠷᠬᠡᠭ ᠪᠠᠢᠭᠰᠠᠨ ᠭᠡᠳᠡᠭ᠃ ᠲᠡᠷᠡ ᠨᠢ ᠦᠨᠡᠨ᠃<ᠬᠠᠷ᠎ᠠ ᠬᠢᠲᠠᠳ> ᠬᠡᠮᠡᠬᠦ ᠤᠯᠤᠰ ᠢ᠋ ᠲᠦᠪᠰᠢᠳᠬᠡᠬᠦ ᠳ᠋ᠦ᠍ ᠮᠢᠨᠦ ᠴᠡᠷᠢᠭ ᠵᠡᠭᠦᠨ ᠲᠠᠯ᠎ᠠ ᠠ᠋ᠴᠠ ᠨᠢ ᠭᠡᠨᠡᠳᠲᠡ ᠭᠡᠨᠡᠳᠡᠭᠦᠯᠦᠨ ᠳᠣᠪᠲᠣᠯᠵᠤ᠂ ᠨᠤᠭᠤᠰᠤ ᠶ᠋ᠢ ᠨᠢ ᠲᠠᠰᠤᠯᠵᠤ ᠥᠭᠭᠦᠭᠰᠡᠨ ᠪᠠᠢᠬᠤ ᠳ᠋ᠤ᠌᠂ ᠡᠨᠡ ᠵᠡᠭᠦᠨ ᠭᠠᠷ ᠤ᠋ᠨ ᠴᠡᠷᠢᠭ ᠦ᠋ᠨ ᠨᠡᠷ᠎ᠡ ᠭᠠᠷᠬᠤ ᠦᠭᠡᠢ ᠪᠠᠢᠭ᠎ᠠ ᠰᠢᠦ᠃ ᠡᠢᠮᠦ ᠪᠠᠢᠭᠰᠠᠭᠠᠷ ᠠᠲᠠᠯ᠎ᠠ ᠪᠢ ᠣᠳᠣᠬᠠᠨ ᠳ᠋ᠤ᠌ ᠪᠠᠨ ᠴᠡᠷᠢᠭ ᠲᠡᠢᠨ ᠢ᠋ ᠱᠠᠲᠤᠯᠠᠨ ᠶᠠᠪᠤᠭᠤᠯᠬᠤ ᠭᠡᠵᠦ ᠣᠩᠭᠢᠷᠠᠵᠤ ᠳᠠᠪᠬᠢᠬᠤ ᠬᠡᠷᠡᠭ ᠦᠭᠡᠢ ᠪᠢᠵᠡ ᠠ᠋》 ᠭᠡᠮᠡᠨ ᠪᠣᠳᠣᠭᠰᠠᠭᠠᠷ᠂ ᠥᠪᠡᠷ ᠦ᠋ᠨ ᠵᠠᠩᠰᠢᠯ ᠶᠣᠰᠣᠭᠠᠷ ᠨᠢᠭᠡ ᠪᠣᠳᠣᠭᠰᠠᠨ ᠵᠦᠢᠯ ᠢ᠋ᠶ᠋ᠡᠨ ᠬᠡᠳᠦ ᠳᠠᠬᠢᠨ ᠡᠷᠭᠢᠴᠡᠭᠦᠯᠦᠨ ᠰᠡᠳᠬᠢᠯ ᠦ᠋ᠨ ᠵᠣᠪᠠᠯᠠᠩ ᠡᠳ᠋ᠯᠡᠵᠦ ᠰᠠᠭᠤᠪᠠ᠃  
       ᠬᠤᠪᠢᠯᠠᠢ《ᠰᠢᠭᠦᠨ ᠲᠤᠩᠭᠠᠭᠠᠵᠤ ᠪᠣᠳᠣ》 ᠭᠡᠵᠦ ᠥᠪᠡᠷ ᠲᠦ᠍ ᠪᠡᠨ ᠬᠡᠯᠡᠳᠡᠭ ᠦᠭᠡ ᠪᠡᠨ ᠪᠠᠰᠠ ᠠᠮᠠᠨ ᠳᠣᠲᠣᠷ᠎ᠠ ᠪᠠᠨ ᠭᠦᠪᠲᠦᠨᠡᠨ ᠦᠭᠡᠯᠡᠵᠦ ᠪᠠᠢᠯ᠎ᠠ᠃ ᠡᠨᠡ ᠨᠢ ᠭᠡᠮ ᠪᠢᠰᠢ ᠵᠠᠩ ᠨᠢ ᠪᠢᠯᠡ᠃ ᠲᠡᠷᠡ ᠪᠦᠭᠦᠳᠡ ᠶ᠋ᠢᠨ ᠴᠠᠭᠠᠨ᠎ᠠ᠂ ᠣᠳᠣ ᠪᠠᠷ ᠬᠡᠨ ᠳ᠋ᠦ᠍ ᠴᠦ᠍ ᠳᠤᠷᠠᠰᠴᠤ ᠦᠯᠦ ᠪᠣᠯᠬᠤ ᠨᠢᠭᠡᠨ ᠨᠠᠷᠢᠨ ᠭᠡᠬᠦ ᠤᠤ᠂ ᠪᠦᠷ ᠥᠪᠡᠷ ᠦ᠋ᠨ ᠬᠢᠨᠢ ᠠᠮᠢᠨ ᠭᠣᠣᠯ ᠨᠢᠭᠡ ᠵᠦᠢᠯ ᠪᠠᠢᠭ᠎ᠠ ᠶ᠋ᠢ ᠬᠤᠪᠢᠯᠠᠢ ᠢᠮᠠᠭᠲᠠ ᠪᠣᠳᠣᠵᠤ ᠪᠠᠢᠯ᠎ᠠ᠃ ᠲᠤᠬᠠᠢᠯᠠᠪᠠᠯ《ᠠᠬ᠎ᠠ ᠮᠥᠩᠬᠡ <ᠬᠢᠲᠠᠳ ᠣᠷᠣᠨ ᠴᠢᠨᠦ ᠮᠠᠲᠠᠯ ᠤ᠋ᠨ ᠭᠠᠵᠠᠷ ᠪᠣᠯᠤᠨ᠎ᠠ᠃ ᠴᠢᠨᠦ ᠳᠣᠲᠣᠷ᠎ᠠ ᠪᠠᠨ ᠭᠣᠩᠰᠣᠢᠵᠤ ᠶᠠᠪᠤᠭ᠎ᠠ ᠵᠦᠢᠯ ᠪᠣᠯ ᠥᠪᠡᠷ ᠦ᠋ᠨ ᠥᠮᠴᠢ ᠨᠤᠲᠤᠭ ᠦᠭᠡᠢ ᠭᠡᠵᠦ ᠪᠣᠳᠣᠵᠤ ᠶᠠᠪᠤᠭ᠎ᠠ᠃ ᠲᠡᠷᠡ ᠴᠢᠨᠢ ᠴᠦ᠍ ᠴᠢᠨᠦ ᠵᠥᠪ᠃ ᠶᠡᠬᠡ ᠡᠪᠦᠭᠡ ᠬᠠᠭᠠᠨ ᠤ᠋ ᠦᠷ᠎ᠡ ᠬᠡᠦᠬᠡᠳ ᠦ᠋ᠳ᠂ ᠠᠴᠢ ᠨᠠᠷ ᠨᠢ ᠴᠥᠮ ᠥᠪᠡᠷ ᠥᠪᠡᠷ ᠦ᠋ᠨ ᠡᠵᠡᠩᠨᠡᠬᠦ ᠨᠤᠲᠤᠭ ᠣᠷᠣᠨ ᠲᠠᠢ ᠪᠣᠯᠵᠤ ᠣᠷᠬᠢᠭᠰᠠᠨ ᠪᠠᠢᠬᠤ ᠳ᠋ᠤ᠌᠂ ᠮᠠᠨ ᠤ᠋ ᠲᠤᠯᠤᠢ ᠠᠪᠤ ᠶ᠋ᠢᠨ ᠬᠡᠦᠬᠡᠳ ᠪᠢᠳᠡ ᠨᠠᠷ ᠥᠪᠡᠷ ᠦ᠋ᠨ ᠥᠮᠴᠢ ᠶ᠋ᠢᠨ ᠨᠤᠲᠤᠭ ᠭᠠᠵᠠᠷ ᠦᠭᠡᠢ ᠪᠠᠢᠭ᠎ᠠ᠃ ᠲᠡᠷᠡ ᠪᠠᠢᠳᠠᠯ ᠢ᠋ ᠪᠢ ᠠᠷᠢᠯᠭᠠᠵᠤ᠂ ᠥᠪᠡᠷ ᠦ᠋ᠨ ᠪᠦᠬᠦ ᠳᠡᠭᠦᠦ ᠨᠠᠷ ᠢ᠋ᠶ᠋ᠠᠨ ᠮᠠᠲᠠᠯ ᠤ᠋ᠨ ᠣᠷᠣᠨ ᠭᠠᠵᠠᠷ ᠲᠠᠢ ᠪᠣᠯᠭᠠᠨ᠎ᠠ᠃ ᠲᠡᠭᠦᠨ ᠦ᠌ ᠳᠣᠲᠣᠷ᠎ᠠ ᠠ᠋ᠴᠠ ᠴᠢᠮᠠᠶ᠋ᠢ ᠪᠢ ᠲᠣᠮᠣ ᠤᠯᠤᠰ ᠲᠤ ᠨᠢᠭᠡᠳᠦᠭᠰᠡᠨ ᠠᠯᠲᠠᠨ ᠤᠯᠤᠰ ᠤ᠋ᠨ ᠨᠤᠲᠤᠭ— ᠬᠢᠲᠠᠳ ᠣᠷᠣᠨ ᠤ᠋ ᠭᠠᠵᠠᠷ ᠢ᠋ ᠡᠵᠡᠮᠰᠢᠬᠦ ᠶᠣᠰᠣᠲᠠᠢ᠃ ᠡᠢᠮᠦ ᠵᠠᠷᠯᠢᠭ ᠪᠢ ᠭᠠᠷᠭᠠᠵᠤ ᠲᠡᠷᠡ ᠪᠣᠳᠣᠯ ᠢ᠋ᠶ᠋ᠠᠨ ᠬᠠᠤᠯᠢ ᠶᠣᠰᠣᠨ ᠤ᠋ ᠪᠣᠯᠭᠠᠨ᠎ᠠ ᠭᠡᠵᠦ ᠬᠡᠯᠡᠭᠰᠡᠨ᠃  ᠭᠡᠪᠡᠴᠦ ᠪᠢ ᠮᠥᠩᠬᠡ ᠶ᠋ᠢᠨ ᠲᠡᠷᠡ ᠦᠭᠡᠨ ᠳ᠋ᠦ᠍ ᠬᠠᠭᠤᠷᠲᠠᠵᠤ ᠪᠣᠯᠬᠤ ᠦᠭᠡᠢ᠃ ᠮᠠᠨ ᠤ᠋ ᠠᠬ᠎ᠠ ᠬᠠᠭᠠᠨ ᠶᠡᠬᠡ ᠬᠡᠴᠡᠭᠦᠦ ᠬᠥᠮᠦᠨ᠃ ᠨᠠᠮᠠᠶ᠋ᠢ ᠥᠴᠦᠬᠡᠨ ᠡᠨᠳᠡᠭᠳᠡᠯ ᠭᠠᠷᠭᠠᠪᠠᠯ᠂ ᠨᠠᠳᠠ ᠠ᠋ᠴᠠ ᠢᠯᠡᠭᠦᠦ ᠢᠯᠠᠯᠲᠠ ᠭᠠᠷᠭᠠᠭᠰᠠᠨ ᠬᠥᠮᠦᠨ ᠳᠣᠪᠣᠢᠭᠠᠳ ᠭᠠᠷᠤᠭᠠᠳ ᠢᠷᠡᠪᠡᠯ ᠬᠠᠭᠠᠨ ᠠᠬ᠎ᠠ ᠲᠡᠷᠡ ᠦᠭᠡ ᠪᠡᠨ ᠡᠷᠭᠢᠭᠦᠯᠦᠭᠡᠳ ᠠᠪᠴᠢᠬᠠᠵᠤ ᠳᠥᠩᠭᠡᠬᠦ ᠡᠷ᠎ᠡ᠃ ᠪᠢᠳᠡ ᠣᠳᠣ ᠠᠪᠤ ᠶ᠋ᠢᠨ᠂ ᠡᠪᠦᠭᠡ ᠬᠠᠭᠠᠨ ᠤ᠋ ᠠᠷᠭ᠎ᠠ ᠤᠬᠠᠭᠠᠨ ᠰᠢᠭ᠋ ᠪᠣᠳᠣᠯ ᠭᠠᠷᠭᠠᠭᠠᠳ ᠪᠦᠬᠦ ᠬᠦᠴᠦ ᠪᠡᠷ ᠨᠢ ᠵᠣᠷᠢᠭᠯᠠᠨ ᠭᠤᠷᠪᠠᠨ ᠲᠠᠯ᠎ᠠ ᠠ᠋ᠴᠠ ᠨᠢ ᠳᠠᠭᠠᠷᠢᠪᠠᠯ ᠮᠥᠨ ᠤᠯᠤᠰ ᠢ᠋ ᠠᠷᠴᠢᠭᠠᠳ ᠯᠠ ᠬᠠᠶᠠᠨ᠎ᠠ᠃ ᠡᠨᠡ ᠪᠣᠯ ᠪᠦᠷᠢᠨ ᠪᠣᠯᠣᠮᠵᠢᠲᠠᠢ ᠬᠡᠷᠡᠭ᠃ ᠠᠬ᠎ᠠ ᠬᠠᠭᠠᠨ ᠴᠦ᠍ ᠡᠭᠦᠨ ᠢ᠋ ᠰᠠᠢᠨ ᠮᠡᠳᠡᠭᠡᠳ ᠨᠠᠮᠠᠶ᠋ᠢ ᠴᠡᠷᠢᠭ ᠢ᠋ᠶ᠋ᠡᠨ ᠲᠠᠪᠰᠢᠭᠤᠯ ᠭᠡᠵᠦ ᠱᠠᠭᠠᠷᠳᠠᠵᠤ ᠪᠠᠢᠭ᠎ᠠ᠃ ᠴᠢᠩᠭᠢᠭᠡᠳ ᠰᠥᠩ ᠤᠯᠤᠰ ᠢ᠋ ᠮᠥᠬᠥᠭᠡᠯ᠎ᠡ ᠭᠡᠬᠦ ᠳ᠋ᠦ᠍ ᠲᠡᠭᠦᠨ ᠡᠴᠡ ᠰᠥᠭᠥᠮ ᠴᠦ᠍ ᠭᠠᠵᠠᠷ ᠨᠠᠳᠠᠳᠤ ᠣᠨᠣᠭᠳᠠᠬᠤ ᠦᠭᠡᠢ᠂ ᠠᠬ᠎ᠠ ᠪᠦᠭᠦᠳᠡ ᠶ᠋ᠢ ᠨᠢ ᠤᠯᠤᠰ ᠤ᠋ᠨ ᠮᠠᠲᠠᠯ ᠤ᠋ᠨ ᠪᠣᠯᠭᠠᠵᠤ ᠤᠯᠠᠮ ᠢ᠋ᠶ᠋ᠠᠷ ᠥᠪᠡᠷ ᠦ᠋ᠨ ᠡᠵᠡᠮᠰᠢᠯ ᠦ᠋ᠨ ᠭᠠᠵᠠᠷ ᠪᠣᠯᠭᠠᠨ᠎ᠠ᠃ ᠲᠡᠭᠡᠬᠦ ᠪᠡᠷ ᠪᠢ ᠣᠳᠣ ᠪᠠᠷ《ᠭᠤᠶ᠎ᠠ ᠪᠠᠨ ᠠᠯᠠᠭᠠᠳᠠᠨ》 ᠬᠥᠭᠡᠷᠴᠦ ᠳᠠᠪᠬᠢᠭᠠᠳ ᠶᠠᠭᠠᠬᠢᠬᠤ ᠪᠣᠢ᠃ ᠪᠠᠢᠳᠠᠯ ᠢ᠋ ᠵᠢᠭᠠᠬᠠᠨ ᠠᠵᠢᠶ᠎ᠠ᠃ ᠲᠣᠭᠣᠭᠠᠨ᠂ ᠤᠷᠢᠶᠠᠩᠬᠠᠢᠳᠠᠢ᠂ ᠪᠠᠶᠠᠨ ᠵᠠᠩᠵᠤᠨ ᠨᠠᠷ ᠬᠠᠭᠠᠨ ᠠᠬ᠎ᠠ ᠶ᠋ᠢᠨ ᠪᠣᠳᠣᠯᠭ᠎ᠠ ᠶ᠋ᠢ ᠳᠣᠲᠣᠷ᠎ᠠ ᠪᠠᠨ ᠳᠡᠮᠵᠢᠭᠡᠳ ᠶᠠᠪᠤᠭ᠎ᠠ᠃ ᠪᠢ ᠲᠡᠷᠡ ᠵᠠᠩᠵᠤᠨ ᠨᠤᠭᠤᠳ ᠢ᠋ ᠠᠶᠠᠲᠠᠢᠬᠠᠨ ᠠᠷᠭᠠᠴᠠᠭᠠᠵᠤ ᠪᠠᠢᠭᠠᠳ ᠠᠬ᠎ᠠ ᠶ᠋ᠢᠨ ᠬᠢᠬᠦ ᠭᠡᠵᠦ ᠪᠠᠢᠭ᠎ᠠ ᠶᠡᠬᠡ ᠢᠯᠠᠯᠲᠠ ᠶ᠋ᠢ ᠵᠢᠭᠠᠬᠠᠨ ᠰᠠᠭᠠᠷᠠᠭᠤᠯᠤᠨ᠂ ᠥᠪᠡᠷ ᠲᠦ᠍ ᠪᠡᠨ ᠠᠰᠢᠭᠲᠠᠢ ᠭᠡᠬᠦ ᠤᠤ᠂ ᠲᠡᠷᠡ ᠢᠯᠠᠭᠤᠭᠰᠠᠨ ᠠᠶᠠᠯᠠᠯ ᠤ᠋ᠨ ᠰᠦᠷ ᠬᠦᠴᠦ ᠶ᠋ᠢ ᠥᠪᠡᠷ ᠲᠦ᠍ ᠪᠡᠨ ᠬᠠᠮᠢᠶᠠᠲᠠᠢ ᠪᠣᠯᠭᠠᠬᠤ ᠠᠷᠭ᠎ᠠ ᠢᠷᠡᠨ᠎ᠡ ᠪᠠᠢᠬ᠎ᠠ ᠠ᠋》 ᠭᠡᠮᠡᠨ ᠬᠤᠪᠢᠯᠠᠢ ᠪᠣᠳᠣᠨ ᠪᠣᠳᠣᠭᠰᠠᠭᠠᠷ᠂ ᠲᠡᠭᠦᠨ ᠦ᠌ ᠲᠥᠯᠥᠭᠡ ᠶᠠᠪᠤᠵᠤ ᠪᠠᠢᠨ᠎ᠠ ᠭᠡᠵᠦ ᠳᠠᠬᠢᠨ ᠳᠠᠬᠢᠨ ᠪᠡᠶ᠎ᠡ ᠳ᠋ᠦ᠍ ᠪᠡᠨ ᠰᠠᠨᠠᠭᠤᠯᠤᠭᠰᠠᠭᠠᠷ ᠪᠠᠢᠯ᠎ᠠ᠃ ᠬᠤᠪᠢᠯᠠᠢ ᠶ᠋ᠢᠨ ᠡᠨᠡ ᠰᠠᠨᠠᠭ᠎ᠠ ᠶ᠋ᠢ ᠲᠡᠭᠦᠨ ᠦ᠌ ᠴᠡᠷᠢᠭ ᠢ᠋ ᠰᠢᠭᠤᠳ ᠭᠠᠷᠳᠠᠨ ᠤᠳᠤᠷᠢᠳᠴᠤ ᠶᠠᠪᠤᠭ᠎ᠠ ᠵᠠᠩᠵᠤᠨ ᠨᠤᠭᠤᠳ ᠨᠢ ᠭᠠᠳᠠᠷᠯᠠᠵᠤ ᠪᠠᠢᠯ᠎ᠠ᠃ ᠭᠡᠬᠦ ᠳ᠋ᠦ᠍ ᠪᠡᠨ ᠲᠡᠷᠡ ᠨᠢ ᠮᠠᠰᠢ ᠨᠢᠭᠤᠴᠠ᠃ 
       ᠴᠢᠬᠢᠷᠰᠦᠨ ᠰᠠᠪᠠ ᠲᠠᠢ᠂ ᠬᠡᠳᠦᠨ ᠪᠣᠭᠣᠳᠠᠯ ᠶᠠᠭᠤᠮ᠎ᠠ ᠮᠥᠷᠦᠨ ᠳᠡᠭᠡᠷ᠎ᠡ ᠪᠡᠨ ᠬᠣᠯᠪᠣᠵᠤ ᠲᠠᠯᠪᠢᠭᠰᠠᠨ ᠬᠣᠶᠠᠷ ᠭᠤᠷᠪᠠᠨ ᠬᠢᠲᠠᠳ ᠬᠥᠮᠦᠨ ᠵᠠᠬᠢᠷᠤᠭᠴᠢ ᠶ᠋ᠢᠨ ᠪᠠᠢᠷᠢᠨ ᠳ᠋ᠤ᠌ ᠣᠷᠣᠵᠤ ᠢᠷᠡᠬᠦ ᠳ᠋ᠦ᠍᠂ ᠬᠡᠪᠲᠡᠭᠦᠯ(ᠪᠡᠶ᠎ᠡ ᠬᠠᠮᠠᠭᠠᠯᠠᠬᠤ ᠬᠠᠷᠠᠭᠤᠯ) ᠤ᠋ᠨ ᠴᠡᠷᠢᠭ ᠲᠡᠳᠡᠨ ᠢ᠋ ᠪᠠᠢᠴᠠᠭᠠᠨ ᠨᠡᠩᠵᠢᠵᠦ ᠦᠵᠡᠭᠡᠳ᠂ ᠶᠡᠬᠡ ᠰᠢᠳᠠᠷ ᠨᠣᠶᠠᠨ ᠲᠦᠰᠢᠮᠡᠯ ᠵᠣᠣ ᠪᠢ ᠶ᠋ᠢᠨ ᠲᠤᠰᠢᠶᠠᠯ ᠢ᠋ᠶ᠋ᠠᠷ ᠳᠡᠭᠡᠳᠦ ᠡᠵᠡᠨ ᠦ᠌ ᠲᠠᠭᠠᠯᠠᠯ ᠳ᠋ᠤ᠌ ᠡᠷᠭᠦᠬᠦ ᠪᠡᠷ ᠢᠷᠡᠭᠰᠡᠨ ᠭᠡᠳᠡᠭ ᠥᠴᠢᠭ ᠢ᠋ ᠳᠠᠭᠠᠭᠠᠮᠠᠯ ᠲᠦᠰᠢᠮᠡᠯ ᠰᠣᠨᠣᠰᠤᠭᠠᠳ ᠲᠡᠳᠡᠨ ᠢ᠋ ᠳᠣᠲᠣᠭᠰᠢ ᠣᠷᠣᠭᠤᠯᠪᠠ᠃ 
       ᠡᠨᠡ ᠨᠢ ᠬᠤᠪᠢᠯᠠᠢ ᠵᠠᠬᠢᠷᠤᠭᠴᠢ ᠳ᠋ᠤ᠌ ᠶᠧᠯᠸᠢ ᠶ᠋ᠢᠨ ᠭᠠᠢᠬᠠᠮᠰᠢᠭ ᠪᠣᠯᠭᠣᠭᠠᠯᠭᠠᠨ ᠳᠠᠭᠠᠯᠠᠭᠤᠯᠬᠤ ᠪᠠᠷ ᠢᠷᠡᠵᠦ ᠪᠠᠢᠭ᠎ᠠ ᠬᠥᠮᠦᠰ ᠠᠵᠢ᠃ ᠲᠡᠳᠡᠨ ᠢ᠋《ᠰᠣᠨᠢᠨ ᠭᠠᠢᠬᠠᠯᠲᠠᠢ ᠶᠠᠭᠤᠮ᠎ᠠ ᠦᠵᠡᠭᠦᠯ》 ᠭᠡᠵᠦ ᠵᠣᠣ ᠣᠪᠣᠭᠲᠤ ᠲᠦᠰᠢᠮᠡᠯ ᠣᠷᠣᠨ ᠨᠤᠲᠤᠭ ᠤ᠋ᠨ ᠨᠣᠶᠠᠳ ᠲᠤ ᠬᠡᠯᠡᠭᠰᠡᠨ ᠤᠴᠢᠷ ᠠ᠋ᠴᠠ ᠵᠣᠷᠢᠭᠤᠳᠠ ᠰᠢᠯᠢᠭᠳᠡᠨ ᠢᠷᠡᠵᠦ ᠪᠠᠢᠭ᠎ᠠ ᠶᠧᠯᠸᠢᠴᠢᠨ ᠨᠦ᠍ᠭᠦᠳ ᠠᠵᠢ᠃  
       ᠬᠤᠪᠢᠯᠠᠢ ᠵᠠᠬᠢᠷᠤᠭᠴᠢ ᠶ᠋ᠢᠨ ᠠᠩᠬᠠᠨ ᠤ᠋ ᠬᠢᠲᠠᠳ ᠲᠠᠨᠢᠯ᠂ ᠡᠷᠳᠡᠨᠢ ᠲᠡᠭᠦᠰ ᠭᠡᠵᠦ ᠴᠦ᠍ ᠬᠡᠯᠡᠵᠦ ᠪᠣᠯᠬᠤ ᠨᠣᠮᠴᠢ ᠮᠡᠷᠭᠡᠨ ᠲᠡᠷᠡ ᠲᠦᠰᠢᠮᠡᠯ ᠥᠪᠡᠷ ᠦ᠋ᠨ《ᠱᠠᠪᠢ》 ᠪᠣᠯᠤᠭᠰᠠᠨ ᠬᠤᠪᠢᠯᠠᠢ ᠳ᠋ᠤ᠌ ᠰᠠᠢᠨ ᠰᠡᠳᠬᠢᠯ ᠡᠪᠦᠷᠯᠡᠵᠦ ᠶᠠᠪᠤᠳᠠᠭ ᠤᠴᠢᠷ ᠠ᠋ᠴᠠ ᠪᠠᠷᠤᠭ ᠡᠳᠦᠷ ᠳᠣᠳᠣᠮ ᠤ᠋ᠨ ᠵᠦᠢᠯ ᠦ᠋ᠳ ᠳᠡᠭᠡᠷ᠎ᠡ ᠴᠦ᠍ ᠨᠥᠯᠥᠭᠡᠯᠡᠳᠡᠭ ᠪᠣᠯᠵᠠᠢ᠃ 
       ᠵᠣᠣ ᠣᠪᠣᠭᠲᠤ ᠮᠢᠨᠳᠠᠰᠤᠨ ᠴᠠᠭᠠᠨ ᠦᠰᠦ ᠪᠡᠨ ᠭᠢᠯᠠᠯᠵᠠᠭᠤᠯᠤᠨ ᠶᠠᠪᠤᠵᠤ᠂ ᠡᠨᠡ ᠲᠡᠷᠡ ᠶ᠋ᠢ ᠵᠣᠬᠢᠶᠠᠨ ᠪᠠᠢᠭᠤᠯᠬᠤ ᠳ᠋ᠤ᠌ ᠪᠠᠨ ᠴᠦ᠍ ᠬᠥᠩᠭᠡᠨ ᠰᠢᠩᠭᠡᠨ᠂ ᠮᠣᠩᠭᠣᠯᠴᠤᠳ ᠲᠤ ᠡᠯᠢᠭᠡᠰᠡᠭ ᠬᠠᠨᠳᠤᠳᠠᠭ ᠢ᠋ ᠥᠭᠦᠯᠡᠬᠦ ᠶᠠᠭᠤᠨ᠃ ᠡᠨᠡ ᠲᠦᠰᠢᠮᠡᠯ ᠮᠣᠩᠭᠣᠯ ᠬᠡᠯᠡ ᠶ᠋ᠢ ᠬᠡᠳᠦᠨ ᠵᠢᠯ ᠦ᠋ᠨ ᠡᠮᠦᠨ᠎ᠡ ᠶᠡᠷᠦ ᠳ᠋ᠦ᠍ ᠪᠡᠨ ᠬᠠᠭᠠᠰ ᠵᠢᠯ ᠦ᠋ᠨ ᠳᠣᠲᠣᠷ᠎ᠠ ᠰᠤᠷᠴᠤ᠂ ᠬᠡᠨ ᠲᠡᠢ ᠴᠦ᠍ ᠠᠯᠪᠠᠨ ᠤ᠋ ᠨᠠᠷᠢᠨ ᠰᠢᠷᠢᠨ ᠵᠦᠢᠯ ᠢ᠋ ᠡᠨᠡ ᠬᠡᠯᠡ ᠪᠡᠷ ᠬᠡᠯᠡᠯᠴᠡᠵᠦ ᠴᠢᠳᠠᠳᠠᠭ ᠪᠣᠯᠤᠭᠰᠠᠨ ᠨᠢ ᠣᠯᠠᠨ ᠳ᠋ᠤ᠌《ᠴᠣᠯ ᠡᠷᠳᠡᠮ》 ᠭᠡᠮᠡᠨ ᠪᠢᠰᠢᠷᠡᠭᠳᠡᠭᠰᠡᠨ ᠤᠴᠢᠷ ᠲᠡᠭᠦᠨ ᠦ᠌ ᠬᠡᠯᠡᠭᠰᠡᠨ ᠦᠭᠡ ᠬᠢᠲᠠᠳ᠂ ᠮᠣᠩᠭᠣᠯ ᠤ᠋ᠨ ᠠᠯᠢᠨ ᠳ᠋ᠤ᠌ ᠴᠦ᠍ ᠲᠣᠭᠣᠭᠳᠠᠳᠠᠭ ᠲᠡᠳᠦᠢ ᠦᠭᠡᠢ᠂ ᠶᠡᠬᠡ ᠵᠠᠬᠢᠷᠤᠭᠴᠢ ᠶ᠋ᠢᠨ ᠵᠠᠷᠯᠢᠭ ᠲᠤᠰᠢᠶᠠᠯᠲᠠᠢ ᠵᠠᠷᠢᠮ ᠳ᠋ᠤ᠌ ᠪᠠᠨ ᠡᠩ ᠵᠡᠷᠭᠡᠴᠡᠬᠦ ᠰᠢᠬᠠᠮ ᠪᠣᠯᠵᠤ ᠬᠥᠮᠦᠰ ᠲᠦ᠍ ᠪᠠᠭᠤᠳᠠᠭ ᠪᠢᠯᠡ᠃ 
       ᠡᠢᠮᠦ ᠬᠥᠮᠦᠨ ᠡᠨᠡ ᠶᠧᠯᠸᠢᠴᠢᠳ ᠦ᠋ᠨ ᠲᠣᠭᠯᠠᠯᠲᠠ ᠶ᠋ᠢ ᠵᠠᠬᠢᠷᠤᠭᠴᠢ ᠶ᠋ᠢᠨ ᠳᠡᠷᠭᠡᠳᠡ ᠠᠪᠴᠢᠷᠠᠭᠤᠯᠬᠤ ᠪᠣᠯᠭᠠᠭᠰᠠᠨ ᠪᠠᠢᠪᠠ᠃  
       ᠣᠷᠣᠢ ᠪᠦᠷᠦᠢ ᠪᠣᠯᠬᠤ ᠳ᠋ᠤ᠌ ᠭᠤᠷᠪᠠᠨ ᠲᠠᠯ᠎ᠠ ᠶ᠋ᠢ ᠨᠢ ᠰᠡᠬᠦᠵᠦ ᠵᠠᠳᠠᠭᠠᠢᠯᠠᠭᠰᠠᠨ ᠳᠠᠪᠤᠤ ᠠᠰᠠᠷ ᠲᠤ ᠳᠡᠭᠡᠳᠦᠰ ᠦ᠋ᠨ ᠲᠤᠰᠢᠶᠠᠯ ᠢ᠋ᠶ᠋ᠠᠷ ᠴᠤᠭᠯᠠᠷᠠᠭᠰᠠᠨ ᠮᠢᠩᠭᠠᠲᠤ᠂ ᠲᠦᠮᠡᠲᠦ ᠶ᠋ᠢᠨ ᠳᠠᠭᠠᠭᠠᠮᠠᠯ ᠨᠣᠶᠠᠳ᠂ ᠬᠤᠪᠢᠯᠠᠢ ᠲᠠᠢ ᠬᠠᠮᠲᠤ ᠶᠧᠯᠸᠢ ᠦᠵᠡᠬᠦ ᠪᠡᠷ ᠬᠤᠷᠠᠨ ᠰᠠᠭᠤᠯ᠎ᠠ᠃ 
       ᠭᠤᠷᠪᠠᠨ ᠬᠢᠲᠠᠳ ᠬᠥᠮᠦᠨ ᠣᠷᠣᠢ ᠳᠡᠭᠡᠷ᠎ᠡ ᠪᠡᠨ ᠴᠠᠴᠤᠭᠲᠠᠢ ᠥᠨᠳᠥᠷ ᠮᠠᠯᠠᠭᠠᠢ᠂ ᠤᠷᠲᠤ ᠬᠠᠷ᠎ᠠ ᠨᠥᠮᠥᠷᠭᠡ ᠨᠥᠮᠥᠷᠦᠨ ᠭᠠᠷᠴᠤ ᠢᠷᠡᠵᠦ ᠮᠡᠬᠦᠢᠵᠦ ᠶᠣᠰᠣ ᠬᠢᠨ ᠬᠦᠨᠳᠦᠳᠬᠡᠯ ᠢᠯᠡᠷᠬᠡᠢᠯᠡᠭᠡᠳ᠂ ᠴᠠᠭᠠᠰᠤᠨ ᠳ᠋ᠧᠩᠯᠦ ᠨᠦ᠍ᠭᠦᠳ ᠢ᠋ ᠠᠰᠠᠭᠠᠨ᠂ ᠶᠠᠩᠵᠤ ᠪᠦᠷᠢ ᠶ᠋ᠢᠨ ᠰᠠᠪᠠ ᠲᠠᠢ ᠤᠰᠤ᠂ ᠴᠡᠴᠡᠭ᠂ ᠥᠳᠥ ᠰᠥᠳᠥ ᠰᠢᠷᠡᠭᠡᠨ ᠳᠡᠭᠡᠷ᠎ᠡ ᠥᠷᠥᠵᠦ ᠲᠣᠭᠯᠠᠯᠲᠠ ᠪᠠᠨ ᠡᠬᠢᠯᠡᠪᠡ᠃ 
       ᠰᠣᠨᠢᠨ ᠭᠠᠢᠬᠠᠮᠰᠢᠭᠲᠠᠢ ᠡᠨᠡ ᠲᠣᠭᠯᠠᠯᠲᠠ ᠪᠠᠷ ᠠᠯᠠᠭ᠎ᠠ ᠡᠷᠭᠢᠭᠦᠯᠬᠦ ᠶ᠋ᠢᠨ ᠵᠠᠭᠤᠷ᠎ᠠ ᠳ᠋ᠤ᠌ ᠯᠠ ᠪᠠᠢᠬᠤ ᠦᠭᠡᠢ ᠶᠠᠭᠤᠮ᠎ᠠ ᠶ᠋ᠢ ᠪᠣᠢ ᠪᠣᠯᠭᠠᠨ᠂ ᠤᠰᠤ ᠶ᠋ᠢ ᠴᠡᠴᠡᠭ᠂ ᠥᠳᠥ ᠰᠥᠳᠥ ᠶ᠋ᠢ ᠲᠤᠤᠰᠠᠨ ᠳᠠᠪᠤᠤ ᠪᠣᠯᠭᠠᠨ ᠬᠤᠪᠢᠷᠠᠭᠠᠵᠤ ᠦᠵᠡᠭᠦᠯᠬᠦ ᠳ᠋ᠦ᠍ ᠪᠡᠨ ᠴᠢᠳᠠᠪᠤᠷᠢᠯᠢᠭ᠂ ᠦᠨᠡᠮᠰᠢᠯᠲᠡᠢ ᠶ᠋ᠢ ᠬᠡᠯᠡᠵᠦ ᠪᠠᠷᠠᠰᠢ ᠦᠭᠡᠢ ᠭᠠᠢᠬᠠᠯᠲᠠᠢ ᠠᠵᠢ᠃ 
       ᠲᠡᠳᠡ ᠨᠢᠭᠡᠨ ᠲᠣᠮᠣ ᠴᠠᠭᠠᠰᠤᠨ ᠳ᠋ᠧᠩᠯᠦ ᠠᠰᠠᠭᠠᠵᠤ᠂ ᠲᠡᠭᠦᠨ ᠢ᠋ ᠪᠡᠨ ᠤᠯᠠᠭᠠᠨ᠂ ᠨᠣᠭᠣᠭᠠᠨ ᠭᠡᠷᠡᠯ ᠳᠣᠣᠷ᠎ᠠ ᠶᠧᠯᠸᠢ ᠪᠡᠨ ᠦᠵᠡᠭᠦᠯᠵᠦ ᠨᠠᠭᠠᠳᠬᠤ ᠨᠢ ᠲᠡᠷᠡ ᠳ᠋ᠧᠩᠯᠦ ᠨᠢ ᠡᠳᠦᠢ ᠲᠡᠳᠦᠢ ᠢᠳᠢ ᠰᠢᠳᠢᠲᠡᠢ ᠮᠡᠲᠦ ᠬᠠᠷᠠᠭᠳᠠᠨ᠎ᠠ᠃ ᠳ᠋ᠧᠩᠯᠦ ᠶ᠋ᠢᠨ ᠭᠡᠷᠡᠯ ᠲᠤᠰᠤᠭᠰᠠᠨ ᠶᠠᠭᠤᠮ᠎ᠠ ᠪᠣᠯᠭᠠᠨ ᠬᠤᠪᠢᠷᠠᠨ ᠥᠭᠡᠷᠡᠴᠢᠯᠡᠭᠳᠡᠬᠦ ᠮᠡᠲᠦ ᠪᠣᠯᠤᠨ᠎ᠠ᠃  
       ᠲᠡᠭᠡᠭᠡᠳ ᠴᠦ᠍ ᠲᠣᠭᠯᠠᠯᠲᠠ ᠪᠠᠨ《ᠰᠢᠳᠢᠲᠦ ᠳ᠋ᠧᠩᠯᠦ》 ᠭᠡᠵᠦ ᠨᠡᠷᠡᠯᠡᠵᠡᠢ᠃ 
       ᠨᠠᠰᠤ ᠨᠢ ᠶᠡᠬᠡᠳᠡ ᠥᠨᠳᠥᠷ ᠪᠣᠯᠤᠭ᠎ᠠ ᠪᠣᠯᠪᠠ ᠤᠤ ᠭᠡᠮᠡᠷ ᠡᠪᠦᠭᠡᠵᠢᠶᠡᠷ ᠣᠪᠣᠷᠲᠠᠢ ᠨᠢᠭᠡ ᠯᠤᠤᠬᠠᠨ ᠲᠣᠭᠯᠠᠯᠲᠠ ᠪᠠᠨ ᠪᠦᠷ ᠭᠠᠢᠬᠠᠮᠰᠢᠭᠲᠠᠢ ᠬᠤᠷᠳᠤᠨ ᠶᠠᠪᠤᠭᠤᠯᠤᠨ᠎ᠠ᠃ ᠲᠡᠭᠦᠨ ᠦ᠌ ᠬᠥᠳᠡᠯᠭᠡᠭᠡᠨ ᠨᠢ ᠱᠠᠯᠠᠮᠠᠭ᠂ ᠦᠵᠡᠭᠦᠯᠵᠦ ᠪᠠᠢᠭ᠎ᠠ ᠵᠦᠢᠯ ᠦ᠋ᠨ ᠡᠯᠳᠡᠪ ᠬᠤᠪᠢᠷᠠᠯ ᠨᠢ ᠦᠨᠡᠮᠰᠢᠯᠲᠡᠢ᠂ ᠪᠡᠶ᠎ᠡ ᠶ᠋ᠢᠨ ᠪᠠᠢᠳᠠᠯ ᠨᠢ ᠴᠦ᠍ ᠡᠪᠦᠭᠡᠵᠢᠶᠡᠷ ᠭᠡᠬᠦ ᠶ᠋ᠢᠨ ᠠᠷᠭ᠎ᠠ ᠦᠭᠡᠢ ᠴᠢᠬᠡ ᠰᠢᠯᠤᠭᠤᠨ ᠨᠢ ᠭᠠᠢᠬᠠᠯᠲᠠᠢ ᠪᠠᠢᠪᠠ᠃ 
       ᠬᠤᠪᠢᠯᠠᠢ ᠳᠡᠷᠭᠡᠳᠡ ᠪᠡᠨ ᠰᠠᠭᠤᠭ᠎ᠠ ᠵᠣᠣ ᠣᠪᠣᠭᠲᠤ《ᠪᠠᠭᠰᠢ》 ᠲᠠᠢ ᠪᠠᠨ ᠲᠡᠷᠡ ᠶᠧᠯᠸᠢ ᠶ᠋ᠢᠨ ᠲᠤᠬᠠᠢ ᠬᠦᠦᠷᠨᠢᠯᠳᠦᠨ᠂ ᠦᠵᠡᠪᠦᠷᠢ ᠶ᠋ᠢ ᠲᠠᠭᠠᠰᠢᠶᠠᠬᠤ ᠶ᠋ᠢᠨ ᠵᠡᠷᠭᠡᠴᠡᠭᠡ ᠡᠪᠦᠭᠡᠨ ᠶᠧᠯᠸᠢᠴᠢᠨ ᠢ᠋ ᠰᠣᠨᠢᠷᠬᠠᠨ᠄  
       — ᠡᠨᠡ ᠬᠥᠮᠦᠨ ᠬᠡᠳᠦᠨ ᠨᠠᠰᠤᠲᠠᠢ ᠪᠣᠯ ᠭᠡᠵᠦ ᠠᠰᠠᠭᠤᠯ᠎ᠠ᠃  
       — ᠠᠢ᠂ ᠨᠠᠶᠠ ᠭᠠᠷᠤᠭᠰᠠᠨ ᠪᠢᠵᠡ ᠠ᠋᠃ 
       — ᠶᠠᠭᠠᠬᠢᠭᠠᠳ ᠢᠩᠭᠢᠵᠦ ᠥᠨᠳᠥᠷ ᠨᠠᠰᠤᠲᠠᠢ ᠪᠠᠢᠲᠠᠯ᠎ᠠ ᠪᠠᠨ ᠶᠠᠮᠠᠷ ᠴᠦ᠍ ᠵᠠᠯᠠᠭᠤ ᠬᠥᠮᠦᠨ ᠡᠴᠡ ᠳᠤᠲᠠᠭᠤ ᠦᠭᠡᠢ ᠱᠠᠯᠠᠮᠠᠭ ᠬᠥᠳᠡᠯᠵᠦ ᠪᠠᠢᠨ᠎ᠠ ᠪᠣᠢ? 
       — ᠰᠠᠭᠤᠷᠢᠨ ᠭᠠᠵᠠᠷ ᠲᠤ ᠶᠠᠩᠵᠤ ᠪᠦᠷᠢ ᠶ᠋ᠢᠨ ᠨᠣᠭᠣᠭ᠎ᠠ ᠶᠡᠬᠡ ᠤᠷᠭᠤᠭᠤᠯᠵᠤ ᠢᠳᠡᠳᠡᠭ ᠦ᠋ᠨ ᠪᠤᠶᠠᠨ ᠰᠢᠦ᠃ 
       — ᠰᠠᠭᠤᠷᠢᠨ ᠭᠠᠵᠠᠷ ᠤ᠋ᠨ ᠬᠥᠮᠦᠰ ᠤᠷᠲᠤ ᠨᠠᠰᠤᠲᠠᠢ᠂ ᠪᠡᠶ᠎ᠡ ᠴᠢᠭᠢᠷᠠᠭ ᠪᠠᠢᠳᠠᠭ ᠭᠡᠵᠢ ᠤᠤ? 
       — ᠳᠡᠭᠡᠯ ᠦᠭᠡᠢ ᠶᠠᠭᠠᠬᠢᠬᠤ ᠪᠣᠢ᠃ ᠨᠢᠭᠡᠨᠲᠡ ᠲᠣᠭᠲᠠᠵᠤ ᠰᠠᠭᠤᠷᠢᠰᠢᠭᠠᠳ᠂ ᠲᠡᠷᠡ ᠨᠤᠲᠤᠭ ᠤ᠋ᠨ ᠢ᠋ᠶ᠋ᠠᠨ ᠭᠠᠵᠠᠷ ᠤᠰᠤ᠂ ᠴᠠᠭ ᠠᠭᠠᠷ ᠲᠤ ᠪᠡᠶ᠎ᠡ ᠨᠢ ᠲᠡᠰᠴᠦ ᠢᠳᠡᠭᠡᠰᠢᠨ᠂ ᠰᠢᠮ᠎ᠡ ᠶ᠋ᠢ ᠨᠢ ᠬᠦᠷᠲᠡᠵᠦ ᠪᠠᠢᠨ᠎ᠠ ᠭᠡᠳᠡᠭ ᠬᠥᠮᠦᠨ ᠦ᠌ ᠪᠡᠶ᠎ᠡ ᠳ᠋ᠦ᠍ ᠡᠮ ᠪᠣᠯᠳᠠᠭ ᠵᠢᠮ᠎ᠡ ᠲᠡᠢ᠃ ᠡᠨᠡ ᠪᠣᠯ ᠶᠠᠷᠢᠶᠠᠨ ᠦᠭᠡᠢ ᠦᠨᠡᠨ ᠵᠦᠢᠯ᠃ 
       — ᠲᠡᠭᠡᠬᠦ ᠪᠡᠷ ᠨᠡᠭᠦᠳᠡᠯᠯᠡᠨ ᠴᠡᠩᠭᠡᠭ ᠠᠭᠠᠷ ᠳᠤ ᠳᠡᠭᠳᠡᠵᠦ ᠶᠠᠪᠤᠭᠰᠠᠨ ᠠ᠋ᠴᠠ ᠰᠠᠭᠤᠷᠢᠨ ᠭᠠᠵᠠᠷ ᠰᠠᠭᠤᠵᠤ ᠪᠠᠢᠬᠤ ᠨᠢ ᠢᠯᠡᠭᠦᠦ ᠲᠤᠰᠠᠲᠠᠢ ᠭᠡᠵᠦ ᠲᠠ ᠨᠠᠳᠠᠳᠤ ᠰᠤᠷᠭᠠᠭᠠᠳ ᠪᠠᠢᠨ᠎ᠠ ᠤᠤ ᠳᠠ᠃  
       — ᠰᠤᠷᠭᠠᠬᠤ ᠪᠢᠰᠢ ᠠ᠋᠃ ᠶᠡᠷᠦ ᠡᠴᠡ ᠪᠡᠨ ᠪᠠᠢᠳᠠᠯ ᠨᠢ ᠲᠡᠢᠮᠦ ᠪᠠᠢᠭ᠎ᠠ᠃ ᠨᠠᠭᠠᠳᠤ ᠵᠠᠬ᠎ᠠ ᠨᠢ ᠲᠣᠬᠢᠲᠠᠢ ᠣᠷᠣᠨ ᠭᠡᠷ ᠬᠥᠮᠦᠨ ᠵᠠᠰᠠᠵᠤ ᠠᠪᠤᠨ᠎ᠠ᠃ ᠲᠡᠷᠡ ᠨᠢ ᠪᠡᠶ᠎ᠡ ᠳ᠋ᠦ᠍ ᠨᠢ ᠲᠠᠭᠠᠲᠠᠢ ᠪᠠᠢᠯ ᠦᠭᠡᠢ ᠶᠠᠭᠠᠬᠢᠬᠤ ᠪᠣᠢ᠃ ᠬᠠᠯᠠᠭᠤᠨ ᠳ᠋ᠤ᠌ ᠬᠠᠯᠠᠵᠤ᠂ ᠬᠦᠢᠲᠡᠨ ᠳ᠋ᠦ᠍ ᠬᠦᠷᠦᠵᠦ ᠪᠡᠶ᠎ᠡ ᠪᠡᠨ ᠬᠢᠮᠤᠷᠠᠯᠳᠤᠭᠤᠯᠵᠤ ᠶᠠᠪᠤᠭᠰᠠᠨ ᠠ᠋ᠴᠠ ᠲᠣᠬᠢᠲᠠᠢ ᠭᠡᠷ ᠲᠦ᠍ ᠪᠠᠢᠩᠭᠤ ᠳᠤᠯᠠᠭᠠᠨ ᠰᠠᠭᠤᠵᠤ ᠪᠠᠢᠬᠤ ᠨᠢ ᠬᠥᠮᠦᠨ ᠳ᠋ᠦ᠍ ᠵᠢᠷᠭᠠᠯ ᠪᠢᠵᠡ ᠳᠡ᠃ ᠲᠡᠭᠡᠭᠡᠳ ᠬᠣᠭᠣᠯᠠ ᠨᠢ ᠨᠣᠭᠣᠭ᠎ᠠ᠃  
       — ᠮᠢᠬ᠎ᠠ᠂ ᠰᠦ ᠡᠴᠡ ᠨᠣᠭᠣᠭ᠎ᠠ ᠢᠯᠡᠭᠦᠦ ᠴᠢᠨᠠᠷᠲᠠᠢ ᠭᠡᠵᠢ ᠤᠤ? ᠪᠢ ᠡᠰᠡ ᠦᠨᠡᠮᠰᠢᠨ᠎ᠡ᠃ 
       — ᠮᠢᠬ᠎ᠠ᠂ ᠰᠦ ᠴᠢᠨᠢ ᠨᠣᠭᠣᠭᠠᠨ ᠤ᠋ ᠰᠢᠮ᠎ᠡ ᠰᠢᠦ᠃ ᠲᠠ ᠪᠣᠳᠣ ᠯᠠ ᠳᠠ! ᠨᠣᠭᠣᠭ᠎ᠠ ᠢᠳᠡᠵᠦ ᠦᠨᠢᠶ᠎ᠡ ᠰᠦ ᠣᠷᠣᠳᠠᠭ᠂ ᠬᠣᠨᠢ ᠲᠠᠷᠭᠤᠯᠠᠳᠠᠭ ᠪᠢᠵᠡ ᠳᠡ᠃ ᠮᠢᠬ᠎ᠠ ᠰᠦ ᠴᠢᠨᠢ ᠨᠣᠭᠣᠭ᠎ᠠ ᠯᠠ ᠪᠠᠢᠭ᠎ᠠ ᠶᠤᠮ᠃ 
       — ᠡᠨᠡ ᠡᠪᠦᠭᠡᠨ ᠨᠣᠭᠣᠭᠠᠨ ᠤ᠋ ᠪᠤᠶᠠᠨ ᠢ᠋ᠶ᠋ᠠᠷ ᠡᠢᠮᠦ ᠬᠥᠩᠭᠡᠨ ᠰᠢᠩᠭᠡᠨ ᠪᠠᠢᠨ᠎ᠠ ᠭᠡᠵᠢ ᠤᠤ? 
       — ᠪᠠᠷᠤᠭ ᠯᠠ ᠲᠡᠢᠮᠦ᠃ ᠲᠡᠭᠡᠬᠦ ᠳ᠋ᠦ᠍ ᠪᠡᠨ ᠤᠭ ᠬᠥᠮᠦᠨ ᠦ᠌ ᠶᠠᠰᠤ ᠴᠢᠭᠢᠷᠠᠭ᠂ ᠪᠠᠰᠠ ᠲᠠᠩᠨᠠᠨ ᠬᠥᠳᠡᠯᠬᠦ ᠰᠤᠷᠭᠠᠭᠤᠯᠢ ᠬᠢᠵᠦ ᠪᠡᠶ᠎ᠡ ᠪᠡᠨ ᠴᠢᠭᠢᠷᠠᠭᠵᠢᠭᠤᠯᠤᠨ ᠪᠠᠢᠭ᠎ᠠ ᠪᠢᠵᠡ᠃  
       — ᠵᠠ ᠣᠢᠯᠠᠭᠠᠯ᠎ᠠ᠃ ᠡᠨᠡ ᠡᠪᠦᠭᠡᠨ ᠶᠠᠭᠤᠮ᠎ᠠ ᠪᠦᠭᠦᠳᠡ ᠶ᠋ᠢ ᠠᠭᠠᠷ ᠠ᠋ᠴᠠ ᠪᠣᠢ ᠪᠣᠯᠭᠠᠵᠤ ᠪᠠᠢᠨ᠎ᠠ᠃ ᠳ᠋ᠧᠩᠯᠦ ᠨᠢ ᠶᠡᠬᠡ ᠰᠢᠳᠢᠲᠡᠢ ᠶᠦᠮ ᠰᠢᠪ᠃ ᠠᠶ᠎ᠠ ᠦᠭᠡᠢ ᠪᠣᠯ ᠬᠥᠮᠦᠨ ᠦ᠌ ᠰᠠᠨᠠᠭ᠎ᠠ ᠶ᠋ᠢ ᠴᠦ᠍ ᠳᠠᠯᠳᠠ ᠠ᠋ᠴᠠ ᠮᠡᠳᠡᠵᠦ ᠴᠢᠳᠠᠬᠤ ᠶᠠᠩᠵᠤᠲᠠᠢ ᠪᠠᠢᠨ᠎ᠠ᠃ ᠲᠤᠩ ᠭᠠᠢᠬᠠᠯᠲᠠᠢ ᠶᠤᠮ᠃ ᠶᠠᠭᠠᠬᠢᠬᠤ ᠪᠠᠷ ᠢ᠋ᠶ᠋ᠠᠨ ᠠᠯᠠᠭ᠎ᠠ ᠪᠠᠨ ᠨᠢᠭᠡ ᠲᠠᠰᠢᠬᠤ ᠳ᠋ᠤ᠌ ᠯᠠ ᠬᠣᠭᠣᠰᠣᠨ ᠰᠠᠪᠠᠨ ᠳᠣᠲᠣᠷ᠎ᠠ ᠤᠰᠤ᠂ ᠴᠡᠴᠡᠭ ᠪᠣᠢ ᠪᠣᠯᠳᠠᠭ ᠪᠠᠢᠨ᠎ᠠ ᠪᠣᠢ? ᠠᠶᠤᠮᠠᠷ ᠴᠦ᠍ ᠶᠤᠮ ᠰᠢᠭ᠋᠃  
       ᠲᠡᠷᠡ ᠳ᠋ᠧᠩᠯᠦ ᠶ᠋ᠢᠨ ᠤᠯᠠᠭᠠᠨ ᠭᠡᠷᠡᠯ ᠡᠴᠡ ᠯᠡ ᠬᠠᠮᠤᠭ ᠶᠠᠭᠤᠮ᠎ᠠ ᠪᠣᠢ ᠪᠣᠯᠤᠭᠠᠳ ᠪᠠᠢᠬᠤ ᠰᠢᠭ᠋᠁ ᠭᠡᠰᠡᠨ ᠶᠠᠷᠢᠶ᠎ᠠ ᠪᠣᠯᠵᠤ᠂ ᠶᠡᠬᠡ ᠵᠠᠬᠢᠷᠤᠭᠴᠢ ᠶ᠋ᠢᠨ ᠬᠠᠲᠤᠳ ᠬᠥᠭᠵᠢᠯᠳᠦᠨ ᠢᠨᠢᠶᠡᠯᠳᠦᠵᠦ᠂ ᠯᠣᠯᠣᠢ ᠠᠪᠠᠭᠠᠢ ᠶ᠋ᠢᠨ ᠳᠠᠭᠤ ᠪᠤᠰᠤᠳ ᠠ᠋ᠴᠠ ᠢᠯᠭᠠᠷᠠᠨ ᠲᠣᠳᠣᠷᠠᠵᠤ ᠰᠣᠨᠣᠰᠤᠭᠳᠠᠨ᠎ᠠ᠃ ᠲᠡᠷᠡ ᠠᠪᠠᠭᠠᠢ《ᠪᠢ ᠡᠨᠳᠡ ᠪᠠᠢᠨ᠎ᠠ》 ᠭᠡᠵᠦ ᠯᠡ ᠥᠪᠡᠷ ᠢ᠋ ᠪᠡᠨ ᠮᠡᠳᠡᠭᠦᠯᠬᠦ ᠭᠡᠰᠡᠨ ᠶᠦᠮ ᠰᠢᠭ ᠬᠠᠮᠢᠭ᠎ᠠ ᠶᠠᠪᠤᠭᠰᠠᠨ ᠭᠠᠵᠠᠷ ᠳᠤ ᠪᠠᠨ ᠴᠢᠩᠭ᠎ᠠ ᠳᠠᠭᠤ ᠪᠠᠷ ᠶᠠᠷᠢᠵᠤ᠂ ᠢᠨᠢᠶᠡᠳᠡᠭ ᠪᠢᠯᠡ᠃  
       ᠬᠤᠪᠢᠯᠠᠢ ᠵᠠᠬᠢᠷᠤᠭᠴᠢ ᠰᠣᠨᠢᠷᠬᠠᠭᠤᠯᠤᠭᠰᠠᠨ ᠶᠧᠯᠸᠢ ᠶ᠋ᠢᠨ ᠭᠠᠢᠬᠠᠮᠰᠢᠭ ᠢ᠋ ᠲᠠᠭᠠᠯᠠᠵᠤ ᠦᠵᠡᠭᠡᠳ《ᠬᠢᠲᠠᠳ ᠬᠥᠮᠦᠰ ᠴᠦ᠍ ᠦᠨᠡᠨ ᠳ᠋ᠦ᠍ ᠪᠡᠨ ᠬᠡᠯᠡᠵᠦ ᠪᠠᠷᠠᠰᠢ ᠦᠭᠡᠢ ᠶᠡᠬᠡ ᠰᠣᠶᠣᠯ ᠲᠠᠢ᠂ ᠥᠪᠡᠷ ᠦ᠋ᠨ ᠭᠡᠰᠡᠨ ᠵᠠᠩ ᠴᠢᠨᠠᠷᠲᠠᠢ ᠶᠤᠮ᠃ ᠪᠢ ᠤᠯᠠᠮ ᠤᠯᠠᠮ ᠯᠠ ᠮᠡᠳᠡᠷᠡᠵᠦ ᠪᠠᠢᠨ᠎ᠠ᠁》 ᠭᠡᠮᠡᠨ ᠪᠣᠳᠣᠵᠤ ᠪᠠᠢᠯ᠎ᠠ᠃ 
     《ᠲᠡᠭᠡᠭᠡᠳ ᠡᠳᠡᠨ ᠦ᠌ ᠳᠠᠯᠳᠠ ᠰᠠᠨᠠᠭ᠎ᠠ᠂ ᠣᠪᠯᠢᠭ ᠤᠬᠠᠭᠠᠨ᠂ ᠪᠡᠶ᠎ᠡ ᠪᠡᠨ ᠰᠠᠨᠠᠵᠤ ᠳᠠᠯᠳᠠᠯᠠᠭᠰᠠᠨ ᠠᠷᠭ᠎ᠠ ᠨᠢ ᠪᠠᠷᠠᠭᠳᠠᠰᠢ ᠦᠭᠡᠢ ᠪᠠᠢᠬᠤ ᠶᠤᠮ᠃ ᠡᠨᠡ ᠶᠧᠯᠸᠢ ᠰᠢᠭ ᠢ᠋ᠶ᠋ᠡᠨ ᠯᠡ ᠬᠥᠮᠦᠨ ᠡᠴᠡ ᠶᠠᠭᠤᠮ᠎ᠠ ᠪᠠᠨ ᠨᠢᠭᠤᠵᠤ ᠴᠢᠳᠠᠳᠠᠭ ᠨᠢ ᠪᠦᠷ ᠭᠠᠢᠬᠠᠯᠲᠠᠢ᠃ ᠵᠣᠣ ᠣᠪᠣᠭᠲᠤ〈ᠪᠠᠭᠰᠢ〉 ᠨᠠᠳᠠᠳᠤ ᠭᠬᠢᠷ ᠦᠭᠡᠢ ᠦᠨᠡᠨᠴᠢ ᠰᠡᠳᠬᠢᠯ ᠢ᠋ᠶ᠋ᠡᠷ ᠬᠠᠨᠳᠤᠳᠠᠭ᠃ ᠨᠠᠮᠠᠶ᠋ᠢ ᠢᠲᠡᠭᠡᠳᠡᠭ᠃ ᠲᠡᠭᠡᠬᠦ ᠳ᠋ᠦ᠍ ᠪᠠᠨ ᠯᠠ ᠬᠢᠲᠠᠳ ᠰᠠᠨᠠᠭ᠎ᠠ ᠪᠠᠨ ᠣᠷᠬᠢᠭ᠎ᠠ ᠦᠭᠡᠢ ᠰᠢᠦ᠃ ᠲᠡᠭᠡᠪᠡᠯ ᠪᠢ ᠴᠦ᠍ ᠮᠣᠩᠭᠣᠯ ᠰᠠᠨᠠᠭ᠎ᠠ ᠪᠠᠨ ᠪᠠᠰᠠ ᠣᠷᠬᠢᠬᠤ ᠦᠭᠡᠢ ᠶᠠᠪᠤᠵᠤ ᠳᠥᠩᠭᠡᠬᠦ ᠪᠠᠢᠯ ᠦᠭᠡᠢ》 ᠭᠡᠵᠦ ᠠᠮᠠᠨ ᠳᠣᠲᠣᠷ᠎ᠠ ᠪᠠᠨ ᠥᠭᠡᠯᠡᠨ᠂ ᠥᠪᠡᠷ ᠲᠡᠢ ᠪᠡᠨ ᠶᠠᠷᠢᠵᠤ ᠪᠠᠢᠯ᠎ᠠ᠃ 
       ᠲᠣᠭᠯᠠᠯᠲᠠ ᠲᠡᠭᠦᠰᠴᠦ ᠦᠵᠡᠭᠴᠢ ᠬᠥᠮᠦᠰ ᠲᠡᠷᠡ ᠶᠧᠯᠸᠢᠴᠢᠨ ᠨᠦ᠍ᠭᠦᠳ ᠲᠦ᠍ ᠲᠠᠯᠠᠷᠬᠠᠯ ᠢᠯᠡᠷᠬᠡᠢᠯᠡᠨ ᠲᠠᠷᠬᠠᠬᠤ ᠳ᠋ᠤ᠌ ᠪᠠᠨ ᠬᠤᠪᠢᠯᠠᠢ ᠯᠣᠯᠣᠢ ᠠᠪᠠᠭᠠᠢ ᠲᠠᠢ ᠤᠴᠠᠷᠠᠨ᠂ ᠰᠥᠨᠢ ᠶ᠋ᠢᠨ ᠶᠠᠪᠤᠳᠠᠯ ᠢ᠋ᠶ᠋ᠠᠨ ᠶᠠᠷᠢᠯᠴᠠᠬᠤ ᠵᠠᠪᠰᠠᠷ ᠲᠤ 《ᠳ᠋ᠧᠩᠯᠦ ᠶ᠋ᠢᠨ ᠢᠳᠢ ᠰᠢᠳᠢ ᠪᠣᠯ ᠬᠤᠳᠠᠯ ᠬᠣᠭᠣᠰᠣᠨ ᠭᠡᠬᠦ ᠤᠤ᠂ ᠬᠢᠲᠠᠳ ᠤ᠋ᠨ ᠥᠪᠡᠷ ᠦ᠋ᠨ ᠬᠢᠨᠢ ᠰᠠᠨᠠᠭ᠎ᠠ ᠪᠣᠳᠣᠯ ᠢ᠋ ᠰᠢᠭᠤᠳ ᠲᠤᠰᠬᠠᠭᠰᠠᠨ ᠵᠦᠢᠯ᠃ ᠪᠢ ᠬᠢᠲᠠᠳ ᠬᠥᠮᠦᠨ ᠲᠡᠢ ᠶᠠᠷᠢᠯᠴᠠᠬᠤ ᠳ᠋ᠤ᠌ ᠪᠠᠨ ᠡᠨᠡ ᠶᠧᠯᠸᠢ ᠶ᠋ᠢ ᠪᠣᠳᠣᠵᠤ ᠶᠠᠪᠤᠬᠤ ᠶᠣᠰᠣᠲᠠᠢ ᠪᠢᠵᠡ》 ᠭᠡᠳ ᠵᠠᠬᠢᠷᠤᠭᠴᠢ ᠪᠠᠰᠠ ᠥᠪᠡᠷ ᠲᠦ᠍ ᠪᠡᠨ ᠬᠡᠯᠡᠵᠦ ᠪᠠᠢᠪᠠ᠃  
       ᠬᠤᠪᠢᠯᠠᠢ ᠶ᠋ᠢ ᠠᠰᠠᠷ ᠲᠤ ᠪᠠᠨ ᠢᠷᠡᠬᠦ ᠳ᠋ᠦ᠍ ᠨᠢ ᠪᠦᠬᠦ ᠲᠦᠰᠢᠮᠡᠳ᠂ ᠴᠡᠷᠢᠭ ᠦ᠋ᠨ ᠨᠣᠶᠠᠳ ᠲᠠᠷᠬᠠᠭᠠᠳ ᠶᠠᠪᠤᠴᠢᠬᠠᠭᠰᠠᠨ᠂ ᠵᠣᠣ ᠣᠪᠣᠭᠲᠤ ᠪᠠᠭᠰᠢ ᠴᠦ᠍ ᠪᠠᠢᠷᠢᠨ ᠳ᠋ᠤ᠌ ᠪᠠᠨ ᠣᠴᠢᠬᠤ ᠪᠠᠷ ᠶᠠᠪᠤᠭᠰᠠᠨ ᠤᠴᠢᠷ ᠡᠯ ᠬᠤᠯᠤᠢ ᠣᠷᠬᠢᠨ ᠡᠪ ᠦᠭᠡᠢ ᠶᠦᠮ ᠰᠢᠭ ᠪᠠᠢᠯ᠎ᠠ᠃ 
       ᠡᠨᠳᠡ ᠲᠡᠨᠳᠡ ᠨᠠᠭᠠᠰᠢ ᠪᠠᠨ᠂ ᠴᠠᠭᠠᠰᠢ ᠪᠠᠨ ᠭᠡᠰᠡᠨ ᠬᠠᠷᠠᠭᠤᠯ ᠤ᠋ᠨ ᠴᠡᠷᠢᠭ ᠦ᠋ᠨ ᠵᠠᠩᠳᠤᠷᠬᠤ ᠴᠢᠮᠡᠭᠡ ᠰᠣᠨᠣᠰᠤᠭᠳᠠᠨ᠂ ᠳᠤᠩᠰᠢᠭᠤᠷ ᠮᠣᠳᠣ ᠳᠤᠭᠤᠯᠳᠠᠬᠤ ᠲᠡᠳᠦᠢ ᠪᠠᠢᠲᠠᠯ᠎ᠠ ᠯᠣᠯᠣᠢ ᠠᠪᠠᠭᠠᠢ ᠰᠡᠭᠡᠯᠵᠡᠨ ᠰᠡᠭᠡᠯᠵᠡᠭᠰᠡᠭᠡᠷ ᠭᠤᠷᠪᠠᠯᠵᠢᠨ ᠨᠢᠳᠦ ᠪᠡᠨ ᠣᠨᠢᠢᠯᠭᠠᠨ ᠬᠠᠷᠠᠵᠤ᠂ ᠬᠢᠲᠠᠳ ᠴᠠᠭᠠᠨ ᠬᠡᠦᠬᠡᠨ ᠭᠠᠷ ᠲᠤ ᠪᠠᠨ ᠬᠥᠲᠥᠯᠦᠭᠰᠡᠭᠡᠷ ᠵᠠᠬᠢᠷᠤᠭᠴᠢ ᠶ᠋ᠢᠨ ᠠᠰᠠᠷ ᠲᠤ ᠣᠷᠣᠵᠤ ᠢᠷᠡᠪᠡ᠃  
       ᠲᠡᠷᠡ ᠪᠡᠷ ᠬᠥᠭᠵᠢᠶᠡᠨ ᠪᠣᠢ ᠪᠣᠯᠭᠠᠵᠤ᠂ ᠲᠣᠭᠣᠭᠠᠴᠢ ᠯᠤᠤᠬᠠᠨ ᠢ᠋ᠶ᠋ᠠᠷ ᠰᠢᠬᠢᠷ ᠵᠢᠮᠢᠰ ᠰᠡᠯᠲᠡ ᠶ᠋ᠢ ᠰᠢᠷᠡᠭᠡᠨ ᠳ᠋ᠦ᠍ ᠵᠠᠰᠠᠭᠤᠯᠤᠯ᠎ᠠ᠃  

          ᠦᠰᠦᠭ ᠠᠮᠢᠯᠠᠭᠤᠯᠤᠭᠰᠠᠨ ᠨᠢ᠄ ᠭᠠᠷᠮ᠎ᠠ᠂ ᠳᠠᠪᠰᠢᠯᠲᠤ᠂ ᠴᠣᠯᠮᠣᠨᠲᠤᠶᠠᠭ᠎ᠠ