ᠬᠦᠯᠦᠭ ᠦ᠋ᠨ ᠴᠤᠤᠷᠢᠶ᠎ᠠ ᠲᠠᠢ ᠨᠤᠲᠤᠭ -ᠮᠥᠩᠭᠥᠨᠱᠠᠭᠠᠢKhülgiin tsuuraitai nutag-N.Möngönshagai Хүлгийн цуурайтай нутаг-Н.Мөнгөншагай
ᠬᠦᠯᠦᠭ ᠦ᠋ᠨ ᠴᠤᠤᠷᠢᠶ᠎ᠠ ᠲᠠᠢ ᠨᠤᠲᠤᠭ
ᠦᠭᠡ᠄ ᠳ· ᠰᠦᠷᠥ᠋ᠩ
ᠠᠶ᠎ᠠ᠄ ᠨ· ᠶᠠᠩᠬᠢᠭ
ᠳᠠᠭᠤᠴᠢᠨ᠄ ᠮᠥᠩᠭᠥᠨᠱᠠᠭᠠᠢ
ᠵᠡᠭᠡᠰᠦᠲᠡᠢ ᠨᠠᠭᠤᠷ ᠤ᠋ᠨ ᠴᠡᠩᠬᠡᠷ ᠮᠠᠨᠳᠠᠯ
ᠰᠢᠪᠠᠭᠤᠳ ᠨᠢ ᠴᠢᠭᠤᠯᠤᠭᠰᠠᠨ ᠲᠣᠭᠣᠷᠢᠮ ᠪᠦᠷᠢᠳᠦ ᠨᠦ᠍ᠭᠦᠳ
ᠵᠡᠷᠭᠡᠯᠭᠡ ᠲᠠᠲᠠᠭᠰᠠᠨ ᠲᠠᠯ᠎ᠠ ᠨᠤᠲᠤᠭ ᠲᠠᠭᠠᠨ
ᠠᠵᠢᠷᠭ᠎ᠠ ᠠᠵᠢᠷᠭ᠎ᠠ ᠪᠠᠷ ᠠᠳᠤᠭᠤ ᠨᠢ ᠢᠳᠡᠰᠢᠯᠡᠭᠰᠡᠨ
ᠤᠬᠠᠭᠠᠨᠲᠤ ᠮᠡᠷᠭᠡᠳ ᠦ᠋ᠨ ᠬᠦᠯᠦᠭ ᠦ᠋ᠨ ᠴᠤᠤᠷᠢᠶ᠎ᠠ ᠲᠠᠢ
ᠬᠠᠳᠠᠨ ᠳ᠋ᠤ᠌ ᠪᠠᠨ ᠰᠡᠶ᠋ᠢᠯᠦᠭᠡᠲᠡᠢ ᠮᠣᠷᠢᠳ ᠤ᠋ᠨ ᠮᠥᠷ ᠲᠠᠢ
ᠤᠯᠤᠰ ᠤ᠋ᠨ ᠨᠠᠭᠠᠳᠤᠮ ᠤ᠋ᠨ ᠲᠦᠷᠦᠭᠦᠦ ᠮᠠᠩᠯᠠᠢ
ᠰᠡᠳᠬᠢᠯ ᠳ᠋ᠦ᠍ ᠮᠥᠩᠬᠡᠷᠡᠭᠰᠡᠨ ᠬᠠᠳᠠᠭ ᠤ᠋ᠨ ᠰᠠᠴᠤᠯᠢ ᠲᠠᠢ
ᠲᠡᠭᠡ ᠶ᠋ᠢᠨ ᠵᠣᠭᠰᠣᠭᠠᠯ ᠰᠢᠭ᠋ ᠲᠠᠯ᠎ᠠ ᠳ᠋ᠤ᠌ ᠪᠠᠨ ᠲᠣᠳᠣᠷᠠᠭᠰᠠᠨ
ᠪᠥᠵᠥᠩ ᠦ᠋ᠨ ᠬᠠᠷ᠎ᠠ ᠠᠭᠤᠯᠠ ᠬᠠᠢᠷᠬᠠᠨ ᠠᠭᠤᠯᠠᠰ
ᠲᠡᠦᠬᠡ ᠶ᠋ᠢᠨ ᠪᠤᠭᠤᠷᠤᠯ ᠡᠪᠦᠭᠡᠳ ᠦ᠋ᠨ ᠨᠤᠲᠤᠭ ᠲᠠᠭᠠᠨ
ᠮᠠᠯ ᠰᠦᠷᠦᠭ ᠨᠢ ᠪᠠᠭᠰᠢᠷᠠᠨ ᠥᠰᠦᠨ᠎ᠡ
ᠤᠬᠠᠭᠠᠨᠲᠤ ᠮᠡᠷᠭᠡᠳ ᠦ᠋ᠨ ᠬᠦᠯᠦᠭ ᠦ᠋ᠨ ᠴᠤᠤᠷᠢᠶ᠎ᠠ ᠲᠠᠢ
ᠬᠠᠳᠠᠨ ᠳ᠋ᠤ᠌ ᠪᠠᠨ ᠰᠡᠶ᠋ᠢᠯᠦᠭᠡᠲᠡᠢ ᠮᠣᠷᠢᠳ ᠤ᠋ᠨ ᠮᠥᠷ ᠲᠠᠢ
ᠤᠯᠤᠰ ᠤ᠋ᠨ ᠨᠠᠭᠠᠳᠤᠮ ᠤ᠋ᠨ ᠲᠦᠷᠦᠭᠦᠦ ᠮᠠᠩᠯᠠᠢ
ᠰᠡᠳᠬᠢᠯ ᠳ᠋ᠦ᠍ ᠮᠥᠩᠬᠡᠷᠡᠭᠰᠡᠨ ᠬᠠᠳᠠᠭ ᠤ᠋ᠨ ᠰᠠᠴᠤᠯᠢ ᠲᠠᠢ
ᠥᠭᠭᠦᠭᠡᠵᠢ ᠪᠤᠶᠠᠨ ᠤ᠋ ᠰᠦᠨ ᠰᠠᠴᠤᠯᠢ ᠲᠠᠢ
ᠥᠨᠳᠥᠷ ᠭᠡᠭᠡᠨ ᠦ᠌ ᠱᠦᠩᠰᠢᠯᠭᠡᠲᠦ ᠠᠭᠤᠯᠠ
ᠥᠭᠡᠳᠡ ᠪᠡᠨ ᠪᠣᠰᠤᠭ᠎ᠠ ᠬᠡᠢᠮᠣᠷᠢ ᠳᠠᠯᠠᠯᠤᠭᠰᠠᠨ
ᠥᠨᠵᠢᠭᠦᠯ ᠠᠭᠤᠯᠠᠨ ᠳ᠋ᠤ᠌ ᠪᠠᠨ ᠳᠠᠭᠠᠳᠬᠠᠨ ᠵᠠᠯᠪᠠᠷᠢᠶ᠎ᠠ
ᠤᠬᠠᠭᠠᠨᠲᠤ ᠮᠡᠷᠭᠡᠳ ᠦ᠋ᠨ ᠬᠦᠯᠦᠭ ᠦ᠋ᠨ ᠴᠤᠤᠷᠢᠶ᠎ᠠ ᠲᠠᠢ
ᠬᠠᠳᠠᠨ ᠳ᠋ᠤ᠌ ᠪᠠᠨ ᠰᠡᠶ᠋ᠢᠯᠦᠭᠡᠲᠡᠢ ᠮᠣᠷᠢᠳ ᠤ᠋ᠨ ᠮᠥᠷ ᠲᠡᠢ
ᠤᠯᠤᠰ ᠤ᠋ᠨ ᠨᠠᠭᠠᠳᠤᠮ ᠤ᠋ᠨ ᠲᠦᠷᠦᠭᠦᠦ ᠮᠠᠩᠯᠠᠢ
ᠰᠡᠳᠬᠢᠯ ᠳ᠋ᠦ᠍ ᠮᠥᠩᠬᠡᠷᠡᠭᠰᠡᠨ ᠬᠠᠳᠠᠭ ᠤ᠋ᠨ ᠰᠠᠴᠤᠯᠢ ᠲᠠᠢ
ᠤᠬᠠᠭᠠᠨᠲᠤ ᠮᠡᠷᠭᠡᠳ ᠦ᠋ᠨ ᠬᠦᠯᠦᠭ ᠦ᠋ᠨ ᠴᠤᠤᠷᠢᠶ᠎ᠠ ᠲᠠᠢ
ᠬᠠᠳᠠᠨ ᠳ᠋ᠤ᠌ ᠪᠠᠨ ᠰᠡᠶ᠋ᠢᠯᠦᠭᠡᠲᠡᠢ ᠮᠣᠷᠢᠳ ᠤ᠋ᠨ ᠮᠥᠷ ᠲᠡᠢ
ᠤᠯᠤᠰ ᠤ᠋ᠨ ᠨᠠᠭᠠᠳᠤᠮ ᠤ᠋ᠨ ᠲᠦᠷᠦᠭᠦᠦ ᠮᠠᠩᠯᠠᠢ
ᠰᠡᠳᠬᠢᠯ ᠳ᠋ᠦ᠍ ᠮᠥᠩᠬᠡᠷᠡᠭᠰᠡᠨ ᠬᠠᠳᠠᠭ ᠤ᠋ᠨ ᠰᠠᠴᠤᠯᠢ ᠲᠠᠢ
ᠰᠡᠳᠬᠢᠯ ᠳ᠋ᠦ᠍ ᠮᠥᠩᠬᠡᠷᠡᠭᠰᠡᠨ ᠬᠠᠳᠠᠭ ᠤ᠋ᠨ ᠰᠠᠴᠤᠯᠢ ᠲᠠᠢ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠦᠰᠦᠭ ᠬᠠᠲᠠᠭᠴᠢ᠄ ᠪᠦᠷᠢᠨᠵᠢᠷᠭᠠᠯ
ᠬᠢᠨᠠᠭᠴᠢ᠄ ᠣᠳᠬᠠᠨᠰᠣ᠎ᠠ
