ᠭᠣᠶᠣᠬᠠᠨ ᠳᠡᠯᠡᠬᠡᠢ -ᠰᠣᠳᠣᠨGoyokhon delkhii-SodonГоёхон дэлхий-Содон
ᠭᠣᠶᠣᠬᠠᠨ ᠳᠡᠯᠡᠬᠡᠢ
ᠦᠭᠡ᠄ ᠰ᠂ ᠦᠯᠵᠠᠢᠪᠠᠶᠠᠷ
ᠠᠶ᠎ᠠ᠄ ᠠᠭᠠᠷ
ᠳᠠᠭᠤᠴᠢᠨ᠄ ᠰᠣᠳᠣᠨ
ᠬᠠᠭᠳᠠ ᠨᠢᠳᠦᠯᠡᠨ ᠬᠥᠬᠡᠷᠡᠭᠰᠡᠨ
ᠬᠠᠩᠰᠢ ᠶ᠋ᠢᠨ ᠡᠳᠦᠷ ᠤᠶᠠᠷᠠᠭᠤᠯᠤᠭᠰᠠᠨ
ᠬᠠᠮᠤᠭ ᠠᠮᠢᠲᠠᠨ ᠢ᠋ ᠲᠥᠯᠵᠢᠭᠦᠯᠦᠭᠰᠡᠨ
ᠬᠠᠪᠤᠷ ᠤ᠋ᠨ ᠳᠡᠯᠡᠬᠡᠢ ᠭᠣᠶᠣᠬᠠᠨ ᠳᠠ
ᠵᠢᠷᠤᠭ ᠤ᠋ᠨ ᠲᠠᠯ᠎ᠠ ᠳ᠋ᠠᠭᠠᠨ ᠵᠤᠭᠠᠯᠠᠭᠤᠯᠤᠭᠰᠠᠨ
ᠵᠤᠯᠵᠠᠭᠠᠨ ᠰᠢᠪᠠᠭᠤ ᠳᠡᠪᠳᠡᠷᠢᠭᠦᠯᠦᠭᠰᠡᠨ
ᠵᠠᠭᠤᠨ ᠴᠡᠴᠡᠭ ᠢᠨᠢᠶᠡᠯᠭᠡᠭᠰᠡᠨ
ᠵᠤᠨ ᠤ᠋ ᠳᠡᠯᠡᠬᠡᠢ ᠭᠣᠶᠣᠬᠠᠨ ᠳᠠ
ᠨᠠᠷᠠᠨ ᠲᠠᠯ᠎ᠠ ᠳ᠋ᠠᠭᠠᠨ ᠨᠠᠭᠠᠳᠤᠭᠤᠯᠤᠭᠰᠠᠨ
ᠨᠠᠪᠴᠢᠨ ᠳᠡᠭᠡᠷ᠎ᠡ ᠪᠡᠨ ᠪᠥᠮᠪᠥᠷᠢᠭᠦᠯᠦᠭᠰᠡᠨ
ᠨᠠᠭᠠᠳᠤᠮ ᠤ᠋ᠨ ᠬᠥᠨᠳᠡᠢ ᠳ᠋ᠦ᠍ ᠣᠷᠣᠯᠳᠣᠭᠤᠯᠤᠭᠰᠠᠨ
ᠨᠠᠮᠤᠷ ᠤ᠋ᠨ ᠳᠡᠯᠡᠬᠡᠢ ᠭᠣᠶᠣᠬᠠᠨ ᠳᠠ
ᠥᠩ ᠲᠡᠢ ᠲᠠᠯ᠎ᠠ ᠳ᠋ᠠᠭᠠᠨ ᠥᠯᠴᠢᠷᠰᠢᠭᠦᠯᠦᠭᠰᠡᠨ
ᠥᠩᠭᠡ ᠳᠡᠪᠡᠯ ᠢ᠋ᠶ᠋ᠡᠷ ᠭᠣᠶᠣᠯᠠᠭᠰᠠᠨ
ᠡᠪᠦᠭᠡᠨ ᠠᠪᠤ ᠶ᠋ᠢᠨ ᠮᠠᠭᠲᠠᠭᠠᠯ ᠰᠢᠭ᠋
ᠡᠪᠦᠯ ᠦ᠋ᠨ ᠳᠡᠯᠡᠬᠡᠢ ᠭᠣᠶᠣᠬᠠᠨ ᠳᠠ
ᠬᠠᠮᠤᠭ ᠠᠮᠢᠲᠠᠨ ᠢ᠋ ᠲᠥᠯᠵᠢᠭᠦᠯᠦᠭᠰᠡᠨ
ᠵᠠᠭᠤᠨ ᠴᠡᠴᠡᠭ ᠢ᠋ ᠢᠨᠢᠶᠡᠯᠭᠡᠭᠰᠡᠨ
ᠨᠠᠭᠠᠳᠤᠮ ᠤ᠋ᠨ ᠬᠥᠨᠳᠡᠢ ᠳ᠋ᠦ᠍ ᠤᠷᠤᠯᠳᠤᠭᠤᠯᠤᠭᠰᠠᠨ
ᠡᠪᠦᠭᠡᠨ ᠠᠪᠤ ᠶ᠋ᠢᠨ ᠮᠠᠭᠲᠠᠭᠠᠯ ᠰᠢᠭ᠋
ᠡᠨᠡ ᠳᠡᠯᠡᠬᠡᠢ ᠭᠣᠶᠣᠬᠠᠨ ᠳᠠ
ᠡᠨᠡ ᠳᠡᠯᠡᠬᠡᠢ ᠭᠣᠶᠣᠬᠠᠨ ᠳᠠ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠬᠢᠨᠠᠭᠴᠢ᠄ ᠪᠤᠤ ᠰᠠᠷᠠᠨ᠎ᠠ
