ᠵᠢᠷᠭᠠᠵᠤ ᠠᠮᠢᠳᠤᠷᠠᠶ᠎ᠠ-ᠠᠩᠬᠠᠪᠠᠶᠠᠷ᠂ ᠴᠠᠩᠴᠠᠯᠳᠤᠯᠮ᠎ᠠЖаргаж амьдаръя-Анхбаяр,Цанцалдлам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠵᠤ ᠠᠮᠢᠳᠤᠷᠠᠶ᠎ᠠ-ᠠᠩᠬᠠᠪᠠᠶᠠᠷ᠂ ᠴᠠᠩᠴᠠᠯᠳᠤᠯᠮ᠎ᠠЖаргаж амьдаръя-Анхбаяр,Цанцалдлам

ᠵᠢᠷᠭᠠᠵᠤ ᠠᠮᠢᠳᠤᠷᠠᠶ᠎ᠠ-ᠠᠩᠬᠠᠪᠠᠶᠠᠷ᠂ ᠴᠠᠩᠴᠠᠯᠳᠤᠯᠮ᠎ᠠЖаргаж амьдаръя-Анхбаяр,Цанцалдлам

ᠠᠩᠭᠢᠯᠠᠯ:ᠳᠠᠭᠤᠤ ᠬᠥᠭᠵᠢᠮ
2026-04-15

530

ᠵᠢᠷᠭᠠᠵᠤ ᠠᠮᠢᠳᠤᠷᠠᠶ᠎ᠠ


       ᠦᠭᠡ ᠄ ᠨ᠂ ᠴᠣᠭᠪᠠᠶᠠᠷ
       ᠠᠶ᠎ᠠ ᠄ ᠠᠷᠢᠭᠤᠨᠲᠤᠩᠭᠠᠯᠠᠭ
       ᠳᠠᠭᠤᠴᠢᠨ ᠄ ᠠᠩᠬᠠᠪᠠᠶᠠᠷ᠂ ᠴᠠᠩᠴᠠᠯᠳᠤᠯᠮ᠎ᠠ

ᠬᠠᠢᠷ᠎ᠠ ᠶ᠋ᠢᠨ ᠲᠠᠪᠢᠯᠠᠩ ᠲᠠᠢ ᠡᠨᠡ ᠯᠡ ᠣᠷᠴᠢᠯᠠᠩ ᠳ᠋ᠤ᠌ ᠪᠠᠨ
ᠬᠠᠨᠢᠰᠠᠨ ᠵᠢᠷᠭᠠᠵᠤ ᠳᠠᠭᠤᠯᠠᠵᠤ ᠠᠮᠢᠳᠤᠷᠠᠶ᠎ᠠ
ᠣᠩᠭᠣᠳ ᠬᠡᠢᠮᠣᠷᠢ ᠶ᠋ᠢᠨ ᠴᠡᠩᠬᠡᠷ ᠣᠷᠴᠢᠯᠠᠩ ᠳ᠋ᠤ᠌ ᠪᠠᠨ
ᠣᠮᠣᠭ ᠪᠠᠷᠳᠠᠮ ᠭᠢᠯᠠᠯᠵᠠᠵᠤ ᠠᠮᠢᠳᠤᠷᠠᠶ᠎ᠠ
ᠬᠦᠰᠡᠯ ᠮᠥᠷᠥᠭᠡᠳᠦᠯ ᠦ᠋ᠨ ᠰᠠᠢᠬᠠᠨ ᠣᠷᠴᠢᠯᠠᠩ ᠳ᠋ᠤ᠌ ᠪᠠᠨ
ᠬᠥᠮᠦᠨ ᠬᠥᠮᠦᠨ ᠢ᠋ᠶ᠋ᠡᠨ ᠳᠡᠭᠡᠳᠦᠯᠡᠵᠦ ᠠᠮᠢᠳᠤᠷᠠᠶ᠎ᠠ
ᠠᠴᠢᠯᠠᠯ ᠬᠠᠢᠷ᠎ᠠ ᠶ᠋ᠢᠨ ᠲᠡᠭᠷᠢ ᠣᠷᠴᠢᠯᠠᠩ ᠳ᠋ᠤ᠌ ᠪᠠᠨ
ᠠᠮᠢᠳᠤ ᠶ᠋ᠢᠨ ᠵᠢᠷᠭᠠᠯ ᠢ᠋ ᠡᠳ᠋ᠯᠡᠵᠦ ᠠᠮᠢᠳᠤᠷᠠᠶ᠎ᠠ

ᠨᠠᠷᠠ ᠲᠠᠢ ᠰᠠᠷᠠ ᠲᠠᠢ ᠠᠯᠠᠭ ᠬᠣᠷᠸ᠎ᠠ ᠳ᠋ᠤ᠌ ᠪᠠᠨ
ᠨᠠᠰᠤᠨ ᠲᠤᠷᠰᠢ ᠳ᠋ᠤ᠌ ᠪᠠᠨ ᠬᠠᠢᠷᠠᠯᠠᠵᠤ ᠠᠮᠢᠳᠤᠷᠠᠶ᠎ᠠ
ᠤᠴᠠᠷᠠᠯ ᠢᠷᠦᠭᠡᠯ ᠦ᠋ᠨ ᠭᠡᠭᠡᠨ ᠣᠷᠴᠢᠯᠠᠩ ᠳ᠋ᠤ᠌ ᠪᠠᠨ
ᠤᠬᠠᠭᠠᠨ ᠪᠣᠳᠣᠯ ᠢ᠋ᠶ᠋ᠠᠨ ᠤᠷᠠᠯᠠᠭᠤᠯᠵᠤ ᠠᠮᠢᠳᠤᠷᠠᠶ᠎ᠠ
ᠬᠦᠰᠡᠯ ᠮᠥᠷᠥᠭᠡᠳᠦᠯ ᠦ᠋ᠨ ᠰᠠᠢᠬᠠᠨ ᠣᠷᠴᠢᠯᠠᠩ ᠳ᠋ᠤ᠌ ᠪᠠᠨ
ᠬᠥᠮᠦᠨ ᠬᠥᠮᠦᠨ ᠢ᠋ᠶ᠋ᠡᠨ ᠳᠡᠭᠡᠳᠦᠯᠡᠵᠦ ᠠᠮᠢᠳᠤᠷᠠᠶ᠎ᠠ
ᠠᠴᠢᠯᠠᠯ ᠬᠠᠢᠷ᠎ᠠ ᠶ᠋ᠢᠨ ᠲᠡᠭᠷᠢ ᠣᠷᠴᠢᠯᠠᠩ ᠳ᠋ᠤ᠌ ᠪᠠᠨ
ᠠᠮᠢᠳᠤ ᠶ᠋ᠢᠨ ᠵᠢᠷᠭᠠᠯ ᠢ᠋ ᠡᠳ᠋ᠯᠡᠵᠦ ᠠᠮᠢᠳᠤᠷᠠᠶ᠎ᠠ

ᠰᠠᠷᠠᠭᠤᠯ ᠠᠭᠤᠳᠠᠮ ᠲᠠᠯ᠎ᠠ ᠨᠤᠲᠤᠭ ᠲᠦ  ᠪᠠᠨ
ᠰᠠᠢᠨ ᠢ᠋ ᠵᠥᠩᠨᠡᠵᠦ ᠤᠴᠠᠷᠠᠨ ᠠᠮᠢᠳᠤᠷᠠᠶ᠎ᠠ
ᠡᠭᠦᠯᠡ ᠲᠡᠢ ᠨᠠᠷᠠ ᠲᠠᠢ ᠪᠤᠭᠤᠷᠤᠯ ᠣᠷᠴᠢᠯᠠᠩ ᠳ᠋ᠤ᠌ ᠪᠠᠨ
ᠦᠨᠡᠨ ᠬᠤᠳᠠᠯ ᠢ᠋ ᠵᠠᠭᠠᠭᠯᠠᠵᠤ ᠠᠮᠢᠳᠤᠷᠠᠶ᠎ᠠ
ᠬᠦᠰᠡᠯ ᠮᠥᠷᠥᠭᠡᠳᠦᠯ ᠦ᠋ᠨ ᠰᠠᠢᠬᠠᠨ ᠣᠷᠴᠢᠯᠠᠩ ᠳ᠋ᠤ᠌ ᠪᠠᠨ
ᠬᠥᠮᠦᠨ ᠬᠥᠮᠦᠨ ᠢ᠋ᠶ᠋ᠡᠨ ᠳᠡᠭᠡᠳᠦᠯᠡᠵᠦ ᠠᠮᠢᠳᠤᠷᠠᠶ᠎ᠠ
ᠠᠴᠢᠯᠠᠯ ᠬᠠᠢᠷ᠎ᠠ ᠶ᠋ᠢᠨ ᠲᠡᠭᠷᠢ ᠣᠷᠴᠢᠯᠠᠩ ᠳ᠋ᠤ᠌ ᠪᠠᠨ
ᠠᠮᠢᠳᠤ ᠶ᠋ᠢᠨ ᠵᠢᠷᠭᠠᠯ ᠢ᠋ ᠡᠳ᠋ᠯᠡᠵᠦ ᠠᠮᠢᠳᠤᠷᠠᠶ᠎ᠠ

ᠬᠦᠰᠡᠯ ᠮᠥᠷᠥᠭᠡᠳᠦᠯ ᠦ᠋ᠨ ᠰᠠᠢᠬᠠᠨ ᠣᠷᠴᠢᠯᠠᠩ ᠳ᠋ᠤ᠌ ᠪᠠᠨ
ᠬᠥᠮᠦᠨ ᠬᠥᠮᠦᠨ ᠢ᠋ᠶ᠋ᠡᠨ ᠳᠡᠭᠡᠳᠦᠯᠡᠵᠦ ᠠᠮᠢᠳᠤᠷᠠᠶ᠎ᠠ
ᠠᠴᠢᠯᠠᠯ ᠬᠠᠢᠷ᠎ᠠ ᠶ᠋ᠢᠨ ᠲᠡᠭᠷᠢ ᠣᠷᠴᠢᠯᠠᠩ ᠳ᠋ᠤ᠌ ᠪᠠᠨ
ᠠᠮᠢᠳᠤ ᠶ᠋ᠢᠨ ᠵᠢᠷᠭᠠᠯ ᠢ᠋ ᠡᠳ᠋ᠯᠡᠵᠦ ᠠᠮᠢᠳᠤᠷᠠᠶ᠎ᠠ

      ᠢᠷᠡᠯᠲᠡ᠄  ᠮᠣᠩᠭᠣᠯ ᠳᠠᠭᠤᠤ ᠬᠥᠭᠵᠢᠮ ᠦ᠋ᠨ ᠰᠣᠨᠢᠷᠬᠠᠮᠵᠢ
      ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
      ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
      ᠦᠰᠦᠭ ᠬᠢᠨᠠᠭᠴᠢ᠄ ᠢᠷᠡᠭᠡᠳᠦᠢ