ᠳᠡᠯᠭᠡᠷ ᠨᠠᠢᠷ ᠤᠨ ᠬᠣᠢᠮᠤᠷ Дэлгэр найрын хоймор ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠭᠡᠷ ᠨᠠᠢᠷ ᠤᠨ ᠬᠣᠢᠮᠤᠷ Дэлгэр найрын хоймор

ᠳᠡᠯᠭᠡᠷ ᠨᠠᠢᠷ ᠤᠨ ᠬᠣᠢᠮᠤᠷ Дэлгэр найрын хоймор

ᠠᠩᠭᠢᠯᠠᠯ:ᠳᠠᠭᠤᠤ ᠬᠥᠭᠵᠢᠮ
2022-11-05

792

ᠳᠡᠯᠭᠡᠷ ᠨᠠᠢᠷ ᠤᠨ ᠬᠣᠢᠮᠤᠷ-ᠪᠣᠯᠣᠳᠪᠠᠭᠠᠲᠤᠷ

ᠳᠡᠯᠭᠡᠷ ᠨᠠᠢᠷ ᠤᠨ ᠬᠣᠢᠮᠤᠷ-ᠣᠳᠬᠠᠨᠲᠤᠶᠠᠭ᠎ᠠ

ᠳᠡᠯᠭᠡᠷ ᠨᠠᠶ᠋ᠢᠷ ‍ᠤᠨ ᠬᠣᠶ᠋ᠢᠮᠣᠷ

   ᠦᠭᠡ : ᠠ᠊ ᠂ ᡀᠬᠠᠪᠠ 
   ᠠᠶ᠎ᠠ : ᠪᠢᠮᠪᠠᠵᠠᠪ 

ᠡᠭᠡᠰᠢᠭ ᠵᠡᠭᠡᠭᠯᠡᠬᠦ ᠠᠯᠳᠠᠨ ᠬᠣᠶ᠋ᠢᠮᠣᠷ ᠲᠤ᠌ ᠨᠢ 
ᠨᠠᠰᠤᠲᠠᠨ ᠪᠤᠭᠤᠷᠤᠯ ‍ᠤᠳ ᠨᠠᠯᠠᠢᠨ᠎ᠠ ᠠ᠋
ᠡᠵᠡᠨ ᠬᠣᠢᠮᠤᠷ ᠲᠤ ᠭᠠᠯ ‍ᠤᠨ ᠲᠦᠯᠥ᠍ ᠨᠢ 
ᠥᠭᠡᠳᠡ ᠪᠡᠨ ᠵᠠᠶᠠᠭ᠎ᠠ ᠶ᠋ᠢ ᠵᠥᠩᠨᠡᠵᠦ ᠳᠦᠷᠡᠯᠵᠡᠨ᠎ᠡ ᠠ᠋ 
ᠳᠦᠭᠦᠷᠡᠩ ᠳᠦᠭᠦᠷᠡᠩ ᠪᠡᠯᠡᠭ ᠲᠡᠢ 
ᠳᠡᠯᠭᠡᠷ ᠨᠠᠶ᠋ᠢᠷ ‍ᠤᠨ ᠬᠣᠶ᠋ᠢᠮᠣᠷ ᠪᠠᠶ᠋ᠢᠨ᠎ᠠ ᠬᠥ᠋ 
ᠳᠤᠭᠤᠷ᠎ᠠ ᠳᠤᠭᠤᠷ᠎ᠠ ᠲᠦᠷᠡᠯᠭᠡ ᠲᠡᠢ 
ᠳᠠᠭᠤᠨ ᠬᠠᠳᠠᠭ ᠲᠠᠢ ᠢᠷᠦᠭᠡᠯ ᠪᠠᠶ᠋ᠢᠨ᠎ᠠ ᠬᠥ᠋ 


ᠮᠣᠷᠢᠳ ᠪᠠᠭᠰᠢᠷᠠᠭᠰᠠᠨ ᠤᠶᠠᠭᠠᠨ ᠳᠡᠭᠡᠷ᠎ᠡ ᠨᠢ 
ᠤᠷᠳᠤ ᠶ᠋ᠢᠨ ᠳᠠᠭᠤᠤ ᠨᠠᠷᠠ ᠲᠠᠢ ᠥᠨᠵᠢᠨ᠎ᠡ ᠡ
ᠰᠦᠩ ᠳᠤᠨᠳᠠᠷᠠᠬᠤ ᠦᠭᠡᠢ ᠨᠠᠶ᠋ᠢᠷ ᠳᠡᠭᠡᠷ᠎ᠡ ᠨᠢ 
ᠰᠦᠨ ᠬᠠᠳᠠᠭ ᠲᠠᠢ ᠢᠷᠦᠭᠡᠯ ᠳᠡᠯᠭᠡᠷᠡᠨ᠎ᠡ ᠳ᠋ᠠ 
ᠳᠦᠭᠦᠷᠡᠩ ᠳᠦᠭᠦᠷᠡᠩ ᠪᠡᠯᠡᠭ ᠲᠡᠢ 
ᠳᠡᠯᠭᠡᠷ ᠨᠠᠶ᠋ᠢᠷ ‍ᠤᠨ ᠬᠣᠶ᠋ᠢᠮᠣᠷ ᠪᠠᠶ᠋ᠢᠨ᠎ᠠ ᠬᠥ᠋ 
ᠳᠤᠭᠤᠷ᠎ᠠ ᠳᠤᠭᠤᠷ᠎ᠠ ᠲᠦᠷᠡᠯᠭᠡ ᠲᠡᠢ 
ᠳᠠᠭᠤᠨ ᠬᠠᠳᠠᠭ ᠲᠠᠢ ᠢᠷᠦᠭᠡᠯ ᠪᠠᠶ᠋ᠢᠨ᠎ᠠ ᠬᠥ᠋ 


ᠬᠤᠪᠢᠯᠭᠠᠨ ᠬᠤᠭᠤᠷ ‍ᠤᠨ ᠢᠷᠠᠭᠤ ᠡᠭᠡᠰᠢᠭ ᠨᠢ 
ᠬᠤᠯᠤ ᠲᠠᠢ ᠠᠶ᠋ᠢᠷᠠᠭ ᠪᠢᠳᠡᠷᠲᠤᠨ ᠮᠡᠯᠲᠡᠯᠵᠡᠨ᠎ᠡ 
ᠬᠣᠲᠠᠯᠠ ᠴᠢᠭᠤᠯᠤᠭᠰᠠᠨ ᠲᠡᠭᠷᠢ ᠶ᠋ᠢᠨ ᠳᠣᠣᠷ᠎ᠠ ᠨᠢ 
ᠬᠣᠷᠸ᠋᠎ᠠ ᠢᠷᠠᠭᠤᠰᠴᠤ ᠥᠯᠵᠡᠢ ᠳᠡᠯᠭᠡᠷᠡᠨ᠎ᠡ  
ᠳᠦᠭᠦᠷᠡᠩ ᠳᠦᠭᠦᠷᠡᠩ ᠪᠡᠯᠡᠭ ᠲᠡᠢ 
ᠳᠡᠯᠭᠡᠷ ᠨᠠᠶ᠋ᠢᠷ ‍ᠤᠨ ᠬᠣᠶ᠋ᠢᠮᠣᠷ ᠪᠠᠶ᠋ᠢᠨ᠎ᠠ ᠬᠦ᠋
ᠳᠤᠭᠤᠷ᠎ᠠ ᠳᠤᠭᠤᠷ᠎ᠠ ᠲᠦᠷᠡᠯᠭᠡ ᠲᠡᠢ 
ᠳᠠᠭᠤᠨ ᠬᠠᠳᠠᠭ ᠲᠠᠢ ᠢᠷᠦᠭᠡᠯ ᠪᠠᠶ᠋ᠢᠨ᠎ᠠ ᠬᠥ᠋ 


ᠲᠡᠭᠷᠢ ᠭᠠᠵᠠᠷ ᠬᠥᠮᠥᠨ ᠭᠤᠷᠪᠠ ᠶ᠋ᠢᠨ
ᠲᠡᠭᠰᠢ ᠰᠠᠶ᠋ᠢᠬᠠᠨ ᠤᠴᠠᠷᠠᠯ ᠲᠣᠬᠢᠶᠠᠨ᠎ᠠ ᠠ᠋
ᠰᠥᠯ ᠲᠠᠰᠤᠷᠠᠬᠤ ᠦᠭᠡᠢ ᠨᠠᠮᠤᠷ ᠴᠠᠭ ᠨᠢ 
ᠰᠡᠭᠦᠳᠡᠷ ᠦᠭᠡᠢ ᠰᠡᠳᠬᠢᠯ ᠦ᠋ᠨ ᠢᠷᠦᠭᠡᠯ ᠪᠦᠷᠢᠳᠦᠨ᠎ᠡ ᠳ᠋ᠠ 
ᠳᠦᠭᠦᠷᠡᠩ ᠳᠦᠭᠦᠷᠡᠩ ᠪᠡᠯᠡᠭ ᠲᠡᠢ 
ᠳᠡᠯᠭᠡᠷ ᠨᠠᠶ᠋ᠢᠷ ‍ᠤᠨ ᠬᠣᠶ᠋ᠢᠮᠣᠷ ᠪᠠᠶ᠋ᠢᠨ᠎ᠠ  ᠬᠥ᠋ 
ᠳᠤᠭᠤᠷ᠎ᠠ ᠳᠤᠭᠤᠷ᠎ᠠ ᠲᠦᠷᠡᠯᠭᠡ ᠲᠡᠢ 
ᠳᠠᠭᠤᠨ ᠬᠠᠳᠠᠭ ᠲᠠᠢ ᠢᠷᠦᠭᠡᠯ ᠪᠠᠶ᠋ᠢᠨ᠎ᠠ ᠬᠥ᠋ 
ᠳᠤᠭᠤᠷ᠎ᠠ ᠳᠤᠭᠤᠷ᠎ᠠ ᠲᠦᠷᠡᠯᠭᠡ ᠲᠡᠢ 
ᠳᠠᠭᠤᠨ ᠬᠠᠳᠠᠭ ᠲᠠᠢ ᠢᠷᠦᠭᠡᠯ ᠪᠠᠶ᠋ᠢᠨ᠎ᠠ ᠬᠥ᠋