ᠮᠢᠨᠤ ᠡᠵᠢ -ᠪ ᠪᠠᠭᠠᠲᠤᠷMinii eej-B Baatar Миний ээж-Б Баатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠤ ᠡᠵᠢ -ᠪ ᠪᠠᠭᠠᠲᠤᠷMinii eej-B Baatar Миний ээж-Б Баатар

ᠮᠢᠨᠤ ᠡᠵᠢ -ᠪ ᠪᠠᠭᠠᠲᠤᠷMinii eej-B Baatar Миний ээж-Б Баатар

ᠠᠩᠭᠢᠯᠠᠯ:ᠳᠠᠭᠤᠤ ᠬᠥᠭᠵᠢᠮ
2026-04-14

306


         ᠰᠢᠯᠦᠭ᠄ ᠵ᠂ ᠢᠰᠢᠭᠡᠨᠬᠦᠦ 
         ᠠᠶ᠎ᠠ᠄ ᠶ᠂  ᠨᠢᠮᠠᠰᠠᠢᠬᠠᠨ 
         ᠳᠠᠭᠤᠴᠢᠨ᠄ ᠪ᠂ ᠪᠠᠭᠠᠲᠤᠷ   

 ᠠᠯᠲᠠᠨ ᠳᠡᠯᠡᠬᠡᠢ ᠳ᠋ᠦ᠍ ᠦᠷ᠎ᠡ ᠶ᠋ᠢᠨ ᠪᠦᠪᠡᠢ ᠲᠡᠢ ᠬᠠᠮᠲᠤ ᠵᠠᠶᠠᠭᠠᠭᠰᠠᠨ  
 ᠠᠩᠭᠢᠷ ᠤᠭᠤᠷᠠᠭ ᠢ᠋ᠶ᠋ᠠᠨ ᠰᠢᠮᠡᠭᠦᠯᠦᠨ ᠥᠰᠬᠡᠬᠦ ᠪᠤᠶᠠᠨ ᠲᠠᠢ ᠲᠥᠷᠥᠭᠰᠡᠨ  
 ᠠᠲᠠᠷ ᠬᠡᠭᠡᠷ᠎ᠡ ᠶ᠋ᠢᠨ ᠠᠩᠬᠢᠯᠤᠮ᠎ᠠ ᠴᠡᠴᠡᠭ ᠦ᠋ᠨ ᠦᠨᠦᠷ ᠰᠢᠩᠭᠡᠭᠰᠡᠨ  
 ᠠᠯᠢᠶ᠎ᠠ ᠬᠥᠭᠡᠷᠦᠬᠦᠨ ᠦᠷ᠎ᠡ ᠶ᠋ᠢᠨ ᠢ᠋ᠶ᠋ᠡᠨ ᠳᠠᠭᠤᠨ ᠳ᠋ᠤ᠌ ᠰᠡᠳᠬᠢᠯ ᠪᠠᠶᠠᠰᠤᠭᠰᠠᠨ  
   ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ  
   ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ   

 ᠠᠭᠤᠳᠠᠮ ᠳᠡᠯᠡᠬᠡᠢ ᠳ᠋ᠦ᠍ ᠦᠷ᠎ᠡ ᠶ᠋ᠢᠨ ᠪᠦᠪᠡᠢ ᠲᠡᠢ ᠬᠠᠮᠲᠤ ᠵᠠᠶᠠᠭᠠᠭᠰᠠᠨ  
 ᠤᠷᠤᠭ ᠲᠥᠷᠥᠯ ᠦ᠋ᠨ ᠠᠷᠢᠭᠤᠨ ᠬᠣᠯᠪᠣᠭ᠎ᠠ ᠶ᠋ᠢ ᠴᠢᠨᠳᠠᠮᠤᠨᠢ ᠪᠣᠯᠭᠠᠭᠰᠠᠨ  
 ᠤᠬᠠᠭᠠᠨ ᠪᠣᠳᠣᠯ ᠤ᠋ᠨ ᠪᠣᠯᠣᠷ ᠲᠤᠩᠭᠠᠯᠠᠭ ᠬᠠᠢᠷ᠎ᠠ ᠪᠠᠷ ᠢ᠋ᠶ᠋ᠠᠨ ᠢᠪᠡᠭᠡᠭᠰᠡᠨ  
 ᠠᠭᠤᠵᠢᠮ ᠣᠷᠴᠢᠯᠠᠩ ᠤ᠋ᠨ ᠨᠠᠷᠠᠨ ᠤ᠋ ᠳᠣᠣᠷ᠎ᠠ ᠦᠷ᠎ᠡ ᠪᠡᠨ ᠪᠦᠪᠡᠢᠯᠡᠭᠰᠡᠨ  
   ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ  
   ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ    

 ᠡᠨᠡᠬᠡᠨ ᠳᠡᠯᠡᠬᠡᠢ ᠳ᠋ᠦ᠍ ᠨᠢᠭᠡ ᠪᠡᠷᠬᠡ ᠶ᠋ᠢ ᠪᠡᠶ᠎ᠡ ᠪᠡᠷ ᠢ᠋ᠶ᠋ᠡᠨ ᠲᠤᠭᠤᠯᠤᠭᠰᠠᠨ 
 ᠡᠷᠭᠢᠵᠦ ᠣᠯᠳᠠᠬᠤ ᠦᠭᠡᠢ ᠨᠢᠭᠡᠨ ᠠᠮᠢᠳᠤᠷᠠᠯ ᠢ᠋ ᠬᠦᠦ ᠳ᠋ᠦ᠍ ᠪᠡᠨ ᠬᠠᠢᠷᠠᠯᠠᠭᠰᠠᠨ 
 ᠡᠩᠬᠡ ᠶ᠋ᠢᠨ ᠲᠥᠯᠥᠭᠡ ᠰᠡᠳᠬᠢᠯ ᠵᠢᠷᠦᠬᠡ ᠪᠡᠨ ᠮᠥᠩᠬᠡᠳᠡ ᠵᠣᠷᠢᠭᠤᠯᠤᠭᠰᠠᠨ 
 ᠡᠯᠪᠡᠷᠢᠯ ᠶᠡᠬᠡᠲᠡᠢ ᠡᠵᠢ ᠶ᠋ᠢᠨ ᠢ᠋ᠶ᠋ᠡᠨ ᠠᠴᠢ ᠶ᠋ᠢ ᠬᠡᠵᠢᠶ᠎ᠡ ᠴᠦ᠍ ᠮᠠᠷᠲᠠᠬᠤ ᠦᠭᠡᠢ 
   ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ  
   ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ 
   ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ 
   ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ 
   ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ    

        ᠦᠰᠦᠭ ᠠᠮᠢᠯᠠᠭᠤᠯᠤᠭᠴᠢ᠄ ᠮᠥᠩᠭᠥᠨ  
            ᠬᠢᠨᠠᠭᠴᠢ᠄ ᠲᠦᠮᠡᠨᠴᠡᠴᠭ