ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠵᠢᠷᠭᠤᠳᠤᠭᠠᠷ ᠪᠦᠯᠦᠭ 4-5> Бүлжхэн хатан– [монгол] Дамбын Төрбат <зургадугаар бүлэг 4-5>
ᠪᠦᠯᠵᠢᠬᠢᠨ ᠬᠠᠲᠤᠨ– <ᠵᠢᠷᠭᠤᠳᠤᠭᠠᠷ ᠪᠦᠯᠦᠭ 4-5>
ᠬᠥᠮᠦᠨ ᠦ᠌ ᠮᠠᠭᠤ ᠳ᠋ᠤ᠌ ᠳᠤᠷᠠᠯᠠᠭᠰᠠᠨ ᠬᠠᠷᠠᠴᠤ ᠶᠠᠳᠠᠭᠤᠰ ᠪᠥᠬᠡ ᠶ᠋ᠢᠨ ᠭᠠᠭᠴᠠ ᠮᠣᠳᠣᠨ ᠤ᠋ ᠳᠡᠷᠭᠡᠳᠡ ᠪᠠᠭᠲᠠᠵᠤ ᠶᠠᠳᠠᠨ ᠴᠤᠭᠯᠠᠵᠠᠢ᠃ ᠵᠢᠭᠠᠯ ᠪᠠᠨᠳᠢ ᠨᠠᠷ᠂ ᠭᠣᠳᠣᠭᠣᠷ ᠥᠬᠢᠳ ᠮᠣᠩᠭᠣᠯ ᠬᠥᠮᠦᠨ ᠦᠵᠡᠭᠡ ᠦᠭᠡᠢ ᠰᠢᠬᠠᠮ ᠠᠭᠠᠳ ᠶᠡᠷᠦ ᠨᠢᠭᠤᠷ ᠲᠠᠭᠠᠨ ᠦᠰᠦ ᠲᠡᠢ ᠠᠮᠢᠲᠠᠨ ᠪᠠᠢᠬᠤ ᠪᠣᠯᠤᠭᠤᠵᠠᠢ ᠭᠡᠮᠡᠨ ᠰᠠᠨᠠᠵᠤ ᠶᠠᠪᠤᠭᠰᠠᠨ ᠨᠢ ᠪᠣᠢ᠃ ᠭᠡᠲᠡᠯ᠎ᠡ ᠬᠡᠳᠦ ᠬᠣᠨᠣᠭ ᠤ᠋ᠨ ᠡᠮᠦᠨ᠎ᠡ ᠲᠠᠯ᠎ᠠ ᠬᠡᠭᠡᠷ᠎ᠡ ᠶ᠋ᠢᠨ ᠴᠡᠴᠡᠭ ᠦᠨᠦᠷᠲᠦᠭᠰᠡᠨ ᠶᠡᠬᠡ ᠬᠥᠰᠬᠡ ᠢᠷᠡᠵᠦ᠂ ᠬᠠᠮᠠᠭᠠᠯᠠᠵᠤ ᠢᠷᠡᠭᠰᠡᠨ ᠴᠡᠷᠢᠭ ᠬᠢᠭᠡᠳ ᠬᠠᠮᠠᠭᠠᠯᠠᠭᠤᠯᠵᠤ ᠢᠷᠡᠭᠰᠡᠨ ᠭᠤᠸ᠎ᠠ ᠭᠦᠩᠵᠦ ᠨᠠᠷ ᠢ᠋ ᠱᠠᠪᠠᠢ ᠪᠠᠨ ᠬᠠᠨᠲᠠᠯ᠎ᠠ ᠬᠠᠷᠠᠵᠤ ᠠᠪᠴᠠᠢ᠃ ᠶᠡᠷᠦ ᠥᠪᠡᠷᠰᠡᠳ ᠰᠢᠭ ᠨᠢ᠂ ᠮᠠᠭᠠᠳ ᠴᠤ᠌ ᠦᠭᠡᠢ ᠥᠪᠡᠷᠰᠡᠳ ᠡᠴᠡ ᠨᠢ ᠴᠦ᠍ ᠢᠯᠡᠭᠦᠦ ᠴᠢᠷᠠᠢᠯᠢᠭ᠂ ᠨᠢᠷᠤᠭᠤᠯᠢᠭ ᠤᠯᠤᠰ ᠪᠠᠢᠭᠰᠠᠨ ᠳ᠋ᠤ᠌ ᠪᠠᠬᠠᠨ ᠭᠠᠢᠬᠠᠵᠤ《ᠮᠥᠨ》᠂《ᠪᠢᠰᠢ》 ᠭᠡᠮᠡᠨ ᠮᠠᠷᠭᠤᠯᠳᠤᠭᠰᠠᠨ ᠶᠠᠪᠤᠳᠠᠯ ᠪᠣᠢ ᠶᠤᠮ᠃ ᠭᠡᠲᠡᠯ᠎ᠡ ᠭᠤᠷᠪᠠᠨ ᠭᠣᠣᠯ ᠤ᠋ᠨ ᠮᠣᠩᠭᠣᠯᠴᠤᠳ ᠡᠭᠦᠨ ᠢ᠋ᠶ᠋ᠡᠷ ᠪᠠᠷᠠᠬᠤ ᠦᠭᠡᠢ᠂ ᠬᠠᠭᠠᠨ ᠠᠮᠪᠠᠭᠠᠢ ᠨᠢ ᠬᠦᠷᠲᠡᠯ᠎ᠡ ᠪᠡᠶ᠎ᠡ ᠪᠡᠷ ᠮᠣᠷᠢᠯᠠᠨ ᠢᠷᠡᠭᠰᠡᠨ ᠨᠢ ᠲᠡᠷᠡ ᠶᠤᠮᠰᠠᠨᠵᠠᠢ᠃ ᠬᠡᠵᠢᠶᠡᠨ ᠦ᠌ ᠨᠠᠷᠭᠢᠶᠠᠨᠴᠢ ᠲᠠᠲ᠋ᠠᠷ ᠡᠷᠡᠰ ᠦ᠋ᠨ ᠤᠳᠤᠮ ᠬᠥᠯᠥᠨ ᠳᠠᠯᠠᠢ ᠶ᠋ᠢ ᠴᠠᠯᠭᠢᠲᠠᠯ᠎ᠠ᠂ ᠪᠤᠢᠷ ᠨᠠᠭᠤᠷ ᠢ᠋ ᠪᠤᠴᠠᠯᠲᠠᠯ᠎ᠠ᠂ ᠣᠷᠱᠣᠨ ᠮᠥᠷᠡᠨ ᠢ᠋ ᠣᠷᠭᠢᠯᠲᠠᠯᠠ ᠶᠡᠬᠡ ᠪᠥᠵᠢᠭ ᠴᠡᠩᠭᠡᠭᠡᠨ ᠬᠢᠵᠦ ᠬᠡᠭᠡᠷ᠎ᠡ ᠲᠠᠯ᠎ᠠ ᠶ᠋ᠢᠨ ᠴᠠᠭᠠᠨ ᠰᠡᠳᠬᠢᠯᠲᠦ ᠡᠷᠡᠰ ᠢ᠋ ᠰᠣᠭᠲᠣᠲᠠᠯ᠎ᠠ ᠳᠠᠢᠯᠠᠵᠠᠢ᠃ ᠡᠨᠡ ᠪᠣᠯ ᠲᠡᠳᠡᠨ ᠦ᠌ ᠬᠤᠪᠢ ᠳ᠋ᠤ᠌ ᠦᠬᠦᠯ ᠦ᠋ᠨ ᠪᠥᠵᠢᠭ ᠪᠠᠢᠪᠠ᠃ ᠨᠠᠩᠭᠢᠶᠠᠳ ᠣᠷᠣᠨ ᠤ᠋ ᠵᠠᠬ᠎ᠠ ᠶ᠋ᠢᠨ ᠬᠤᠰᠢᠭᠤᠨ ᠤ᠋ ᠨᠣᠶᠠᠨ ᠢᠰᠬᠡᠳᠡᠭ ᠪᠣᠷᠣ ᠳᠠᠷᠠᠰᠤ ᠤᠰᠤ ᠰᠢᠭ᠋ ᠴᠠᠯᠭᠢᠵᠤ᠂ ᠬᠠᠷ᠎ᠠ ᠳᠠᠷᠠᠰᠤ ᠳᠠᠯᠠᠢ ᠰᠢᠭ ᠳᠠᠪᠠᠯᠭᠠᠯᠠᠵᠤ ᠪᠠᠢᠭᠰᠠᠨ ᠪᠥᠯᠥᠭᠡ᠃ ᠶᠡᠷᠦ ᠨᠠᠩᠭᠢᠶᠠᠳ ᠨᠣᠶᠠᠳ ᠳᠡᠷᠡᠰᠦᠨ ᠳ᠋ᠡᠭᠡᠨ ᠳᠠᠢᠰᠤᠨ ᠢ᠋ᠶ᠋ᠠᠨ ᠵᠢᠪᠦᠭᠦᠯᠵᠦ ᠪᠠᠢ ᠭᠡᠮᠡᠨ ᠢᠰᠬᠡᠳᠡᠭ ᠪᠠᠢᠵᠤ ᠴᠤ᠌ ᠪᠣᠯᠬᠤ ᠶᠤᠮ᠃ ᠭᠡᠲᠡᠯ᠎ᠡ ᠲᠠᠲ᠋ᠠᠷ ᠨᠣᠶᠠᠳ ᠦᠰᠲᠡᠨ ᠡᠴᠡ ᠪᠡᠨ ᠥᠷᠢᠰᠴᠦ ᠥᠪᠡᠷᠰᠡᠳ ᠢ᠋ᠶ᠋ᠡᠨ ᠬᠦᠷᠲᠡᠬᠦ ᠨᠢ ᠨᠣᠳ ᠪᠣᠯᠠᠢ᠃ ᠴᠢᠰᠤᠨ ᠲᠥᠷᠥᠯ ᠦ᠋ᠨ ᠮᠣᠩᠭᠣᠯ ᠨᠣᠶᠠᠳ ᠢ᠋ ᠬᠠᠷᠢ ᠡᠯᠢᠭᠡ ᠶ᠋ᠢᠨ ᠬᠥᠮᠦᠨ ᠳ᠋ᠦ᠍ ᠪᠠᠷᠢᠵᠤ ᠥᠭᠴᠦ ᠭᠣᠣᠯ ᠢ᠋ ᠨᠢ ᠲᠠᠰᠤᠯᠤᠭᠤᠯᠵᠤ᠂ ᠭᠣᠯᠣᠮᠲᠠ ᠶ᠋ᠢ ᠨᠢ ᠰᠠᠮᠤᠷᠤᠭᠤᠯᠤᠭᠠᠳ ᠪᠠᠢᠬᠤ ᠶᠠᠮᠠᠷ ᠯᠠ ᠣᠯᠢᠭ ᠪᠠᠢᠪᠠ ᠭᠡᠵᠦ᠁ ᠡᠨᠡ ᠨᠢᠭᠦᠯᠲᠦ ᠦᠢᠯᠡ ᠳ᠋ᠡᠭᠡᠨ ᠭᠤᠨᠢᠵᠤ᠂ ᠭᠤᠲᠤᠵᠤ ᠬᠥᠯᠴᠥᠭᠦᠦ ᠮᠠᠨᠠᠨ ᠳ᠋ᠤ᠌ ᠤᠮᠪᠠᠬᠤ ᠶ᠋ᠢ ᠶᠠᠭᠠᠷᠠᠳᠠᠭ ᠪᠠᠢᠵᠤ ᠴᠤ᠌ ᠮᠡᠳᠡᠨ᠎ᠡ᠃ ᠶᠡᠷᠦ ᠲᠠᠲᠠᠷ ᠨᠣᠶᠠᠳ ᠤ᠋ᠨ ᠵᠣᠪᠠᠯᠠᠩ ᠶᠡᠬᠡ᠂ ᠡᠨᠡ ᠶᠠᠩᠵᠤ ᠪᠠᠷ ᠢ᠋ᠶ᠋ᠠᠨ ᠪᠣᠯ ᠲᠦᠷᠢᠶᠡᠰᠦᠯᠡᠵᠦ ᠰᠠᠭᠤᠭᠰᠠᠨ ᠨᠤᠲᠤᠭ ᠤ᠋ᠨ ᠢ᠋ᠶ᠋ᠠᠨ ᠵᠣᠯᠢᠶᠠᠨ ᠳ᠋ᠤ᠌ ᠲᠦᠮᠡᠨ ᠡᠷᠦᠬᠡ ᠲᠡᠢ ᠶᠢᠰᠦᠨ ᠲᠠᠲ᠋ᠠᠷ ᠵᠢᠪᠬᠦ ᠪᠢᠵᠡ᠃ ᠣᠳᠣ ᠴᠤ᠌ ᠭᠡᠰᠡᠨ ᠲᠡᠳᠡ ᠪᠠᠰᠠ ᠯᠠ ᠨᠢᠭᠦᠯᠲᠦ ᠦᠢᠯᠡ ᠦᠢᠯᠡᠳᠬᠦ ᠪᠡᠷ ᠴᠤᠭᠯᠠᠭᠠᠳ ᠪᠠᠢᠪᠠ᠃ ᠡᠨᠡ ᠬᠢᠷᠢ ᠬᠦᠷᠢᠶᠡᠨ ᠦ᠌ ᠵᠠᠬ᠎ᠠ ᠳ᠋ᠤ᠌ ᠲᠤᠰᠬᠠᠢᠯᠠᠨ ᠪᠠᠷᠢᠵᠤ ᠵᠡᠭᠦᠦ ᠣᠷᠣᠬᠤ ᠵᠠᠢ ᠦᠭᠡᠢ ᠬᠠᠷᠠᠭᠤᠯ ᠮᠠᠨᠠᠭ᠎ᠠ ᠵᠣᠭᠰᠣᠭᠰᠠᠨ ᠬᠥᠯᠲᠥᠷᠭᠡ ᠲᠡᠢ ᠴᠠᠭᠠᠨ ᠦᠷᠭᠦᠭᠡᠨ ᠡᠴᠡ ᠮᠣᠩᠭᠣᠯ ᠳᠠᠢᠴᠢᠳ ᠢ᠋ ᠲᠠᠭᠤᠵᠤ ᠨᠠᠭᠠᠰᠢᠯᠠᠵᠠᠢ᠃ ᠲᠡᠳᠡᠨ ᠢ᠋ ᠬᠣᠨᠢ ᠬᠣᠯᠪᠣᠵᠤ ᠪᠣᠢ ᠮᠡᠲᠦ ᠭᠠᠷ ᠭᠠᠷ ᠠ᠋ᠴᠠ ᠨᠢ ᠬᠡᠯᠬᠢᠨ ᠦᠬᠦᠯᠦᠭᠦᠲᠡ ᠵᠠᠩᠭᠢᠳᠴᠤ᠂ ᠲᠡᠷᠡ ᠬᠦ᠌ ᠨᠢᠭᠦᠯᠲᠦ ᠣᠯᠣᠰᠣᠨ ᠤ᠋ ᠬᠣᠶᠠᠷ ᠦᠵᠦᠭᠦᠷ ᠢ᠋ ᠴᠢᠪᠢᠯᠲᠦ ᠴᠢᠷᠠᠢ ᠳ᠋ᠤᠨᠢ ᠬᠢᠯᠢᠩ ᠲᠣᠳᠣᠷᠠᠭᠰᠠᠨ ᠲᠠᠲ᠋ᠠᠷ ᠡᠷᠡᠰ ᠪᠠᠲᠤ ᠠᠳᠬᠤᠭᠰᠠᠨ ᠪᠠᠢᠪᠠ᠃ ᠨᠠᠢᠷ ᠤ᠋ᠨ ᠭᠡᠷ ᠲᠦ᠍ ᠮᠣᠷᠢᠯᠠᠵᠤ ᠢᠷᠡᠭᠡᠳ᠂ ᠬᠡᠭᠦᠷ ᠦ᠋ᠨ ᠭᠠᠵᠠᠷ ᠣᠳᠴᠤ ᠪᠣᠢ ᠮᠣᠩᠭᠣᠯ ᠡᠷᠡᠰ ᠦ᠋ᠨ ᠴᠢᠷᠠᠢ ᠭᠤᠨᠢᠭ ᠲᠠᠢ ᠪᠥᠯᠥᠭᠡ᠃ ᠪᠦᠭᠦᠳᠡ ᠬᠥᠯ ᠨᠢᠴᠦᠭᠦᠨ ᠲᠤᠯᠠ ᠶᠠᠳᠠᠵᠤ ᠰᠢᠷᠣᠢ ᠴᠢᠯᠠᠭᠤ ᠦᠯᠦ ᠱᠠᠷᠵᠢᠭᠢᠨᠠᠬᠤ ᠠᠭᠠᠳ ᠬᠡᠢ ᠦᠵᠡᠭᠳᠡᠯ ᠮᠡᠲᠦ ᠴᠢᠪ ᠴᠢᠮᠡᠭᠡ ᠦᠭᠡᠢ ᠶᠠᠪᠤᠭᠰᠠᠭᠠᠷ ᠴᠤᠭᠯᠠᠨ ᠢᠷᠡᠭᠰᠡᠨ ᠣᠯᠠᠨ ᠤ᠋ ᠳᠤᠮᠳᠠ ᠣᠷᠣᠵᠤ ᠢᠷᠡᠭᠡᠳ ᠵᠣᠭᠰᠣᠪᠠ᠃ ᠢᠯᠠᠭ᠎ᠠ ᠨᠢᠰᠬᠦ ᠰᠣᠨᠣᠰᠳᠠᠮ᠎ᠠ ᠠᠨᠢᠷ ᠦᠭᠡᠢ ᠪᠣᠯᠵᠠᠢ᠃ ᠡᠯᠢᠭᠡ ᠲᠠᠲᠠᠭᠤ ᠴᠠᠷᠺᠢᠯ ᠨᠣᠲᠤᠢ ᠶ᠋ᠢᠨ ᠳᠡᠭᠦᠦ᠂ ᠡᠷᠲᠡᠨ ᠦ᠌ ᠦᠰ ᠬᠣᠨᠵᠢᠩᠲᠤ ᠵᠡᠯᠢᠪᠤᠬᠠ ᠨᠣᠶᠠᠨ᠂
一 ᠠᠮᠪᠠᠭᠠᠢ᠂ ᠴᠢᠮ᠎ᠠ ᠳ᠋ᠤ᠌ ᠨᠤᠲᠤᠭ ᠤ᠋ᠨ ᠵᠦᠭ ᠢᠯᠡᠭᠡᠬᠦ ᠨᠢᠭᠡᠨ ᠡᠯᠴᠢ ᠶ᠋ᠢᠨ ᠠᠮᠢ ᠣᠯᠭᠣᠶ᠎ᠠ᠂ ᠥᠪᠡᠷ ᠦ᠋ᠨ ᠡᠷᠡᠰ ᠦ᠋ᠨ ᠴᠢ ᠬᠡᠨ ᠳ᠋ᠦ᠍ᠨᠢ ᠡᠮᠡᠭᠡᠯ ᠦ᠋ᠨ ᠳᠠᠭᠤᠤ ᠪᠠᠷᠢᠭᠤᠯᠵᠤ ᠡᠯᠢᠭᠡᠨ ᠰᠠᠳᠤᠨ ᠳ᠋ᠠᠭᠠᠨ ᠮᠣᠷᠳᠠᠭᠤᠯᠤᠶᠠ ᠭᠡᠵᠦ ᠪᠣᠳᠣᠵᠤ ᠪᠠᠢᠨ᠎ᠠ ᠳᠠ? ᠭᠡᠪᠡ᠃ ᠠᠮᠪᠠᠭᠠᠢ ᠬᠠᠭᠠᠨ ᠤ᠋ ᠭᠠᠷ ᠬᠦᠯᠢᠶᠡᠲᠡᠢ᠂ ᠨᠢᠳᠦ ᠪᠣᠭᠣᠯᠲᠠ ᠲᠠᠢ ᠲᠤᠯᠠ᠂
一 ᠵᠠᠯᠢᠪᠤᠬᠠ ᠡᠷᠭᠢᠭᠡᠳ ᠢᠷᠡᠬᠦ ᠢᠯᠳᠦᠨ ᠦ᠌ ᠬᠢᠨᠢ ᠢᠷ ᠡᠴᠡ ᠠᠶᠤᠭ᠎ᠠ ᠦᠭᠡᠢ ᠶᠦᠮ ᠪᠣᠯ ᠴᠢ ᠮᠢᠨᠦ ᠡᠷᠡᠰ ᠢ᠋ ᠪᠦᠭᠦᠳᠡ ᠶ᠋ᠢ ᠰᠤᠯᠠᠯᠠᠭᠲᠤᠨ! ᠭᠡᠬᠦ ᠳ᠋ᠦ᠍ ᠵᠠᠯᠢᠪᠤᠬᠠ ᠲᠠᠯ᠎ᠠ ᠶ᠋ᠢᠨ ᠪᠣᠯᠵᠣᠮᠣᠷ ᠰᠣᠴᠢᠵᠤ ᠳᠠᠷᠬᠢᠲᠠᠯᠠ ᠨᠢᠭᠡ ᠶᠡᠬᠡ ᠲᠣᠮᠣ ᠢᠨᠢᠶᠡᠭᠰᠡᠨ ᠢ᠋ᠶ᠋ᠡᠨ᠂
— ᠶᠠᠭᠤ ᠶᠠᠷᠢᠨ᠎ᠠ ᠴᠢ᠂ ᠳᠠᠢᠰᠤᠨ ᠤ᠋ ᠲᠣᠭ᠎ᠠ ᠬᠣᠷᠣᠪᠠᠯ᠂ ᠥᠪᠡᠷ ᠦ᠋ᠨ ᠲᠣᠭ᠎ᠠ ᠨᠡᠮᠡᠭᠳᠡᠳᠡᠭ ᠭᠡᠳᠡᠭ ᠪᠢᠰᠢ ᠤᠤ ᠬᠡᠮᠡᠪᠡ᠃ ᠠᠮᠪᠠᠭᠠᠢ ᠬᠠᠭᠠᠨ ᠡᠷᠡᠳᠡᠭᠦᠦ ᠰᠠᠢᠬᠠᠨ ᠳᠠᠭᠤ ᠪᠠᠨ ᠥᠨᠳᠥᠷᠰᠡᠭᠡᠨ᠂
— ᠳᠠᠯᠠᠨ ᠡᠷ᠎ᠡ ᠨᠠᠮᠠᠶ᠋ᠢ ᠳᠠᠭᠠᠵᠤ ᠭᠠᠷᠤᠭᠰᠠᠨ ᠪᠢᠯᠡ᠃ ᠪᠤᠷᠤᠭᠤ ᠦᠭᠡᠢ ᠡᠷᠡᠰ ᠢ᠋ ᠲᠠᠯᠪᠢᠭᠲᠤᠨ! ᠪᠡᠯᠡᠭ ᠡᠪᠦᠷᠲᠦᠯᠡᠵᠦ ᠢᠷᠡᠭᠰᠡᠨ ᠪᠣᠯᠬᠤ ᠠ᠋ᠴᠠ ᠡᠯᠢᠭᠡ ᠪᠤᠷᠤᠭᠤᠯᠠᠨ ᠢᠷᠡᠭᠡ ᠦᠭᠡᠢ ᠪᠢᠯᠡ᠃ ᠴᠢ ᠰᠤᠯᠠᠯᠠ! ᠬᠠᠷᠢᠨ ᠳᠠᠯᠠᠨ ᠰᠤᠮᠤ ᠴᠢᠨᠢ ᠢᠯᠡᠭᠦᠳᠡᠭᠡᠳ ᠪᠠᠢᠪᠠᠯ ᠠᠮᠢᠨ ᠪᠤᠰᠤ ᠭᠠᠵᠠᠷ ᠮᠢᠨᠢ ᠳᠠᠯᠠᠨ ᠤᠳᠠᠭ᠎ᠠ ᠬᠠᠷᠪᠤᠵᠤ ᠪᠠᠬ᠎ᠠ ᠪᠠᠨ ᠬᠠᠩᠭᠠᠭᠲᠤᠨ! ᠭᠡᠯᠡ᠃ ᠵᠠᠯᠢᠪᠤᠬᠠ ᠳᠣᠭᠣᠭᠢ ᠲᠠᠢ ᠢᠨᠢᠶᠡᠵᠦ᠂
— ᠪᠡᠷᠭᠡᠨ ᠭᠦᠩᠵᠦ ᠪᠡᠨ ᠶᠠᠭᠠᠬᠢᠬᠤ ᠪᠣᠢ᠂ ᠪᠢᠳᠡ? ᠭᠡᠬᠦ ᠳ᠋ᠦ᠍ ᠠᠮᠪᠠᠭᠠᠢ ᠬᠠᠭᠠᠨ ᠤ᠋ ᠬᠣᠭᠣᠯᠠᠢ ᠥᠭᠡᠳᠡ ᠪᠥᠭᠡᠮ ᠬᠠᠷ᠎ᠠ ᠶᠠᠭᠤᠮ᠎ᠠ ᠣᠭᠰᠢᠨ ᠬᠡᠰᠡᠭ ᠵᠠᠭᠤᠷ᠎ᠠ ᠴᠢᠮᠡᠭᠡ ᠲᠠᠰᠤᠷᠠᠪᠠ᠃ ᠬᠡᠯᠡᠬᠦ ᠦᠭᠡ᠂ ᠵᠠᠬᠢᠬᠤ ᠭᠡᠷᠢᠶᠡᠰ ᠵᠥᠩᠳᠡᠭᠡᠨ ᠪᠠᠢᠭᠰᠠᠨ ᠴᠤ᠌ ᠳᠠᠭᠤ ᠰᠠᠭᠠᠷᠠᠯᠳᠤᠨ᠂ ᠬᠣᠭᠣᠯᠠᠢ ᠵᠠᠩᠭᠢᠷᠠᠵᠤ ᠬᠥᠮᠦᠨ ᠳ᠋ᠦ᠍ ᠮᠠᠭᠤ ᠪᠠᠨ ᠦᠵᠡᠭᠦᠯᠴᠢᠬᠡᠬᠦ ᠭᠡᠳ ᠪᠠᠢᠯ᠎ᠠ᠃ ᠵᠠᠯᠢᠪᠤᠬᠠ᠂
— ᠮᠡᠷᠭᠡᠨ ᠬᠠᠭᠠᠨ ᠲᠠ ᠰᠣᠶᠣᠷᠬᠠᠵᠤ ᠬᠠᠢᠷᠠᠯᠠ᠂ ᠪᠦᠲᠦᠨ ᠭᠦᠩᠵᠦ ᠪᠡᠨ ᠪᠢᠳᠡ ᠶᠠᠭᠠᠬᠢᠬᠤ ᠪᠣᠢ⁈ ᠭᠡᠬᠦ ᠳ᠋ᠦ᠍ ᠠᠮᠪᠠᠭᠠᠢ ᠬᠠᠭᠠᠨ᠂
— ᠮᠢᠬ᠎ᠠ ᠴᠢᠰᠤᠨ ᠤ᠋ ᠮᠢᠨᠢ ᠲᠠᠰᠤᠷᠬᠠᠢ ᠪᠢᠯᠡ᠃ ᠲᠥᠷᠥᠭᠦᠯᠵᠦ ᠥᠰᠬᠡᠭᠰᠡᠨ ᠡᠴᠢᠭᠡ ᠬᠠᠭᠠᠨ ᠨᠢ ᠲᠥᠷᠥ ᠶ᠋ᠢᠨ ᠲᠥᠯᠥᠭᠡ ᠠᠮᠢ ᠶ᠋ᠢ ᠨᠢ ᠵᠣᠯᠢᠯᠠ᠃ ᠮᠢᠨᠦ ᠭᠦᠩᠵᠦ ᠨᠠᠮᠠᠶ᠋ᠢ ᠣᠢᠯᠠᠭᠠᠨ᠎ᠠ ᠭᠡᠬᠦ ᠳ᠋ᠦ᠍ ᠴᠢᠮᠡᠭᠡ ᠦᠭᠡᠢ ᠤᠬᠢᠯᠠᠵᠤ ᠰᠠᠭᠤᠭᠰᠠᠨ ᠭᠦᠩᠵᠦ᠂
— ᠬᠠᠭᠠᠨ ᠠᠪᠤ ᠲᠠᠨ ᠤ᠋ ᠲᠦᠮᠡᠨ ᠵᠥᠪ! ᠭᠡᠵᠦ ᠴᠠᠩᠭᠢᠨᠠᠪᠠ᠃ ᠠᠮᠪᠠᠭᠠᠢ ᠶ᠋ᠢᠨ ᠳᠣᠲᠣᠷ᠎ᠠ ᠴᠡᠯᠮᠡᠭᠡᠳ ᠢᠷᠡᠵᠡᠢ᠃《᠁ ᠡᠢᠮᠦ ᠥᠬᠢᠨ ᠲᠥᠷᠥᠭᠦᠯᠦᠭᠰᠡᠨ ᠬᠠᠭᠠᠨ ᠪᠢᠯᠡ᠂ ᠪᠢ》 ᠭᠡᠵᠦ ᠣᠮᠣᠭ ᠪᠠᠷᠳᠠᠮ ᠪᠣᠳᠣᠬᠤ ᠠᠭᠱᠠᠨ ᠳ᠋ᠤ᠌ ᠠᠪᠠᠭ᠎ᠠ ᠨᠣᠶᠠᠨ ᠨᠡᠭᠦᠳᠡᠯ ᠠᠯᠳᠠᠵᠤ ᠬᠣᠵᠢᠭᠳᠠᠭᠰᠠᠨ ᠳ᠋ᠤ᠌ ᠠᠭᠤᠷᠰᠠᠭᠰᠠᠨ ᠲᠡᠮᠦᠵᠢᠨ ᠦᠭᠡ᠂
— ᠠᠢᠯ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ ᠳ᠋ᠤ᠌ ᠤᠨᠠᠭᠠᠵᠤ ᠪᠠᠢᠨ᠎ᠠ! ᠭᠡᠪᠡ᠃ ᠠᠮᠪᠠᠭᠠᠢ ᠶ᠋ᠢᠨ ᠵᠢᠷᠦᠬᠡ ᠶᠣᠭ ᠬᠢᠭᠡᠳ ᠶᠠᠪᠤᠴᠢᠬᠠᠬᠤ ᠠᠭᠱᠠᠨ ᠳ᠋ᠤ᠌ ᠤᠬᠠᠭᠠᠨᠲᠤ ᠪᠤᠭᠤᠷᠤᠯ ᠬᠠᠷᠯᠢ ᠺᠤ ᠬᠠᠲᠤᠨ ᠤ᠋᠂
— ᠮᠢᠨᠦ ᠪᠣᠳᠣᠬᠤ ᠳ᠋ᠤ᠌ ᠬᠠᠭᠠᠨ ᠲᠠᠨ ᠤ᠋ ᠵᠥᠪ ᠮᠡᠲᠦ ᠠ᠋! ᠬᠠᠷᠢᠨ ᠭᠦᠩᠵᠦ ᠬᠡᠮᠡᠨ᠎ᠡ ᠭᠦᠩᠵᠦ ᠪᠡᠨ ᠶᠠᠪᠤᠭᠤᠯᠬᠤ ᠤᠤ? ᠭᠡᠮᠡᠨ ᠠᠰᠠᠭᠤᠭᠰᠠᠨ ᠨᠢ ᠴᠢᠬᠢᠨ ᠳ᠋ᠦ᠍ ᠰᠣᠨᠣᠰᠤᠭᠳᠠᠯ᠎ᠠ᠃ ᠨᠠᠮ ᠭᠦᠮ ᠠᠵᠢ᠃ ᠴᠢᠩᠭᠢᠲᠡᠯ᠎ᠡ ᠲᠩᠷᠢ ᠶ᠋ᠢᠨ ᠴᠡᠩᠬᠡᠷ ᠰᠠᠯᠬᠢ ᠬᠦᠯᠦᠭᠯᠡᠨ ᠬᠥᠩᠬᠥᠷ ᠬᠣᠷᠴᠢ ᠶ᠋ᠢᠨ ᠬᠤᠨ ᠬᠤᠭᠤᠷ ᠤ᠋ᠨ ᠠᠶᠠᠯᠭᠤ ᠳᠠᠭᠤᠷᠢᠰᠴᠤ᠂
— ᠬᠠᠨ ᠤᠯᠤᠰ ᠤᠬᠠᠭᠠᠨ ᠭᠦᠶᠦᠯᠭᠡᠵᠦ
ᠬᠠᠷᠠᠴᠤ ᠶ᠋ᠢᠨ ᠥᠬᠢᠨ ᠲᠡᠪᠡᠷᠢᠭᠦᠯᠦᠭᠰᠡᠨ ᠪᠢᠯᠡ
ᠬᠠᠷ᠎ᠠ ᠮᠥᠷ ᠦ᠋ᠨ ᠨᠢᠭᠦᠯ ᠱᠦᠭᠯᠡᠵᠦ
ᠬᠠᠭᠠᠨ ᠰᠦᠯᠳᠡ ᠭᠣᠳᠣᠢᠭᠰᠠᠨ ᠭᠡᠳᠡᠭ ᠪᠢᠯᠡ ᠭᠡᠵᠦ ᠠᠶᠠᠯᠭᠤᠯᠠᠨ ᠤᠴᠢᠷᠯᠠᠬᠤ ᠨᠢ ᠰᠣᠨᠣᠰᠳᠠᠵᠤ ᠠᠪᠠᠢ᠃ ᠠᠮᠪᠠᠭᠠᠢ ᠬᠠᠭᠠᠨ ᠶᠠᠰᠤ ᠵᠢᠭᠠᠵᠤ᠂
— ᠠᠷᠭ᠎ᠠ ᠪᠠᠷᠠᠭᠰᠠᠨ ᠲᠠ ᠨᠠᠷ ᠤ᠋ᠨ ᠰᠢᠲᠦᠭᠡᠨ ᠠᠯᠲᠠᠨ ᠤᠯᠤᠰ ᠰᠢᠭ᠋ ᠴᠢᠨᠢ ᠮᠠᠭᠤ ᠵᠠᠯᠢ ᠬᠡᠷᠡᠭᠯᠡᠵᠦ ᠬᠠᠭᠠᠨ ᠤ᠋ ᠭᠦᠩᠵᠦ ᠶ᠋ᠢᠨ ᠨᠡᠷ᠎ᠡ ᠪᠡᠷ ᠬᠠᠷᠠᠴᠤ ᠶ᠋ᠢᠨ ᠥᠬᠢᠨ ᠠᠪᠴᠢᠷᠠᠭ᠎ᠠ ᠦᠭᠡᠢ ᠡᠷ᠎ᠡ ᠵᠣᠷᠢᠭ ᠲᠠᠭᠠᠨ ᠬᠢᠯᠠᠢᠵᠤ ᠰᠠᠭᠤᠨ᠎ᠠ᠃ ᠥᠪᠡᠷ ᠦ᠋ᠨ ᠶᠠᠭᠤᠮ᠎ᠠ ᠥᠷᠢ ᠦᠭᠡᠢ ᠭᠡᠳᠡᠭ ᠳᠡ ᠭᠡᠪᠡ᠃ ᠲᠠᠲ᠋ᠠᠷ ᠡᠷᠡᠰ ᠦᠭᠡ ᠶ᠋ᠢᠨ ᠨᠡᠭᠦᠳᠡᠯ ᠬᠣᠵᠢᠵᠤ ᠴᠢᠳᠠᠭᠰᠠᠨ ᠦᠭᠡᠢ ᠪᠣᠯᠠᠢ᠂ ᠵᠠᠯᠢᠪᠤᠬᠠ ᠨᠣᠶᠠᠨ ᠠᠯᠬᠤᠮ ᠪᠦᠷᠢ ᠳ᠋ᠡᠭᠡᠨ ᠱᠠᠯᠠᠭᠠᠨ ᠳ᠋ᠤ᠌ ᠣᠷᠣᠵᠤ ᠨᠡᠭᠦᠳᠡᠯ ᠮᠤᠬᠤᠷᠳᠠᠵᠤ ᠪᠣᠢ ᠲᠤᠯᠠ ᠰᠡᠴᠡ ᠰᠣᠷᠢᠭᠰᠠᠨ ᠦᠭᠡ ᠶ᠋ᠢᠨ ᠬᠠᠶᠠᠯᠭ᠎ᠠ ᠪᠠᠨ ᠪᠤᠰᠢᠭᠤᠬᠠᠨ ᠳᠠᠭᠤᠰᠬᠠᠬᠤ ᠶ᠋ᠢᠨ ᠮᠥᠨ ᠪᠣᠯᠵᠤ᠂
— ᠠᠮᠪᠠᠭᠠᠢ᠂ ᠡᠯᠴᠢ ᠪᠡᠨ ᠰᠣᠩᠭᠣᠭᠲᠤᠨ! ᠭᠡᠪᠡ᠃ ᠠᠮᠪᠠᠭᠠᠢ ᠬᠠᠭᠠᠨ ᠳ᠋ᠤ᠌ ᠶᠠᠭᠤ ᠶᠠᠭᠤᠨ ᠤ᠋ ᠡᠮᠦᠨ᠎ᠡ ᠲᠤᠯᠭᠤᠷ ᠪᠡᠶ᠎ᠡ ᠲᠡᠢ ᠭᠡᠷᠭᠡᠢ ᠨᠢ ᠪᠠᠰᠤᠳ ᠤ᠋ᠨ ᠪᠠᠯᠠᠭᠴᠢ ᠬᠢᠶ᠎ᠡ ᠶ᠋ᠢ ᠭᠠᠷᠭᠠᠵᠤ ᠥᠭᠬᠦ ᠳ᠋ᠡᠭᠡᠨ᠂
— ᠢᠷᠡᠬᠦ ᠳ᠋ᠦ᠍ ᠴᠢᠨᠢ ᠬᠦᠦ ᠲᠡᠢ ᠤᠭᠲᠤᠶ᠎ᠠ! ᠭᠡᠮᠡᠨ ᠰᠢᠪᠡᠨᠡᠵᠦ ᠠᠭᠰᠠᠨ ᠨᠢ ᠰᠠᠨᠠᠭᠳᠠᠵᠠᠢ᠃ ᠥᠭᠡᠷ᠎ᠡ ᠶ᠋ᠢ ᠪᠣᠳᠣᠭᠰᠠᠨ ᠦᠭᠡᠢ᠂
— ᠪᠠᠰᠤᠳ ᠤ᠋ᠨ ᠪᠠᠯᠠᠭᠴᠢ! ᠭᠡᠬᠦ ᠳ᠋ᠦ᠍ ᠬᠦ ᠬᠤᠶᠠᠭ ᠬᠠᠷᠰᠢᠬᠤ ᠰᠣᠨᠣᠰᠳᠠᠵᠤ ᠲᠦᠳᠡᠬᠡᠨ ᠬᠡᠨ ᠨᠢᠭᠡᠨ ᠦ᠌ ᠠᠮᠢᠰᠬᠤᠭ᠎ᠠ ᠣᠢᠷᠠᠲᠤᠨ᠂
— ᠪᠢ ᠢᠷᠡᠯ᠎ᠡ᠂ ᠬᠠᠭᠠᠨᠲᠠᠨ ᠭᠡᠬᠦ ᠪᠠᠷᠭᠢᠯ ᠳᠠᠭᠤ ᠰᠣᠨᠣᠰᠲᠠᠯ᠎ᠠ᠃ ᠠᠮᠪᠠᠭᠠᠢ ᠬᠠᠭᠠᠨ ᠵᠠᠯᠠᠭᠤ ᠪᠠᠷ᠎ᠠ ᠪᠣᠯᠤᠭᠠᠴᠢ ᠶ᠋ᠢᠨ ᠳᠠᠭᠤ ᠴᠣᠭᠯᠢᠭ ᠪᠠᠢᠭ᠎ᠠ ᠳ᠋ᠤ᠌ ᠪᠠᠰᠠ ᠬᠦ᠌ ᠵᠣᠷᠢᠭᠵᠢᠵᠤ᠂
— ᠵᠠᠯᠢᠪᠤᠬᠠ! ᠴᠢ ᠮᠢᠨᠦ ᠬᠠᠷᠠᠴᠠᠨ ᠠ᠋ᠴᠠ ᠠᠶᠤᠭ᠎ᠠ ᠦᠭᠡᠢ ᠪᠣᠯ ᠨᠢᠳᠦᠨ ᠦ᠌ ᠮᠢᠨᠢ ᠪᠣᠭᠣᠯᠲᠠ ᠶ᠋ᠢ ᠠᠪᠤᠭᠲᠤᠨ! ᠬᠠᠮᠤᠭ ᠮᠣᠩᠭᠣᠯ ᠤ᠋ᠨ ᠬᠠᠭᠠᠨ ᠮᠢᠨᠦ ᠪᠡᠶ᠎ᠡ ᠬᠥᠮᠦᠨ ᠦ᠌ ᠨᠢᠭᠤᠷ ᠬᠠᠷᠠᠵᠤ ᠴᠢᠳᠠᠬᠤ ᠦᠭᠡᠢ ᠨᠢᠭᠦᠯ ᠬᠢᠭᠡ ᠦᠭᠡᠢ ᠪᠢᠯᠡ ᠭᠡᠬᠦ ᠳ᠋ᠦ᠍ ᠬᠡᠨ ᠨᠢᠭᠡᠨ ᠦ᠌ ᠰᠢᠷᠦᠭᠦᠨ ᠭᠠᠷ ᠨᠢᠳᠦᠨ ᠦ᠌ ᠬᠢᠨᠢ ᠪᠣᠭᠣᠯᠲᠠ ᠶ᠋ᠢ ᠬᠠᠭᠤ ᠲᠠᠲᠠᠪᠠ᠃ ᠠᠮᠪᠠᠭᠠᠢ ᠬᠠᠭᠠᠨ ᠰᠠᠶᠢ ᠨᠢᠭᠡ ᠠᠮᠢᠰᠬᠤᠭ᠎ᠠ ᠠᠪᠴᠤ ᠲᠣᠭᠣᠷᠢᠵᠤ ᠵᠣᠭᠰᠣᠭᠰᠠᠨ ᠲᠦᠮᠡᠨ ᠲᠠᠲᠠᠷ ᠢᠷᠭᠡᠳ ᠢ᠋ ᠬᠠᠷᠠᠴᠠ ᠲᠠᠯᠲᠠᠷᠢᠲᠠᠯ᠎ᠠ ᠴᠣᠭᠣ ᠰᠢᠷᠲᠡᠵᠦ᠂ ᠬᠣᠨᠢ ᠰᠢᠭ᠋ ᠬᠣᠯᠪᠣᠭᠤᠯᠤᠭᠰᠠᠨ ᠡᠷᠡᠰ ᠢ᠋ᠶ᠋ᠡᠨ ᠨᠢᠭᠡ ᠬᠠᠷᠠᠵᠤ᠂ ᠬᠠᠮᠤᠭ ᠤ᠋ᠨ ᠰᠡᠭᠦᠯ ᠳ᠋ᠦ᠍ ᠵᠠᠷᠯᠢᠭ ᠬᠦᠯᠢᠶᠡᠵᠦ ᠰᠥᠭᠥᠳᠦᠭᠰᠡᠨ ᠪᠠᠰᠤᠳ ᠤ᠋ᠨ ᠪᠠᠯᠠᠭᠴᠢ ᠳᠡᠭᠡᠷ᠎ᠡ ᠬᠠᠷᠠᠴᠠ ᠲᠣᠭᠲᠠᠪᠠ᠃
— ᠪᠠᠰᠤᠳ ᠤ᠋ᠨ ᠪᠠᠯᠠᠭᠴᠢ ᠴᠢ ᠲᠣᠭᠲᠠᠭᠠᠵᠤ ᠠᠪ! ᠭᠡᠳ ᠠᠭᠤᠯᠠᠰ ᠤ᠋ᠨ ᠣᠷᠣᠢ ᠰᠢᠷᠳᠡᠨ ᠤᠬᠠᠭᠠᠨ ᠪᠣᠳᠣᠯ ᠢ᠋ᠶ᠋ᠠᠨ ᠬᠣᠯᠠ ᠶ᠋ᠢᠨ ᠬᠣᠯᠠ ᠳ᠋ᠤ᠌ ᠪᠡᠯᠴᠢᠭᠡᠵᠦ ᠥᠭᠦᠯᠡᠷᠦᠨ᠄
ᠨᠠᠢᠷ ᠪᠦᠬᠦᠨ ᠢ᠋ ᠲᠠᠰᠤᠯᠤᠭᠴᠢ ᠶᠢᠰᠦᠨ ᠲᠠᠲ᠋ᠠᠷ ᠤ᠋ᠨ
ᠨᠡᠷᠡᠲᠦ ᠰᠢᠲᠦᠭᠡᠨ ᠰᠣᠨᠣᠰᠤᠭ!
ᠬᠤᠷᠢᠮ ᠪᠦᠬᠦᠨ ᠢ᠋ ᠲᠠᠰᠤᠯᠤᠭᠴᠢ ᠬᠤᠪᠢ ᠦᠭᠡᠢ ᠲᠠᠲ᠋ᠠᠷ ᠤ᠋ᠨ
ᠬᠤᠰᠤᠲᠤ ᠰᠢᠲᠦᠭᠡᠨ ᠰᠣᠨᠣᠰᠤᠭ!
ᠲᠥᠷᠥ ᠪᠡᠨ ᠲᠦᠪᠰᠢᠳᠬᠡᠬᠦ ᠠᠮᠪᠠᠭᠠᠢ ᠪᠢ
ᠲᠥᠷᠥᠭᠰᠡᠨ ᠭᠦᠩᠵᠦ ᠪᠡᠨ ᠳᠠᠭᠠᠭᠤᠯᠵᠤ ᠢᠷᠡᠭᠰᠡᠨ
ᠶᠢᠰᠦᠨ ᠲᠠᠲ᠋ᠠᠷ ᠤ᠋ᠨ ᠬᠠᠨ ᠬᠥᠪᠡᠭᠦᠨ ᠳ᠋ᠦ᠍
ᠢᠷᠦᠭᠡᠯ ᠦ᠋ᠨ ᠬᠠᠮᠲᠤ ᠡᠪᠦᠷᠲᠦᠯᠡᠵᠦ ᠢᠷᠡᠭᠰᠡᠨ
ᠤᠴᠠᠷᠠᠯ ᠪᠦᠷᠢᠳᠦᠭᠰᠡᠨ ᠰᠡᠳᠬᠢᠯ ᠢ᠋ ᠮᠢᠨᠢ ᠡᠳᠡ
ᠤᠰᠤ ᠰᠠᠴᠤᠵᠤ ᠤᠨᠲᠠᠷᠠᠭᠠᠭᠰᠠᠨ!
ᠴᠤᠭᠯᠠᠨ ᠨᠢᠭᠡᠳᠬᠦ ᠰᠡᠳᠬᠢᠯ ᠢ᠋ ᠮᠢᠨᠢ ᠡᠳᠡ
ᠴᠢᠰᠤ ᠰᠠᠴᠤᠵᠤ ᠬᠥᠨᠥᠭᠡᠭᠰᠡᠨ!
ᠬᠠᠮᠤᠭ ᠤ᠋ᠨ ᠬᠠᠭᠠᠨ ᠪᠠᠢᠲᠠᠯ᠎ᠠ ᠠᠮᠪᠠᠭᠠᠢ ᠪᠢ
ᠬᠠᠷᠠᠴᠤ ᠶ᠋ᠢᠨ ᠠᠳᠠᠯᠢ ᠥᠬᠢᠨ ᠢ᠋ᠶ᠋ᠡᠨ ᠳᠠᠭᠠᠵᠠᠢ!
ᠤᠯᠤᠰ ᠤ᠋ᠨ ᠡᠵᠡᠨ ᠪᠠᠢᠲᠠᠯ᠎ᠠ ᠠᠮᠪᠠᠭᠠᠢ ᠪᠢ
ᠤᠷᠤᠭ ᠤ᠋ᠨ ᠭᠠᠵᠠᠷ ᠢᠷᠡᠵᠦ ᠠᠯᠳᠠᠵᠠᠢ!
ᠥᠬᠢᠨ ᠢ᠋ᠶ᠋ᠡᠨ ᠥᠪᠡᠷ ᠢ᠋ᠶ᠋ᠡᠨ ᠦᠳᠡᠵᠦ ᠭᠠᠷᠭᠠᠬᠤ ᠶ᠋ᠢ
ᠣᠯᠠᠨ ᠮᠣᠩᠭᠣᠯᠴᠤᠳ ᠨᠠᠳᠠ ᠪᠠᠷ ᠴᠡᠭᠡᠷᠯᠡᠯ ᠪᠣᠯᠭ᠎ᠠ
ᠭᠦᠶᠦᠭᠰᠡᠨ ᠮᠣᠷᠢᠨ ᠡᠷᠭᠢᠵᠦ ᠬᠦᠷᠳᠡᠭ ᠨᠤᠲᠤᠭ ᠢ᠋ᠶ᠋ᠠᠨ
ᠭᠦᠩᠵᠦ ᠶ᠋ᠢᠨ ᠰᠦᠨᠡᠰᠦ ᠣᠴᠢᠬᠤ ᠶ᠋ᠢ ᠳᠠᠭᠤᠯᠠᠯ ᠪᠣᠯᠭ᠎ᠠ
ᠬᠠᠪᠤᠯ ᠬᠠᠭᠠᠨ ᠤ᠋ ᠳᠣᠯᠣᠭᠠᠨ ᠬᠥᠪᠡᠭᠦᠨ ᠦ᠌
ᠬᠠᠮᠤᠭ ᠤ᠋ᠨ ᠳᠥᠯᠭᠡᠨ ᠨᠢ ᠬᠣᠲᠣᠯᠠ ᠪᠢᠯᠡ
ᠲᠤᠭᠤᠷᠭᠠᠨ ᠤ᠋ ᠬᠢᠨᠢ ᠳᠣᠲᠣᠷ᠎ᠠ ᠣᠷᠣᠵᠤ ᠬᠡᠯᠡ!
ᠲᠤᠯᠭᠠᠨ ᠤ᠋ ᠬᠢᠨᠢ ᠵᠠᠬ᠎ᠠ ᠳ᠋ᠤ᠌ ᠱᠠᠯᠠᠵᠤ ᠬᠡᠯᠡ!
ᠠᠮᠪᠠᠭᠠᠢ ᠮᠢᠨᠦ ᠠᠷᠪᠠᠨ ᠬᠥᠪᠡᠭᠦᠨ ᠦ᠌
ᠠᠪᠬᠠᠯᠵᠢ ᠲᠡᠭᠦᠰ ᠨᠢ ᠬᠠᠲᠠᠭᠠᠨ ᠪᠢᠯᠡ
ᠲᠣᠭᠣᠨᠣᠨ ᠳᠡᠭᠡᠷ᠎ᠡ ᠨᠢ ᠰᠢᠪᠠᠭᠤ ᠪᠣᠯᠵᠤ ᠬᠡᠯᠡ!
ᠲᠣᠲᠣᠭᠣᠨ ᠳᠡᠷᠭᠡᠳᠡ ᠪᠠᠷ᠎ᠠ ᠪᠣᠯᠵᠤ ᠬᠡᠯᠡ!
ᠲᠠᠪᠤᠨ ᠬᠤᠷᠤᠭᠤᠨ ᠤ᠋ ᠬᠢᠮᠤᠰᠤ ᠶ᠋ᠢ ᠲᠠᠮᠲᠤᠷᠠᠲᠠᠯ᠎ᠠ
ᠳᠠᠬᠤᠯᠠᠢ ᠵᠢᠭᠠᠬᠠᠨ ᠪᠡᠶ᠎ᠡ ᠪᠡᠨ ᠳᠠᠭᠤᠰᠲᠠᠯ᠎ᠠ
ᠲᠠᠲ᠋ᠠᠷ ᠠ᠋ᠴᠠ ᠮᠢᠨᠦ ᠥᠰᠢᠶ᠎ᠡ ᠠᠪᠤᠭᠲᠤᠨ!
ᠲᠠᠭᠠᠯᠠᠵᠤ ᠲᠩᠷᠢ ᠰᠣᠶᠣᠷᠬᠠᠬᠤ ᠪᠣᠯᠲᠤᠭᠠᠢ!
ᠭᠡᠮᠡᠨ ᠬᠡᠯᠡᠵᠦ ᠳᠠᠭᠤᠰᠬᠤ ᠳ᠋ᠤ᠌ ᠲᠡᠭᠦᠨ ᠦ᠌ ᠰᠡᠴᠡᠨ ᠮᠡᠷᠭᠡᠨ ᠦᠭᠡ ᠶ᠋ᠢ ᠪᠢᠰᠢᠷᠡᠵᠦ᠂ ᠴᠡᠭᠡᠯ ᠰᠠᠢᠬᠠᠨ ᠬᠣᠭᠣᠯᠠᠢ ᠶ᠋ᠢ ᠰᠦᠰᠦᠭᠯᠡᠭᠰᠡᠨ ᠲᠠᠲ᠋ᠠᠷ ᠡᠮᠡᠰ ᠬᠠᠩᠭᠢᠨᠠᠲᠠᠯ᠎ᠠ ᠰᠠᠨᠠᠭ᠎ᠠ ᠠᠯᠳᠠᠭᠰᠠᠨ ᠢ᠋ᠶ᠋ᠠᠨ ᠮᠡᠳᠡᠴᠢᠬᠡᠬᠦ ᠪᠣᠢ ᠭᠡᠬᠦ ᠰᠢᠭ ᠵᠠᠯᠢᠪᠤᠬᠠ ᠨᠣᠶᠠᠨ ᠢ᠋ ᠬᠤᠯᠠᠭᠠᠢ ᠨᠢᠳᠦ ᠪᠡᠷ ᠰᠠᠮ ᠬᠠᠷᠠᠵᠠᠢ᠃ ᠡᠨᠡ ᠬᠢᠷᠢ ᠤᠯᠠᠭᠠᠨ ᠬᠥᠮᠥᠯᠳᠥᠷᠭᠡ ᠲᠡᠢ ᠴᠠᠭᠠᠨ ᠮᠣᠷᠢ ᠠᠪᠴᠢᠷᠠᠵᠤ ᠴᠤᠯᠪᠤᠭᠤᠷ ᠢ᠋ ᠨᠢ ᠠᠳᠬᠤᠭᠤᠯᠬᠤ ᠳ᠋ᠤ᠌ ᠪᠠᠰᠤᠳ ᠪᠠᠯᠠᠭᠴᠢ ᠠᠯᠠᠪᠬᠢᠨ ᠮᠣᠷᠳᠠᠵᠤ ᠡᠬᠡ ᠨᠤᠲᠤᠭ ᠤ᠋ᠨ ᠵᠦᠭ ᠴᠢᠪᠬᠠᠨ ᠤ᠋ ᠴᠢᠯᠠᠭᠤ ᠰᠢᠭ᠋ ᠴᠢᠪᠬᠠᠳᠠᠪᠠ᠃ ᠲᠡᠭᠦᠨ ᠦ᠌ ᠪᠠᠷ᠎ᠠ ᠲᠠᠰᠤᠷᠠᠲᠠᠯ᠎ᠠ ᠳᠠᠯᠠᠨ ᠡᠷ᠎ᠡ ᠨᠢᠭᠡᠨ ᠵᠡᠷᠭᠡ ᠬᠥᠬᠡ ᠲᠡᠭᠷᠢ ᠶ᠋ᠢᠨ ᠬᠠᠶᠠᠭ᠎ᠠ ᠴᠣᠭᠣᠷᠠᠲᠠᠯ᠎ᠠ ᠰᠢᠷᠳᠡᠨ ᠰᠡᠮᠡᠷᠡᠵᠦ ᠬᠣᠴᠣᠷᠤᠭᠰᠠᠨ ᠠᠪᠠᠢ᠃ ᠠᠯᠠᠭᠤᠯᠬᠤ ᠶᠠᠯ᠎ᠠ ᠲᠠᠢ ᠲᠡᠳᠡᠨ ᠦ᠌ ᠳᠤᠤᠭᠠᠷᠬᠤ ᠶ᠋ᠢ ᠬᠦᠯᠢᠶᠡᠵᠦ ᠠᠯᠠᠬᠤ ᠶᠣᠰᠣᠲᠠᠢ ᠲᠠᠲ᠋ᠠᠷ ᠤ᠋ᠳ ᠨᠠᠮ ᠭᠦᠮ ᠪᠣᠯᠵᠠᠢ᠃ ᠡᠯ᠎ᠡ ᠢᠷᠣ᠎ᠠ ᠶ᠋ᠢᠨ ᠴᠢᠮᠡᠭᠡ ᠦᠭᠡᠢ ᠥᠷᠥᠭᠡᠯ ᠳ᠋ᠦ᠍ ᠪᠤᠰᠤ᠂ ᠥᠪᠡᠷ ᠲᠡᠭᠡᠨ ᠠᠯᠠᠬᠤ ᠶᠠᠯ᠎ᠠ ᠣᠨᠣᠭᠠᠭᠰᠠᠨ ᠮᠡᠲᠦ ᠲᠠᠲ᠋ᠠᠷ ᠤ᠋ᠳ ᠲᠤ᠌ ᠰᠠᠨᠠᠭᠳᠠᠭᠰᠠᠨ ᠨᠢ ᠪᠠᠰᠠ ᠪᠣᠢ᠃
5
ᠡᠯᠢᠭᠡᠨ ᠳ᠋ᠡᠭᠡᠨ ᠲᠡᠪᠡᠷᠢᠭᠡᠳ ᠥᠰᠬᠡᠬᠦ ᠶᠦᠮ ᠰᠠᠨ᠂ ᠪᠦᠪᠡᠢ ᠪᠦᠪᠡᠢ
ᠡᠩᠭᠡᠷ ᠲᠡᠭᠡᠨ ᠨᠠᠭᠠᠭᠠᠳ ᠪᠣᠰᠬᠠᠬᠤ ᠶᠤᠮ ᠰᠠᠨ᠂ ᠪᠦᠪᠡᠢ ᠪᠦᠪᠡᠢ
ᠡᠪᠡᠢᠯᠡᠵᠦ ᠬᠥᠯ ᠳ᠋ᠦ᠍ ᠣᠷᠣᠭᠤᠯᠬᠤ ᠶᠤᠮ ᠰᠠᠨ᠂ ᠪᠦᠪᠡᠢ ᠪᠦᠪᠡᠢ
ᠡᠩᠬᠦᠷᠡᠢᠯᠡᠵᠦ ᠬᠡᠯᠡ ᠳ᠋ᠦ᠍ ᠣᠷᠣᠭᠤᠯᠬᠤ ᠶᠤᠮ ᠰᠠᠨ᠂ ᠪᠦᠪᠡᠢ ᠪᠦᠪᠡᠢ
ᠭᠡᠵᠦ ᠪᠦᠯᠵᠢᠭᠡᠨ ᠭᠤᠸ᠎ᠠ ᠬᠠᠲᠤᠨ ᠬᠠᠩᠭᠢᠨᠠᠲᠠᠯ᠎ᠠ ᠪᠦᠪᠡᠢᠯᠡᠵᠦ᠂ ᠬᠠᠵᠠᠭᠠᠳ ᠠᠪᠤᠮᠠᠷ ᠮᠠᠨᠲᠤᠭᠤᠷ ᠴᠠᠭᠠᠨ ᠬᠦᠦ ᠪᠡᠨ ᠬᠠᠷᠠᠨ ᠬᠠᠷᠠᠨ ᠬᠠᠢᠷᠠᠯᠠᠵᠤ ᠰᠠᠭᠤᠯ᠎ᠠ᠃ ᠬᠣᠲᠣᠯᠠ ᠨᠣᠶᠠᠨ ᠭᠣᠯᠣᠮᠲᠠ ᠰᠠᠬᠢᠬᠤ ᠭᠣᠣᠯᠲᠤ ᠦᠷ᠎ᠡ ᠣᠳᠬᠣᠯᠠᠵᠤ ᠲᠥᠷᠥᠪᠡ ᠭᠡᠮᠡᠨ ᠠᠮᠢ ᠪᠠᠨ ᠲᠠᠯᠪᠢᠬᠤ ᠠᠭᠠᠳ᠂
— ᠲᠤᠯᠭᠠᠲᠠᠢ ᠣᠳᠴᠢᠬᠢᠨ᠁ ᠨᠡᠷ᠎ᠡ ᠬᠠᠢᠷᠠᠯᠠᠵᠠᠢ᠃ ᠬᠥᠪᠡᠭᠦᠨ ᠵᠢᠯ ᠢ᠋ᠶ᠋ᠡᠷ ᠪᠤᠰᠤ ᠰᠠᠷ᠎ᠠ ᠪᠠᠷ ᠦᠰᠦᠨ ᠡᠳᠦᠭᠡ ᠲᠣᠯᠣᠭᠠᠢ ᠪᠠᠨ ᠳᠠᠭᠠᠭᠠᠬᠤ ᠲᠠᠢ ᠪᠣᠯᠵᠤ᠂
一 ᠠᠯᠢ ᠪᠣᠢ᠁ ᠠᠯᠢ ᠪᠣᠢ ᠮᠢᠨᠦ ᠬᠦᠦ ᠬᠠᠮᠢᠭ᠎ᠠ ᠪᠠᠢᠨ᠎ᠠ᠁ ᠠᠯᠢ ᠪᠣᠢ᠁ ᠭᠡᠮᠡᠨ ᠥᠬᠥᠭᠡᠷᠳᠡᠬᠦ ᠳ᠋ᠦ᠍ ᠨᠢᠳᠦ ᠲᠣᠭᠲᠠᠭᠠᠨ ᠬᠠᠷᠠᠵᠤ ᠴᠢᠳᠠᠬᠤ ᠠᠪᠠᠢ᠃ ᠡᠢᠨ ᠬᠣᠲᠣᠯᠠ ᠨᠣᠶᠠᠨ ᠤ᠋ ᠪᠠᠭ᠎ᠠ ᠭᠡᠷ ᠲᠦ᠍ ᠴᠠᠭ ᠤ᠋ᠨ ᠴᠠᠭ ᠲᠤ᠌ ᠢᠨᠢᠶᠡᠳᠦ ᠪᠠᠶᠠᠰᠤᠯ ᠪᠢᠯᠬᠠᠨ ᠪᠠᠢᠬᠤ ᠪᠣᠯᠵᠤ᠂ ᠡᠨᠡ ᠬᠦ᠌ ᠡᠯᠢᠭᠡᠮᠰᠡᠦ ᠥᠪᠡᠷᠦᠮᠰᠦᠭ ᠬᠠᠲᠤᠨ ᠢ᠋ᠶ᠋ᠠᠨ ᠪᠠᠷᠠᠳᠠᠨ ᠪᠦᠯᠵᠢᠭᠡᠨ ᠦ᠌ ᠳ᠋ᠦ᠍ ᠡᠳᠦᠷ ᠦ᠋ᠨ ᠶᠡᠬᠡᠩᠬᠢ ᠶ᠋ᠢ ᠥᠩᠭᠡᠷᠡᠭᠡᠬᠦ ᠪᠣᠯᠪᠠ᠃
ᠶᠡᠬᠡ ᠬᠠᠲᠤᠨ ᠢᠨᠵᠢᠮᠡᠢ ᠲᠠᠯ᠎ᠠ ᠰᠢᠭ᠋ ᠬᠠᠩᠬᠠᠷ ᠦᠷᠭᠦᠭᠡᠨ ᠳ᠋ᠡᠭᠡᠨ ᠡᠷ᠎ᠡ ᠶ᠋ᠢᠨ ᠪᠠᠷ᠎ᠠ᠂ ᠨᠥᠬᠥᠷ ᠦ᠋ᠨ ᠲᠦᠰᠢᠭ ᠦᠭᠡᠢᠯᠡᠵᠦ ᠶᠠᠳᠠᠬᠤ ᠳ᠋ᠠᠭᠠᠨ ᠳᠠᠪᠬᠢᠵᠤ ᠶᠠᠪᠤᠭ᠎ᠠ ᠭᠤᠸ᠎ᠠ ᠮᠠᠷᠠᠯ ᠤ᠋ᠨ ᠳᠦᠷᠰᠦ ᠪᠡᠷ ᠬᠦᠷᠢᠶᠡᠯᠡᠭᠦᠯᠵᠦ᠂ ᠳᠠᠪᠬᠤᠷ ᠲᠣᠭᠯᠣᠭᠣᠷᠭᠠ ᠰᠢᠷᠢᠵᠦ ᠪᠣᠢ ᠠᠵᠢ᠃ ᠪᠣᠳᠣᠯ ᠰᠠᠨᠠᠭ᠎ᠠ ᠪᠠᠨ ᠲᠥᠭᠡᠷᠢᠭᠦᠯᠵᠦ᠂ ᠬᠠᠷ᠎ᠠ ᠬᠣᠷᠣ ᠪᠠᠨ ᠮᠠᠷᠲᠠᠩᠨᠠᠵᠤ ᠰᠠᠭᠤᠭ᠎ᠠ ᠬᠥᠮᠦᠨ ᠶᠦᠮ᠃ ᠪᠠᠭ᠎ᠠ ᠬᠠᠲᠤᠨ ᠠᠬᠠᠢ ᠬᠠᠷᠢᠨ ᠵᠣᠪᠠᠯᠠᠩ ᠢ᠋ ᠦᠷᠭᠦᠭᠡᠵᠦ ᠭᠠᠭᠴᠠᠭᠠᠷᠳᠠᠯ ᠢ᠋ ᠰᠡᠭᠰᠦᠷᠬᠦ ᠮᠡᠲᠦ ᠲᠤᠩ ᠴᠤ᠌ ᠬᠥᠳᠡᠯᠭᠡᠭᠡᠨ ᠲᠡᠢ ᠵᠤᠨ ᠢ᠋ ᠥᠩᠭᠡᠷᠡᠭᠡᠪᠡ᠃ ᠲᠡᠷᠡ ᠪᠡᠷ ᠰᠡᠩᠬᠦᠷ ᠭᠣᠷᠣᠬ᠎ᠠ᠂ ᠤᠨᠤᠨ ᠮᠥᠷᠡᠨ ᠦ᠌ ᠴᠢᠳᠬᠤᠬᠤ ᠪᠠᠯᠴᠢᠷ ᠪᠠᠷᠠᠳᠠᠭᠤᠯᠵᠤ ᠨᠠᠷᠠᠰᠤ ᠮᠣᠳᠣᠨ ᠤᠷᠲᠤ ᠪᠠᠷᠢᠵᠤ ᠪᠣᠢ ᠭᠡᠬᠦ ᠪᠥᠯᠥᠭᠡ᠃ ᠡᠢᠨ ᠥᠪᠡᠷ ᠢ᠋ ᠪᠡᠨ ᠰᠠᠲᠠᠭᠠᠷᠠᠭᠤᠯᠬᠤ ᠶᠠᠭᠤᠮ᠎ᠠ ᠪᠣᠳᠣᠵᠤ ᠣᠯᠤᠭᠰᠠᠨ ᠳ᠋ᠠᠭᠠᠨ ᠲᠠᠯᠠᠮᠠᠨ ᠬᠠᠲᠤᠨ ᠣᠮᠣᠭ ᠪᠠᠷᠳᠠᠮ ᠶᠠᠪᠤᠬᠤ ᠠᠭᠠᠳ ᠬᠦᠷᠢᠶ᠎ᠡ ᠬᠦᠯᠬᠦᠨ ᠡᠷᠡᠰ ᠳᠠᠭᠠᠭᠤᠯᠵᠤ ᠥᠷᠯᠥᠭᠡ ᠭᠠᠷᠴᠤ ᠣᠷᠣᠢ ᠢᠷᠡᠬᠦ ᠪᠣᠯᠠᠢ᠃
ᠶᠡᠷᠦ ᠪᠠᠭ᠎ᠠ ᠬᠠᠲᠤᠨ ᠬᠣᠲᠣᠯᠠ ᠨᠣᠶᠠᠨ ᠢ᠋ ᠥᠪᠡᠷ ᠡᠴᠡ ᠪᠡᠨ ᠡᠭᠡᠴᠢᠮᠡᠳ ᠪᠦᠯᠵᠢᠭᠡᠨ ᠬᠠᠲᠤᠨ ᠳ᠋ᠤ᠌ ᠠᠯᠳᠠᠪᠠ ᠭᠡᠮᠡᠨ ᠳᠠᠯᠳᠠ ᠬᠣᠷᠣᠰᠬᠤ ᠰᠡᠳᠬᠢᠯ ᠢ᠋ᠶ᠋ᠡᠨ ᠴᠢᠳᠠᠮᠠᠭ ᠨᠢᠭᠤᠳᠠᠭ ᠪᠢᠯᠡ᠃ ᠵᠣᠯᠪᠣᠭ᠎ᠠ ᠲᠡᠭᠦᠰ ᠭᠤᠸ᠎ᠠ ᠬᠠᠲᠤᠨ ᠤ᠋ ᠡᠨᠡ ᠠᠭᠠᠰᠢ ᠠᠶᠠᠭ ᠢ᠋ ᠪᠦᠯᠵᠢᠭᠡᠨ ᠳᠣᠲᠣᠷ᠎ᠠ ᠨᠢ ᠣᠷᠣᠭᠰᠠᠨ ᠶᠤᠮ ᠰᠢᠭ᠋ ᠮᠡᠳᠡᠵᠦ ᠪᠠᠢᠪᠠ᠃ ᠲᠡᠭᠡᠭᠡᠳ ᠴᠦ᠍ ᠬᠦᠦ ᠲᠡᠢ ᠪᠡᠨ ᠨᠠᠭᠠᠳᠤᠨ᠂ ᠠᠮᠠᠨ ᠳ᠋ᠤ᠌ ᠪᠠᠭᠲᠠᠬᠤ ᠵᠢᠭᠠᠬᠠᠨ ᠬᠥᠯ ᠢ᠋ ᠨᠢ ᠡᠮᠬᠦᠨ ᠥᠩᠭᠡᠨ ᠬᠣᠳ ᠬᠣᠳ ᠢᠨᠢᠶᠡᠯᠭᠡᠵᠦ ᠨᠣᠶᠠᠨ ᠳ᠋ᠤ᠌ ᠬᠠᠨᠳᠤᠵᠤ᠂
— ᠡᠷᠬᠢᠮ ᠠ᠋᠂ ᠲᠠ ᠠᠯᠢ ᠦᠷᠭᠦᠭᠡᠨ ᠳ᠋ᠡᠭᠡᠨ ᠮᠣᠷᠢᠯᠠᠬᠤ ᠶᠤᠮ ᠪᠣᠢ? ᠭᠡᠮᠡᠨ ᠨᠠᠮᠤᠭᠤᠬᠠᠨ ᠠᠲᠠᠯ᠎ᠠ ᠠᠷᠭᠠᠳᠠᠩᠭᠤᠢ ᠥᠭᠦᠯᠡᠳᠡᠭ ᠪᠢᠯᠡ᠃ ᠡᠨᠡ ᠤᠳᠠᠭ᠎ᠠ ᠴᠤ᠌ ᠡᠢᠨ ᠬᠡᠯᠡᠭᠡᠳ ᠲᠠᠯᠮᠢᠶᠠ ᠲᠠᠲᠠᠭᠰᠠᠨ ᠠᠯᠠᠭ ᠨᠢᠳᠦ ᠪᠡᠷ ᠳᠥᠯᠭᠡᠬᠡᠨ ᠰᠢᠷᠳᠡᠵᠡᠢ᠃ ᠲᠦᠮᠡᠨ ᠨᠠᠰᠤᠨ ᠬᠡ ᠲᠡᠢ ᠰᠢᠷᠢᠮᠡᠯ ᠲᠣᠭᠣᠷᠢᠭᠤᠯᠭ᠎ᠠ ᠳᠡᠭᠡᠷ᠎ᠡ ᠳᠡᠯᠭᠡᠵᠦ ᠣᠷᠬᠢᠭᠰᠠᠨ ᠬᠣᠨᠢᠨ ᠤ᠋ ᠨᠡᠬᠡᠢ ᠥᠯᠥᠭᠡᠢ ᠳᠡᠭᠡᠷ᠎ᠡ ᠲᠤᠯᠭᠠᠲᠠᠢ ᠣᠳᠴᠢᠬᠢᠨ ᠳᠡᠷᠪᠡᠯᠵᠡᠨ᠂ ᠡᠴᠢᠭᠡ ᠨᠣᠶᠠᠨ ᠢ᠋ᠶ᠋ᠠᠨ ᠬᠠᠷᠠᠵᠤ ᠬᠣᠳ ᠬᠣᠳ ᠢᠨᠢᠶᠡᠵᠦ ᠠᠪᠠᠢ᠃
— ᠬᠠᠷᠢᠨ ᠠ᠋ ᠬᠦ᠃
— ᠲᠠᠲᠠᠪᠤᠷᠢ ᠡᠮ᠎ᠡ ᠶ᠋ᠢᠨ ᠬᠢ ᠡᠴᠡ ᠭᠠᠷᠬᠤ ᠪᠠᠨ ᠪᠣᠯᠢᠯ᠎ᠠ ᠭᠡᠵᠦ ᠲᠠᠨ ᠢ᠋ ᠬᠥᠮᠦᠨ ᠮᠠᠭᠤ ᠬᠡᠯᠡᠨ᠎ᠡ ᠪᠢᠯᠡ᠃
— ᠬᠡᠯᠡᠳᠡᠭ ᠨᠢ ᠬᠡᠯᠡ ᠪᠡᠨ ᠬᠥᠰᠢᠲᠡᠯ᠎ᠡ ᠶᠠᠷᠢᠵᠤ᠂ ᠬᠠᠷᠠᠳᠠᠭ ᠨᠢ ᠨᠢᠳᠦ ᠪᠡᠨ ᠴᠢᠯᠡᠲᠡᠯ᠎ᠡ ᠰᠢᠷᠳᠡᠵᠦ ᠪᠠᠢᠭ᠎ᠠ ᠪᠢᠵᠡ ᠳᠡ ᠬᠦ᠃ ᠠᠯᠢ ᠶ᠋ᠢᠨ ᠪᠣᠯᠭᠠᠨ ᠠ᠋ᠴᠠ ᠠᠶᠤᠵᠤ᠂ ᠠᠯᠠᠭ᠎ᠠ ᠶ᠋ᠢᠨ ᠴᠢᠨᠡᠭᠡ ᠪᠣᠯᠬᠤ ᠪᠣᠢ᠃ ᠶᠡᠬᠡ ᠣᠷᠣ ᠰᠠᠭᠤᠬᠤ ᠢᠲᠡᠭᠡᠯ ᠨᠠᠢᠳᠠᠪᠤᠷᠢ ᠪᠠᠷ ᠰᠣᠯᠢᠵᠤ ᠠᠪᠤᠭᠰᠠᠨ ᠠᠵᠠ ᠵᠢᠷᠭᠠᠯ ᠮᠢᠨᠢ ᠲᠠ ᠬᠣᠶᠠᠷ ᠭᠡᠳᠡᠭ ᠢ᠋ ᠮᠡᠳᠡᠲᠦᠭᠡᠢ! ᠭᠡᠰᠡᠨ ᠢ᠋ᠶ᠋ᠡᠨ ᠬᠥᠭᠵᠢᠯᠲᠡᠢ ᠬᠥᠬᠥᠷᠡᠨ᠂
一 ᠮᠡᠳᠡᠲᠦᠭᠡᠢ᠁ ᠠᠶᠤᠲᠤᠭᠠᠢ᠁ ᠳᠠᠭᠠᠲᠤᠭᠠᠢ᠁ ᠭᠡᠮᠡᠨ ᠤᠬᠤᠰ ᠤᠬᠤᠰᠬᠢᠬᠦ ᠪᠦᠷᠢ ᠳᠡᠭᠡᠭᠰᠢ ᠪᠡᠨ ᠬᠠᠷᠠᠨ ᠳᠡᠷᠪᠡᠯᠵᠡᠬᠦ ᠬᠦᠦ ᠶ᠋ᠢᠨ ᠢ᠋ᠶ᠋ᠡᠨ ᠪᠣᠷᠣ ᠪᠣᠷᠣᠬᠠᠨ ᠪᠣᠣᠵᠠᠭᠠᠢ ᠶ᠋ᠢ ᠦᠨᠦᠰᠦᠨ ᠦᠨᠦᠰᠦᠨ ᠪᠠᠢᠯ᠎ᠠ᠃ ᠪᠦᠯᠵᠢᠭᠡᠨ ᠬᠠᠲᠤᠨ ᠰᠡᠳᠬᠢᠯ ᠲᠠᠯᠪᠢᠭᠤᠨ ᠢᠨᠢᠶᠡᠵᠦ᠂
一 ᠬᠠᠭᠠᠨ ᠲᠠᠨ ᠤ᠋ ᠬᠢ ᠪᠡᠷ ᠪᠣᠯᠤᠭ ᠭᠡᠵᠦ ᠠᠶᠠᠳᠠᠭᠤᠬᠠᠨ ᠥᠭᠦᠯᠡᠪᠡ᠃ ᠶᠡᠷᠦ ᠠᠯᠢᠪᠠ ᠦᠢᠯᠡ ᠳ᠋ᠦ᠍ ᠡᠷ᠎ᠡ ᠬᠥᠮᠦᠨ ᠦ᠌ ᠮᠠᠲᠠᠯ ᠳ᠋ᠤ᠌ ᠪᠦᠷᠢᠨ ᠣᠷᠣᠵᠤ ᠶᠠᠮᠠᠷ ᠴᠤ᠌ ᠠᠭᠠᠰᠢ ᠠᠶᠠᠭ ᠢ᠋ ᠲᠡᠪᠴᠢᠨ ᠥᠩᠭᠡᠷᠡᠭᠦᠯᠬᠦ ᠨᠠᠮᠳᠠᠭᠤ ᠠᠭᠠᠯᠢ ᠵᠥᠭᠡᠯᠡᠨ ᠵᠠᠩ ᠨᠢ ᠬᠡᠨ ᠭᠤᠸᠠᠢ ᠶ᠋ᠢᠨ ᠴᠦ᠍ ᠬᠦᠰᠡᠯ ᠢ᠋ ᠪᠠᠳᠠᠷᠠᠭᠠᠬᠤ ᠰᠢᠳᠢ ᠲᠡᠢ ᠠᠵᠤᠭᠤ᠃ ᠬᠣᠲᠣᠯᠠ ᠨᠣᠶᠠᠨ ᠲᠠᠲᠠᠪᠤᠷᠢ ᠬᠠᠲᠤᠨ ᠤ᠋ ᠪᠠᠨ ᠨᠠᠭᠠᠯᠢᠩᠬᠠᠢ ᠠᠭᠠᠰᠢᠨ ᠳ᠋ᠤ᠌ ᠠᠪᠲᠠᠨ ᠰᠡᠳᠬᠢᠯ ᠠᠯᠳᠠᠵᠤ᠂ ᠡᠳ᠋ᠯᠡᠨ ᠵᠢᠷᠭᠠᠬᠤ ᠶ᠋ᠢᠨ ᠡᠲᠡᠭᠡᠳ ᠠᠳᠠ ᠮᠥᠷ ᠨᠡᠪᠲᠡ ᠰᠢᠩᠭᠡᠭᠰᠡᠨ ᠨᠢᠳᠦ ᠪᠡᠷ ᠲᠣᠪᠴᠢ ᠨᠢ ᠮᠤᠯᠲᠤᠷᠠᠲᠠᠯ᠎ᠠ ᠴᠣᠭᠣ ᠰᠢᠷᠳᠡᠵᠦ᠂
一 ᠴᠢ ᠮᠠᠭᠤᠬᠠᠢ ᠬᠦᠦ ᠲᠥᠷᠥᠭᠦᠯᠵᠦ ᠥᠭᠭᠦᠭᠰᠡᠨ ᠶᠦᠮ ᠰᠢᠦ! ᠭᠡᠯᠡ᠃ ᠡᠨᠡ ᠬᠦ᠌ ᠭᠠᠯ ᠪᠠᠶᠠᠷᠯᠠᠭᠤᠯᠤᠭᠰᠠᠨ ᠨᠠᠮ ᠭᠦᠮ ᠢ᠋ ᠡᠪᠳᠡᠵᠦ ᠭᠡᠷ ᠦ᠋ᠨ ᠰᠢᠪᠡᠭᠴᠢᠨ ᠡᠮᠡᠰ ᠰᠠᠨᠳᠤᠷᠤᠤ ᠣᠷᠣᠵᠤ ᠢᠷᠡᠭᠰᠡᠨ ᠢ᠋ᠶ᠋ᠡᠨ᠂
一 ᠨᠣᠶᠠᠨ ᠲᠠ ᠥᠷᠥᠰᠢᠶᠡ! ᠬᠠᠷᠠᠭᠤᠯ ᠤ᠋ᠨ ᠥᠨᠳᠥᠷ ᠡᠴᠡ ᠶᠠᠭᠠᠷᠠᠤ ᠡᠯᠴᠢ ᠢᠷᠡᠯ᠎ᠡ ᠭᠡᠬᠦ ᠳ᠋ᠦ᠍ ᠬᠣᠲᠣᠯᠠ ᠨᠣᠶᠠᠨ ᠥᠨᠳᠡᠰᠬᠢᠭᠰᠡᠨ ᠢ᠋ᠶ᠋ᠡᠨ ᠪᠤᠴᠠᠨ ᠰᠠᠭᠤᠵᠤ᠂
一 ᠨᠤᠭᠤᠨ ᠦᠷ᠎ᠡ ᠲᠥᠷᠥᠭᠦᠯᠵᠦ ᠥᠭᠭᠦᠭᠰᠡᠨ ᠪᠦᠯᠵᠢᠭᠡᠨ ᠬᠠᠲᠤᠨ ᠠ᠋ᠴᠠ ᠨᠢᠭᠤᠬᠤ ᠶᠠᠭᠤᠮ᠎ᠠ ᠬᠠᠮᠤᠭ ᠮᠣᠩᠭᠣᠯ ᠤ᠋ᠨ ᠬᠠᠭᠠᠨ ᠲᠥᠷᠥ ᠳ᠋ᠦ᠍ ᠪᠠᠢᠬᠤ ᠤᠴᠢᠷ ᠦᠭᠡᠢ᠂ ᠡᠯᠴᠢ ᠶ᠋ᠢ ᠤᠷᠤᠭᠤᠯ ᠠ᠋ ᠬᠡᠮᠡᠪᠡ᠃ ᠢᠷᠡᠭᠰᠡᠨ ᠡᠯᠴᠢ ᠶ᠋ᠢᠨ ᠭᠡᠮ ᠬᠡᠮᠨᠡᠯ ᠳ᠋ᠦ᠍ ᠠᠪᠲᠠᠵᠤ ᠠᠮᠠ ᠪᠠᠨ ᠠᠷᠭᠠᠲᠠᠯᠠ ᠠᠮᠢᠰᠬᠤᠭᠠᠳᠠᠨ ᠵᠣᠭᠰᠣᠭᠰᠠᠨ ᠰᠢᠪᠡᠭᠴᠢᠨ ᠡᠮ᠎ᠡ ᠰᠠᠯᠬᠢ ᠲᠠᠲᠠᠭᠤᠯᠤᠨ ᠭᠠᠷᠴᠤ ᠣᠳᠬᠤ ᠳ᠋ᠤ᠌ ᠬᠣᠲᠣᠯᠠ ᠨᠣᠶᠠᠨ᠂
一 ᠪᠦᠯᠵᠢᠭᠡᠨ ᠬᠦᠦ ᠪᠡᠨ ᠥᠯᠥᠭᠡᠢᠳᠡ ᠭᠡᠪᠡ᠃ ᠪᠦᠯᠵᠢᠭᠡᠨ ᠬᠠᠲᠤᠨ ᠤ᠋ ᠪᠢᠲᠡᠭᠦᠦ ᠰᠢᠷᠢᠮᠡᠯ ᠳᠡᠪᠢᠰᠭᠡᠷᠦᠨᠡ ᠳᠦᠷᠡᠯᠵᠡᠬᠦ ᠭᠠᠯ ᠤ᠋ᠨ ᠳᠡᠭᠡᠭᠦᠷ ᠮᠥᠯᠬᠥᠨ ᠢᠷᠡᠵᠦ ᠬᠠᠭᠤᠴᠢᠨ ᠨᠡᠬᠡᠢ ᠥᠯᠥᠭᠡᠢ ᠳ᠋ᠦ᠍ᠨᠢ ᠬᠦᠦ ᠪᠡᠨ ᠣᠷᠢᠶᠠᠨ᠂ ᠬᠣᠶᠠᠷ ᠬᠥᠬᠥᠨ ᠦ᠌ ᠪᠡᠨ ᠬᠣᠭᠣᠷᠣᠨᠳᠣ ᠶᠠᠮᠠᠷᠪᠠ ᠮᠠᠭᠤ ᠢᠷᠣ᠎ᠠ ᠠ᠋ᠴᠠ ᠬᠠᠷᠠᠮᠨᠠᠬᠤ ᠮᠡᠲᠦ ᠲᠠᠰᠤ ᠲᠡᠪᠡᠷᠢᠯ᠎ᠡ᠃ ᠢᠵᠢᠢ ᠬᠠᠲᠤᠨ ᠲᠤᠯᠭᠠᠨ ᠲᠣᠲᠣᠭᠣᠨ ᠠ᠋ᠴᠠ ᠬᠦ ᠵᠠᠯᠠᠵᠤ ᠬᠦᠦ ᠶ᠋ᠢᠨ ᠢ᠋ᠶ᠋ᠡᠨ ᠬᠠᠮᠠᠷ ᠬᠥᠳᠡᠵᠦ ᠰᠠᠭᠤᠲᠠᠯ᠎ᠠ ᠢᠰᠡᠭᠡᠢ ᠡᠭᠦᠳᠡ ᠰᠡᠪᠬᠢᠨ ᠣᠩᠭᠣᠢᠵᠤ ᠪᠠᠰᠤᠳ ᠤ᠋ᠨ ᠪᠠᠯᠬᠠᠴᠢ ᠣᠷᠣᠵᠤ ᠢᠷᠡᠵᠡᠢ᠃
ᠲᠡᠭᠦᠨ ᠦ᠌ ᠴᠢᠷᠠᠢ ᠴᠣᠩᠬᠢᠭᠠᠷ᠂ ᠨᠢᠳᠦ ᠬᠤᠷᠴᠠ ᠠᠵᠢ᠃ ᠶᠡᠷᠦ ᠬᠠᠷᠠᠭᠠᠳ ᠯᠠ ᠠᠮᠪᠠᠭᠠᠢ ᠬᠠᠭᠠᠨ ᠤ᠋ ᠰᠠᠢᠬᠠᠨ ᠰᠡᠳᠬᠢᠯ ᠲᠠᠯᠠᠭᠠᠷ ᠪᠣᠯᠤᠭᠰᠠᠨ ᠢ᠋ ᠬᠣᠲᠣᠯᠠ ᠣᠢᠯᠠᠭᠠᠪᠠ᠃ ᠪᠠᠰᠤᠳ ᠤ᠋ᠨ ᠪᠠᠯᠬᠠᠴᠢ ᠶᠡᠦᠳᠡᠨ ᠮᠠᠯᠠᠭᠠᠢ ᠪᠠᠨ ᠰᠢᠪᠲᠤ ᠲᠡᠳᠡᠨ ᠠᠪᠴᠤ ᠰᠤᠭᠤᠨ ᠳ᠋ᠠᠭᠠᠨ ᠬᠠᠪᠴᠢᠭᠤᠯᠤᠭᠠᠳ᠂
— ᠬᠠᠪᠤᠯ ᠬᠠᠭᠠᠨ ᠤ᠋ ᠳᠣᠯᠣᠭᠠᠨ ᠬᠥᠪᠡᠭᠦᠨ ᠦ᠌
ᠬᠠᠮᠤᠭ ᠤ᠋ᠨ ᠳᠥᠯᠭᠡᠬᠡᠨ ᠨᠢ ᠬᠣᠲᠣᠯᠠ ᠪᠢᠯᠡ
ᠲᠤᠭᠤᠷᠭᠠᠨ ᠤ᠋ ᠬᠢᠨᠢ ᠳᠣᠲᠣᠷ᠎ᠠ ᠣᠷᠣᠵᠤ ᠬᠡᠯᠡ!
ᠲᠤᠯᠭᠠᠨ ᠤ᠋ ᠬᠢᠨᠢ ᠵᠠᠬ᠎ᠠ ᠳ᠋ᠤ᠌ ᠱᠠᠯᠠᠵᠤ ᠬᠡᠯᠡ! ᠭᠡᠵᠦ ᠠᠮᠪᠠᠭᠠᠢ ᠬᠠᠭᠠᠨ ᠨᠠᠮᠠᠶ᠋ᠢ ᠢᠯᠡᠭᠡᠭᠰᠡᠨ ᠪᠢᠯᠡ᠃ ᠡᠢᠮᠦ ᠶ᠋ᠢᠨ ᠤᠴᠢᠷ ᠦᠳᠡᠰᠢ ᠣᠷᠣᠢ ᠭᠡᠯ ᠦᠭᠡᠢ ᠦᠷᠭᠦᠭᠡᠨ ᠳ᠋ᠦ᠍ ᠲᠠᠨᠢ ᠪᠠᠷᠠᠯᠬᠠᠪᠠ᠂ ᠥᠷᠥᠰᠢᠶᠡ! ᠰᠡᠪᠡᠯᠭᠡ ᠨᠣᠢᠲᠠᠨ ᠦᠷ᠎ᠡ ᠶ᠋ᠢ ᠲᠠᠨᠢ ᠠᠶᠤᠯᠭᠠᠵᠤ᠂ ᠰᠡᠳᠬᠢᠯ ᠲᠦᠪᠰᠢᠨ ᠬᠠᠲᠤᠨ ᠢ᠋ ᠲᠠᠨᠢ ᠰᠣᠴᠢᠭᠠᠭᠰᠠᠨ ᠪᠣᠯ ᠥᠷᠥᠰᠢᠶᠡ! ᠭᠡᠬᠦ ᠳ᠋ᠦ᠍ ᠬᠣᠲᠣᠯᠠ᠂
— ᠡᠮᠡᠭᠡᠯ ᠦ᠋ᠨ ᠳᠠᠭᠤᠤ ᠪᠠᠨ ᠪᠡᠷᠢ! ᠬᠡᠮᠡᠪᠡ᠃ ᠪᠠᠰᠤᠳ ᠤ᠋ᠨ ᠪᠠᠯᠬᠠᠴᠢ ᠦᠭᠡ ᠪᠡᠨ ᠡᠪᠯᠡᠭᠦᠯᠵᠦ ᠬᠣᠷᠣᠮ ᠬᠢᠷᠢ ᠪᠣᠳᠣᠯᠬᠢᠯᠠᠬᠤ ᠳ᠋ᠤ᠌ ᠬᠣᠲᠣᠯᠠ ᠨᠣᠶᠠᠨ ᠣᠷᠣᠨ ᠤ᠋ ᠬᠥᠨᠳᠡᠢ ᠡᠴᠡ ᠬᠤᠨ ᠬᠤᠭᠤᠷ ᠠᠪᠴᠤ ᠪᠠᠷᠢᠯ᠎ᠠ᠃ ᠪᠠᠯᠠᠭᠴᠢ ᠪᠠᠬᠢᠮ ᠭᠠᠷ ᠲᠠᠭᠠᠨ ᠡᠮᠵᠡᠭ ᠬᠤᠭᠤᠷ ᠢ᠋ ᠲᠠᠰᠤ ᠠᠳᠬᠤᠨ ᠬᠣᠷᠣᠮ ᠬᠢᠷᠢ ᠠᠵᠢᠭᠰᠠᠨ ᠢ᠋ᠶ᠋ᠠᠨ᠂ ᠡᠪᠡᠷᠰᠢᠭᠰᠡᠨ ᠮᠣᠢᠨᠣᠭ ᠬᠤᠷᠤᠭᠤ ᠪᠠᠷ ᠴᠢᠪᠬᠠᠳᠠᠰᠤ ᠶᠠᠭᠤ ᠶ᠋ᠢ ᠨᠢ ᠲᠡᠮᠲᠡᠷᠢᠨ ᠡᠭᠡᠰᠢᠭ ᠠᠶᠠᠯᠭᠤ ᠪᠠᠨ ᠡᠷᠢᠯ᠎ᠡ᠃ ᠴᠢᠩᠭᠢᠵᠦ ᠬᠣᠷᠣᠮ ᠬᠢᠷᠢ ᠪᠣᠯᠤᠭᠰᠠᠨ ᠢ᠋ᠶ᠋ᠠᠨ ᠠᠶᠠᠯᠭᠤ ᠤᠷᠤᠰᠤᠨ ᠬᠥᠯᠯᠡᠬᠦ ᠳ᠋ᠦ᠍ ᠠᠮᠪᠠᠭᠠᠢ ᠬᠠᠭᠠᠨ ᠤ᠋ ᠭᠡᠭᠡᠨ ᠳᠦᠷᠢ ᠠᠯᠭᠤᠷ ᠲᠣᠳᠣᠷᠠᠵᠤ᠂ ᠲᠦᠳᠡᠬᠡᠨ ᠬᠡᠯᠡᠭᠰᠡᠨ ᠦᠭᠡ ᠨᠢ ᠰᠠᠨᠠᠭᠠᠨ ᠳ᠋ᠤ᠌ ᠣᠷᠭᠣᠭᠠᠳ ᠢᠷᠡᠵᠡᠢ᠃ ᠪᠠᠰᠤᠳ ᠤ᠋ᠨ ᠪᠠᠯᠬᠠᠴᠢ ᠡᠭᠡᠭᠡ ᠯᠡ ᠣᠪᠣᠭ ᠤ᠋ᠨ ᠬᠣᠷᠴᠢ ᠮᠡᠲᠦ ᠥᠭᠦᠯᠡᠨ ᠥᠭᠦᠯᠡᠨ᠂
ᠲᠠᠪᠤᠨ ᠬᠤᠷᠤᠭᠤᠨ ᠤ᠋ ᠬᠢᠮᠤᠰᠤ ᠶ᠋ᠢ ᠲᠠᠮᠲᠤᠷᠠᠲᠠᠯ᠎ᠠ
ᠳᠠᠬᠤᠯᠠᠢ ᠵᠢᠭᠠᠬᠠᠨ ᠪᠡᠶ᠎ᠡ ᠪᠡᠨ ᠳᠠᠭᠤᠰᠲᠠᠯ᠎ᠠ
ᠲᠠᠲ᠋ᠠᠷ ᠠ᠋ᠴᠠ ᠮᠢᠨᠦ ᠥᠰᠢᠶ᠎ᠡ ᠠᠪᠤᠭᠲᠤᠨ!
ᠲᠠᠭᠠᠯᠠᠵᠤ ᠲᠩᠷᠢ ᠥᠷᠥᠰᠢᠶᠡᠬᠦ ᠪᠣᠯᠲᠤᠭᠠᠢ! ᠭᠡᠮᠡᠨ ᠡᠮᠡᠭᠡᠯ ᠦ᠋ᠨ ᠳᠠᠭᠤ ᠪᠠᠨ ᠵᠢᠷᠭᠠᠭᠠᠪᠠ᠃
ᠪᠦᠯᠵᠢᠭᠡᠨ ᠬᠠᠲᠤᠨ ᠥᠯᠥᠭᠡᠢ ᠲᠡᠢ ᠬᠦᠦ ᠪᠡᠨ ᠲᠠᠰᠤ ᠲᠡᠪᠡᠷᠢᠨ ᠳᠠᠭᠵᠢᠲᠠᠯ᠎ᠠ ᠴᠡᠴᠡᠷᠡᠵᠦ ᠪᠠᠢᠯ᠎ᠠ᠃ ᠲᠡᠭᠦᠨ ᠦ᠌ ᠰᠢᠯᠤᠭᠤᠨ ᠬᠠᠮᠠᠷ ᠤ᠋ᠨ ᠤᠷᠠᠨ ᠰᠠᠮᠰᠠ ᠳᠡᠭᠡᠷ᠎ᠡ ᠳᠤᠰᠤᠯ ᠨᠢᠯᠪᠤᠰᠤ ᠪᠦᠨᠵᠢᠭᠡᠨᠡᠨ ᠤᠷᠤᠭᠤᠯ ᠨᠢ ᠬᠡᠳᠦᠨᠲᠡ ᠴᠣᠷᠪᠣᠯᠵᠠᠭᠰᠨᠨ ᠢ᠋ᠶ᠋ᠠᠨ ᠲᠡᠰᠴᠦ ᠴᠢᠳᠠᠯ ᠦᠭᠡᠢ᠂
— ᠦᠭᠡ ᠬᠥᠪᠡᠭᠦᠨ ᠪᠠᠢᠪᠠ ᠤᠤ? ᠭᠡᠬᠦ ᠳ᠋ᠦ᠍ ᠪᠠᠰᠤᠳ ᠤ᠋ᠨ ᠪᠠᠯᠬᠠᠴᠢ ᠰᠣᠴᠢᠬᠤ ᠮᠡᠲᠦ ᠣᠪᠣᠭᠣᠰᠬᠢᠨ ᠬᠠᠷᠠᠭᠰᠠᠨ ᠢ᠋ᠶ᠋ᠠᠨ᠂
— ᠪᠠᠢᠭᠰᠠᠨ ᠠ᠋᠂ ᠬᠠᠲᠤᠨ ᠮᠢᠨᠢ ᠪᠠᠢᠭᠰᠠᠨ᠂ ᠪᠠᠢᠬᠤ ᠪᠠᠷ ᠪᠠᠷᠠᠬᠤ ᠦᠭᠡᠢ ᠭᠣᠣᠯᠯᠠᠬᠤ ᠨᠣᠶᠠᠨ ᠨᠢ ᠪᠣᠯᠤᠯᠲᠠᠢ ᠶᠤᠮ ᠪᠢᠯᠡ ᠭᠡᠬᠦ ᠳ᠋ᠦ᠍ ᠭᠤᠸ᠎ᠠ ᠬᠠᠲᠤᠨ ᠤ᠋ ᠤᠯᠠᠭ᠎ᠠ ᠪᠤᠲᠠᠷᠠᠭᠰᠠᠨ ᠶᠠᠭᠠᠨ ᠴᠢᠷᠠᠢ ᠬᠤᠪᠠᠬᠠᠢ ᠴᠠᠢᠵᠤ᠂
— ᠬᠥᠮᠦᠨ ᠠᠯᠠᠪᠠ ᠭᠡᠵᠦ ᠤᠤ ᠬᠡᠮᠡᠯ᠎ᠡ᠃ ᠰᠠᠢᠬᠠᠨ ᠪᠦᠯᠵᠢᠭᠡᠨ ᠦ᠌ ᠬᠣᠶᠠᠷ ᠨᠢᠳᠦ ᠪᠠᠰᠤᠳ ᠤ᠋ᠨ ᠪᠠᠯᠬᠠᠴᠢ ᠶ᠋ᠢ ᠵᠠᠢ ᠦᠭᠡᠢ ᠡᠭᠡᠷᠡᠵᠦ᠂
— ᠬᠥᠮᠦᠨ ᠠᠯᠠᠯ᠎ᠠ ᠭᠡᠵᠦ ᠤᠤ⁈ ᠬᠡᠮᠡᠬᠦ ᠳ᠋ᠦ᠍᠂
— ᠶᠡᠷᠦ ᠠᠯᠠᠬᠤ ᠪᠣᠯᠤᠯᠲᠠᠢ ᠬᠥᠮᠦᠨ ᠪᠢᠯᠡ ᠭᠡᠳ ᠪᠤᠷᠤᠭᠤ ᠴᠤ᠌ ᠶᠠᠭᠤᠮ᠎ᠠ ᠬᠡᠯᠡᠴᠢᠬᠡᠪᠡ ᠤᠤ ᠭᠡᠬᠦ ᠠᠶ᠎ᠠ ᠲᠠᠢ ᠬᠣᠲᠣᠯᠠ ᠨᠣᠶᠠᠨ ᠤᠷᠤᠭᠤ ᠬᠠᠷᠠᠵᠤ᠂ ᠲᠡᠭᠡᠭᠰᠡᠨ ᠢ᠋ᠶ᠋ᠡᠨ ᠣᠶᠤᠨ ᠰᠠᠨᠠᠭᠠᠨ ᠳ᠋ᠤᠨᠢ ᠪᠦᠦᠷ ᠲᠥᠥᠷᠬᠡᠨ ᠰᠣᠨᠣᠰᠤᠭᠰᠠᠨ ᠬᠣᠯᠠ ᠶ᠋ᠢᠨ ᠬᠣᠪ ᠵᠢᠪ ᠰᠣᠨᠣᠰᠳᠠᠪᠠ ᠪᠣᠯᠤᠯᠲᠠᠢ ᠬᠦᠯᠲᠦᠰᠬᠡᠨ ᠴᠢᠮᠡᠭᠡ ᠲᠠᠰᠤᠷᠠᠯ᠎ᠠ᠃ ᠬᠡᠷᠡᠭ ᠦᠭᠡᠢ ᠭᠠᠵᠠᠷ ᠣᠯᠢᠭ ᠦᠭᠡᠢ ᠦᠭᠡ ᠬᠡᠯᠡᠪᠡ ᠭᠡᠮᠡᠨ ᠠᠶᠤᠭᠰᠠᠨ ᠨᠢ ᠪᠣᠢ᠃ ᠴᠢᠩᠭᠢᠲᠡᠯ᠎ᠡ ᠬᠣᠲᠣᠯᠠ ᠨᠣᠶᠠᠨ᠂
— ᠰᠣᠨᠣᠰᠪᠠ᠂ ᠪᠠᠯᠠᠭᠴᠢ ᠴᠢ ᠣᠳᠣ ᠮᠣᠷᠳᠠ᠂ ᠲᠠᠢᠴᠢᠭᠤᠳ ᠤ᠋ᠨ ᠬᠠᠲᠠᠭᠠᠨ ᠨᠣᠶᠠᠨ ᠤ᠋
ᠲᠣᠭᠣᠨᠣᠨ ᠳᠡᠭᠡᠷ᠎ᠡ ᠨᠢ ᠰᠢᠪᠠᠭᠤ ᠪᠣᠯᠵᠤ ᠬᠡᠯᠡ!
ᠲᠣᠲᠣᠭᠣᠨ ᠳᠡᠭᠡᠷ᠎ᠡ ᠨᠢ ᠪᠠᠷ᠎ᠠ ᠪᠣᠯᠵᠤ ᠬᠡᠯᠡ! ᠬᠡᠮᠡᠬᠦ ᠳ᠋ᠦ᠍ ᠬᠤᠯᠤᠭᠠᠨ᠎ᠠ ᠵᠠᠯᠭᠢᠭᠰᠠᠨ ᠮᠣᠭᠠᠢ ᠮᠡᠲᠦ ᠬᠦᠯᠲᠦᠭᠡᠨᠡᠵᠦ ᠰᠠᠭᠤᠭᠰᠠᠨ ᠡᠷ᠎ᠡ ᠦᠷᠭᠦᠭᠰᠡᠨ ᠲᠡᠮᠡᠭᠡ ᠰᠢᠭ ᠳᠡᠷᠬᠢᠨ ᠪᠣᠰᠤᠭᠠᠳ ᠭᠠᠷᠴᠤ ᠣᠳᠤᠯ᠎ᠠ᠃ ᠬᠠᠷ᠎ᠠ ᠡᠯᠢᠭᠡ ᠶ᠋ᠢᠨ ᠬᠥᠮᠦᠨ ᠦ᠌ ᠶᠠᠪᠤᠬᠤ ᠶ᠋ᠢ ᠬᠦᠯᠢᠶᠡᠵᠦ ᠪᠠᠢᠭᠰᠠᠨ ᠮᠡᠲᠦ ᠪᠦᠯᠵᠢᠭᠡᠨ ᠬᠠᠲᠤᠨ ᠶᠠᠩᠭᠢᠨᠠᠲᠠᠯ᠎ᠠ ᠤᠬᠢᠯᠠᠵᠤ᠂
一 ᠪᠢ ᠶᠠᠮᠠᠷ ᠦᠢᠯᠡ ᠶ᠋ᠢᠨ ᠦᠷ᠎ᠡ ᠲᠡᠢ ᠠᠮᠢᠲᠠᠨ ᠪᠢᠯᠡ᠁ ᠭᠡᠮᠡᠨ ᠭᠠᠰᠠᠯᠪᠠ᠃ ᠴᠢᠩᠭᠢᠭᠰᠡᠨ ᠢ᠋ᠶ᠋ᠡᠨ ᠨᠢᠯᠪᠤᠰᠤ ᠪᠠᠨ ᠠᠷᠴᠢᠯ ᠦᠭᠡᠢ ᠤᠷᠤᠰᠬᠠᠨ ᠭᠠᠯ ᠢ᠋ᠶ᠋ᠠᠨ ᠰᠢᠷᠲᠡᠵᠦ᠂
一 ᠬᠥᠮᠦᠨ ᠪᠣᠯᠵᠤ ᠬᠣᠷᠸ᠎ᠠ ᠳ᠋ᠤ᠌ ᠲᠥᠷᠥᠭᠦᠯᠦᠭᠰᠡᠨ ᠡᠬᠡ ᠪᠡᠨ ᠦᠯᠦ ᠪᠣᠳᠣᠬᠤ ᠨᠢ ᠶᠠᠮᠠᠷ ᠬᠥᠮᠦᠨ ᠦ᠌ ᠶᠣᠰᠣ ᠪᠢᠯᠡ᠃ ᠬᠠᠷᠢ ᠶ᠋ᠢᠨ ᠭᠠᠵᠠᠷ ᠲᠤ᠌ ᠬᠠᠶᠠᠵᠤ ᠣᠳᠴᠢᠬᠠᠭᠠᠳ ᠬᠠᠨᠢᠯᠠᠭᠰᠠᠨ ᠡᠷ᠎ᠡ ᠶ᠋ᠢᠨ ᠬᠢᠨᠢ ᠬᠠᠮᠢᠶᠠᠲᠠᠨ ᠰᠠᠳᠤᠨ ᠢ᠋ ᠬᠠᠮᠤᠵᠤ ᠠᠯᠠᠬᠤ ᠨᠢ ᠶᠠᠮᠠᠷ ᠶᠣᠰᠣ ᠪᠢᠯᠡ᠃ ᠲᠥᠷᠥᠭᠦᠯᠦᠭᠰᠡᠨ ᠦᠷ᠎ᠡ ᠨᠢ ᠡᠢᠨ ᠬᠣᠯᠠ ᠳ᠋ᠤ᠌ ᠳᠠᠢᠰᠤᠩᠨᠠᠵᠤ ᠶᠠᠪᠤᠬᠤ ᠳ᠋ᠤ᠌ ᠲᠥᠷᠥᠭᠰᠡᠨ ᠡᠬᠡ ᠨᠢ ᠣᠢᠷ᠎ᠠ ᠳ᠋ᠤ᠌ ᠰᠢᠳᠠᠷᠯᠠᠵᠤ ᠲᠠᠨ ᠤ᠋ ᠬᠣᠭᠣᠯᠠ ᠬᠣᠷᠣᠭᠠᠬᠤ ᠶᠠᠮᠠᠷ ᠶᠣᠰᠣ ᠪᠢᠯᠡ ᠭᠡᠮᠡᠨ ᠭᠤᠨᠢᠭᠲᠠᠢᠬᠠᠨ ᠬᠡᠯᠡᠵᠡᠢ᠃ ᠬᠣᠲᠣᠯᠠ ᠨᠣᠶᠠᠨ ᠲᠥᠷᠥ ᠶ᠋ᠢᠨ ᠪᠤᠭᠤᠯᠠᠭ᠎ᠠ ᠥᠪᠡᠷ ᠦ᠋ᠨ ᠨᠢᠷᠤᠭᠤᠨ ᠳᠡᠭᠡᠷ᠎ᠡ ᠪᠠᠭᠤᠭᠰᠠᠨ ᠢ᠋ ᠭᠦᠨ᠎ᠡ ᠤᠬᠠᠭᠠᠷᠠᠵᠤ᠂ ᠭᠠᠯ ᠰᠢᠷᠲᠡᠨ ᠪᠣᠳᠣᠯᠭᠠᠰᠢᠷᠠᠵᠤ ᠰᠠᠭᠤᠭᠰᠠᠨ ᠢ᠋ᠶ᠋ᠠᠨ᠂
一 ᠵᠠᠶᠠᠭ᠎ᠠ ᠲᠥᠭᠡᠷᠭᠡ ᠡᠢᠮᠦ ᠠᠵᠢ᠃ ᠮᠥᠩᠬᠡ ᠲᠡᠭᠷᠢ ᠮᠡᠳᠡᠲᠦᠭᠡᠢ! ᠭᠡᠳ ᠤᠬᠤᠰᠬᠢᠨ ᠪᠣᠰᠴᠤ᠂ ᠠᠯᠲᠠᠨ ᠲᠢᠲᠢᠮᠲᠦ ᠬᠣᠷᠭᠣᠢ ᠶᠡᠦᠳᠡᠨ ᠢ᠋ᠶ᠋ᠡᠨ ᠡᠮᠦᠰᠬᠦ ᠳ᠋ᠦ᠍ ᠪᠦᠯᠵᠢᠭᠡᠨ ᠬᠠᠲᠤᠨ ᠳᠠᠭᠠᠭᠤᠯᠤᠨ ᠬᠠᠷᠠᠵᠤ ᠬᠠᠷᠠᠵᠤ᠂
一 ᠲᠠ ᠬᠠᠮᠢᠭ᠎ᠠ ᠣᠴᠢᠬᠤ ᠨᠢ ᠪᠣᠢ? ᠬᠡᠮᠡᠪᠡ᠃ ᠬᠣᠲᠣᠯᠠ ᠨᠣᠶᠠᠨ ᠮᠥᠩᠭᠥᠨ ᠲᠣᠨᠣᠭ ᠲᠠᠢ ᠰᠣᠷᠣᠨ ᠪᠦᠰᠡ ᠪᠡᠨ ᠵᠠᠪᠬᠠᠢᠳᠠᠯᠠ ᠪᠦᠰᠡᠯᠡᠵᠦ᠂
一 ᠬᠤᠷᠠᠯᠲᠠᠢ ᠵᠠᠷᠯᠠᠶ᠎ᠠ! ᠭᠡᠪᠡᠯ᠂
一 ᠬᠤᠲᠤᠭᠲᠤ ᠠᠬ᠎ᠠ ᠪᠠᠢᠯᠳᠤᠶ᠎ᠠ ᠯᠠ ᠭᠡᠬᠦ ᠪᠠᠢᠬ᠎ᠠ ᠳᠠ! ᠭᠡᠵᠦ ᠢᠵᠢᠢ ᠬᠠᠲᠤᠨ ᠭᠦᠨ ᠡᠮᠭᠡᠨᠢᠯ ᠲᠡᠢ ᠥᠭᠦᠯᠡᠪᠡ᠃
一 ᠲᠡᠭᠡᠵᠦ ᠯᠡ ᠲᠠᠭᠠᠷᠠᠨ᠎ᠠ ᠪᠢᠵᠡ ᠠ᠋᠃
一 ᠲᠠ ᠶᠠᠪᠤᠬᠤ ᠤᠤ?
一 ᠶᠠᠪᠤᠵᠤ ᠯᠠ ᠲᠠᠭᠠᠷᠠᠨ᠎ᠠ ᠪᠢᠵᠡ ᠠ᠋᠃
一 ᠦᠭᠡ ᠲᠡᠢ ᠲᠠᠭᠠᠷᠠᠬᠤ ᠯᠠ ᠪᠠᠢᠬ᠎ᠠ ᠳᠠ?
一 ᠬᠠᠷᠢᠨ᠁
~ ᠦᠷᠭᠦᠯᠵᠢᠯᠡᠯ ᠪᠣᠢ~
