ᠮᠣᠩᠭᠣᠯ ᠦᠰᠦᠭ ᠦᠨ ᠦᠵᠡᠭᠦᠯᠦᠯᠭᠡМонгол үсэгийн үзүүллэг
ᠮᠣᠩᠭᠣᠯ ᠦᠰᠦᠭ ᠦᠨ ᠦᠵᠡᠭᠦᠯᠦᠯᠭᠡ
ᠡᠨᠡ ᠤᠳᠠᠭ᠎ᠠ ᠮᠠᠨ ᠤ ᠴᠠᠬᠠᠷ ᠰᠣᠶᠣᠯ ᠤᠨ ᠨᠡᠶ᠋ᠢᠭᠡᠮᠯᠢᠭ ᠥᠪᠥᠷ ᠮᠤᠩᠭ᠋ᠤᠯ ᠦᠨ ᠴᠠᠬᠠᠷ ᠰᠣᠶᠣᠯ ᠤᠨ ᠨᠡᠶ᠋ᠢᠭᠡᠮᠯᠢᠭ ᠤᠯᠠᠭᠠᠨᠴᠠᠪ ᠬᠣᠲᠠ ᠶ᠋ᠢᠨ ᠴᠠᠬᠠᠷ ᠰᠣᠶᠣᠯ ᠤᠨ ᠨᠡᠶ᠋ᠢᠭᠡᠮᠯᠢᠭ ᠴᠠᠬᠠᠷ ᠪᠠᠷᠠᠭᠤᠨ ᠭᠠᠷᠤᠨ ᠬᠣᠶ᠋ᠢᠲᠤ ᠬᠤᠰᠢᠭᠤᠨ ᠤ ᠴᠠᠬᠠᠷ ᠰᠣᠶᠣᠯ ᠤᠨ ᠰᠤᠳᠤᠯᠤᠨ ᠠᠬᠢᠭᠤᠯᠬᠤ ᠨᠡᠶ᠋ᠢᠭᠡᠮᠯᠢᠭ ᠭᠤᠷᠪᠠᠨ ᠨᠡᠶ᠋ᠢᠭᠡᠮᠯᠢᠭ ᠢᠶ᠋ᠡᠨ ᠲᠥᠯᠥᠭᠡᠯᠡᠭᠡᠳ ᠮᠠᠨ ᠤ ᠪᠣᠰᠤᠭ᠎ᠠ ᠮᠣᠩᠭᠣᠯ ᠦᠰᠦᠭ ᠴᠠᠬᠠᠷ ᠰᠣᠶᠣᠯ ᠤᠨ ᠦᠵᠡᠭᠦᠯᠦᠯᠭᠡ ᠶ᠋ᠢ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠶ᠋ᠢᠨ ᠶᠡᠷᠦᠩᠬᠡᠢ ᠭᠠᠵᠠᠷ ᠤᠨ ᠡᠯᠴᠢᠨ ᠰᠠᠶ᠋ᠢᠳ ᠤᠨ ᠨᠡᠪᠲᠡᠷᠡᠬᠦ ᠭᠤᠳᠤᠮᠵᠢ ᠶ᠋ᠢᠨ ᠲᠤᠰᠬᠠᠢ ᠥᠷᠥᠭᠡᠨ ᠳᠦ ᠶᠠᠪᠤᠭᠳᠠᠯ᠎ᠠ ᠂ ᠡᠨᠡ ᠵᠡᠷᠭᠡ ᠶ᠋ᠢᠨ ᠭᠠᠵᠠᠷ ᠨᠢᠭᠡ ᠦᠵᠡᠭᠦᠯᠦᠯᠭᠡ ᠶᠠᠪᠤᠭᠳᠠᠭᠤᠯᠬᠤ ᠳᠤ ᠳᠡᠮᠡᠢ ᠣᠯᠠᠨ ᠤᠯᠤᠰ ᠪᠠᠰᠠ ᠪᠡᠶᠡᠯᠡᠭᠦᠯᠵᠦ ᠴᠢᠳᠠᠭ᠎ᠠ ᠦᠭᠡᠢ ᠂ ᠣᠯᠠᠩᠬᠢ ᠨᠢ ᠣᠳᠣ ᠥᠭᠡᠷ᠎ᠡ ᠭᠠᠵᠠᠷ ᠪᠠᠶ᠋ᠢᠳᠠᠭ ᠶᠤᠮ ᠠ᠋ ᠂ ᠲᠡᠭᠡᠬᠦᠯᠡᠷ ᠡᠨᠡ ᠤᠳᠠᠭ᠎ᠠ ᠮᠠᠨ ᠤ ᠮᠣᠩᠭᠣᠯ ᠰᠣᠶᠣᠯ ᠤᠨ ᠲᠤᠬᠠᠢ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠠ᠋ᠴᠠ ᠲᠤᠩ ᠶᠡᠬᠡ ᠬᠦᠨᠳᠦᠳᠬᠡᠨ ᠦᠵᠡᠵᠦ ᠪᠠᠶ᠋ᠢᠨ᠎ᠠ ᠂ ᠵᠠ ᠢᠩᠭᠢᠭᠡᠳ ᠡᠬᠢᠯᠡᠯᠲᠡ ᠶ᠋ᠢᠨ ᠶᠣᠰᠣᠯᠠᠯ ᠳᠡᠭᠡᠷ᠎ᠡ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠶ᠋ᠢᠨ ᠳᠡᠳ᠋ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠯᠱ ᠰᠸᠮᠡᠷᠡ ᠮᠠᠨ ᠳᠤ ᠶᠡᠬᠡ ᠬᠠᠯᠠᠭᠤᠨ ᠪᠠᠶᠠᠷ ᠬᠦᠷᠭᠡᠵᠦ ᠮᠠᠨ ᠤ ᠡᠨᠡ ᠦᠵᠡᠭᠦᠯᠦᠯᠭᠡ ᠶᠠᠪᠤᠭᠳᠠᠭᠤᠯᠤᠭᠰᠠᠨ ᠳᠤ ᠶᠡᠬᠡ ᠰᠠᠶ᠋ᠢᠬᠠᠨ ᠦᠨᠡᠯᠡᠵᠦ ᠥᠭᠴᠡᠢ ᠂ ᠪᠢᠳᠡ ᠲᠠᠪᠤᠨ ᠡᠳᠦᠷ ᠦᠨ ᠦᠵᠡᠭᠦᠯᠦᠯᠭᠡ ᠪᠡᠷ ᠳᠠᠮᠵᠢᠭᠠᠳ ᠂ ᠵᠠᠭᠤ ᠵᠢᠷᠠ ᠶᠢᠰᠦᠨ ᠤᠯᠤᠰ ᠤᠨ ᠡᠯᠴᠢᠨ ᠰᠠᠶ᠋ᠢᠳ ᠮᠠᠨ ᠤ ᠦᠵᠡᠭᠦᠯᠦᠯᠭᠡ ᠶ᠋ᠢ ᠪᠦᠷ ᠣᠯᠵᠤ ᠦᠵᠡᠯ᠎ᠡ ᠂ ᠡᠶ᠋ᠢᠮᠦ ᠡᠴᠡ ᠡᠨᠡ ᠤᠳᠠᠭᠠᠨ ᠤ ᠦᠵᠡᠭᠦᠯᠦᠯᠭᠡ ᠪᠣᠯ ᠳᠡᠯᠡᠬᠡᠢ ᠶ᠋ᠢᠨ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠳᠤ ᠶᠠᠪᠤᠭᠳᠠᠭᠰᠠᠨ ᠣᠳᠣ ᠬᠡᠯᠡᠪᠡᠯ ᠡᠨᠡ ᠶᠢᠷᠲᠢᠨᠴᠦ ᠳᠦ ᠬᠠᠮᠤᠭ ᠤᠨ ᠳᠡᠭᠡᠷ᠎ᠡ ᠬᠡᠮᠵᠢᠶᠡᠨ ᠦ ᠦᠵᠡᠭᠦᠯᠦᠯᠭᠡ ᠪᠣᠯᠤᠨ᠎ᠠ ᠭᠡᠵᠦ ᠡᠨᠡ ᠪᠣᠯ ᠣᠳᠣ ᠮᠠᠨ ᠤ ᠣᠮᠣᠭᠰᠢᠮᠠᠷ ᠮᠠᠨ ᠤ ᠮᠣᠩᠭᠣᠯ ᠰᠣᠶᠣᠯ ᠳᠤ ᠪᠠᠨ ᠪᠢᠳᠡ ᠣᠮᠣᠭᠰᠢᠵᠤ ᠪᠠᠶ᠋ᠢᠨ᠎ᠠ ᠬᠥᠮᠦᠨ ᠲᠡᠷᠡ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠠ᠋ᠴᠠ ᠬᠦᠨᠳᠦᠳᠬᠡᠵᠦ ᠪᠠᠶ᠋ᠢᠭ᠎ᠠ ᠤᠴᠢᠷ ᠨᠢ ᠶᠠᠭᠤ ᠶᠤᠮ ᠭᠡᠪᠡᠯ ᠮᠣᠩᠭᠣᠯ ᠦᠭᠡ ᠬᠡᠯᠡ ᠦᠰᠦᠭ ᠪᠢᠴᠢᠭ ᠳᠡᠯᠡᠬᠡᠢ ᠳᠦ ᠠᠯᠳᠠᠷᠲᠠᠢ ᠰᠠᠶ᠋ᠢᠬᠠᠨ ᠬᠥᠮᠦᠨ ᠲᠥᠷᠥᠯᠬᠢᠲᠡᠨ ᠦ ᠨᠡᠶ᠋ᠢᠲᠡ ᠶ᠋ᠢᠨ ᠥᠪ ᠬᠥᠷᠥᠩᠭᠡ ᠪᠣᠯᠤᠨ᠎ᠠ ᠭᠡᠵᠦ ᠦᠵᠡᠵᠦ ᠪᠠᠶ᠋ᠢᠨ᠎ᠠ ᠂ ᠭᠡᠲᠡᠯ᠎ᠡ ᠡᠨᠡ ᠡᠳᠦᠷ ᠮᠣᠩᠭᠣᠯ ᠪᠣᠰᠤᠭ᠎ᠠ ᠦᠰᠦᠭ ᠬᠡᠯᠡ ᠦᠰᠦᠭ ᠪᠢᠴᠢᠭ ᠪᠣᠯ ᠬᠠᠷᠢᠨ ᠠᠷᠪᠠᠨ ᠨᠠᠢ᠍ᠮᠠᠨ ᠠᠶᠤᠯᠲᠠᠢ ᠲᠦᠭᠰᠢᠭᠦᠷᠢᠲᠡᠢ ᠤᠰᠠᠳᠬᠤ ᠵᠦᠭ ᠤᠷᠤᠭᠤ ᠪᠠᠨ ᠬᠠᠨᠳᠤᠭᠰᠠᠨ ᠦᠰᠦᠭ ᠦᠨ ᠲᠣᠭᠠᠨ ᠳᠤ ᠣᠷᠣᠴᠢᠬᠠᠭᠠᠳ ᠪᠠᠶ᠋ᠢᠵᠤ ᠪᠠᠶ᠋ᠢᠨ᠎ᠠ ᠡᠶ᠋ᠢᠮᠦ ᠡᠴᠡ ᠲᠡᠳᠡ ᠮᠠᠨ ᠤ ᠡᠨᠡ ᠦᠵᠡᠭᠦᠯᠦᠯᠭᠡ ᠶ᠋ᠢ ᠶᠡᠬᠡ ᠬᠦᠨᠳᠦᠳᠬᠡᠵᠦ ᠤᠯᠠᠮ ᠴᠢᠨᠠᠭᠰᠢᠳᠠ ᠪᠠᠳᠠᠷᠠᠭᠤᠯᠵᠤ ᠬᠥᠭᠵᠢᠭᠦᠯᠵᠦ ᠥᠪᠯᠡᠵᠦ ᠶᠠᠪᠤᠬᠤ ᠶ᠋ᠢ ᠶᠡᠬᠡ ᠬᠦᠰᠡᠨ ᠨᠠᠶ᠋ᠢᠳᠠᠵᠤ ᠪᠠᠶ᠋ᠢᠨ᠎ᠠ ᠂ ᠡᠨᠡ ᠤᠳᠠᠭᠠᠨ ᠤ ᠦᠵᠡᠭᠦᠯᠦᠯᠭᠡ ᠶ᠋ᠢ ᠭᠣᠣᠯᠴᠢᠯᠠᠵᠤ ᠪᠡᠶᠡᠯᠡᠭᠦᠯᠦᠭᠰᠡᠨ ᠨᠢ ᠮᠠᠨ ᠤ ᠴᠠᠬᠠᠷ ᠰᠣᠶᠣᠯ ᠤᠨ ᠨᠡᠶ᠋ᠢᠭᠡᠮᠯᠢᠭ ᠳᠡᠳ᠋ ᠳᠠᠷᠤᠭ᠎ᠠ ᠪᠠᠭᠠᠲᠤᠷ ᠨᠥᠬᠥᠷ ᠪᠦᠷᠢᠳᠦᠭᠦᠯᠵᠦ ᠪᠡᠶᠡᠯᠡᠭᠦᠯᠵᠦ ᠴᠢᠳᠠᠭᠰᠠᠨ ᠪᠠᠶ᠋ᠢᠨ᠎ᠠ ᠂ ᠪᠢᠳᠡᠨ ᠦ ᠦᠵᠡᠭᠦᠯᠦᠯᠭᠡ ᠲᠡᠭᠦᠰᠦᠭᠰᠡᠨ ᠦ ᠳᠠᠷᠠᠭ᠎ᠠ ᠣᠳᠣ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠨᠢᠦ᠋ ᠶᠣᠷᠺ ᠤᠨ ᠶᠡᠬᠡ ᠤᠯᠤᠰ ᠤᠨ ᠨᠣᠮ ᠤᠨ ᠰᠠᠩ ᠤᠷᠠᠨ ᠵᠢᠷᠤᠭ ᠤᠨ ᠦᠵᠡᠭᠦᠯᠦᠯᠭᠡ ᠤᠷᠠᠨ ᠵᠢᠷᠤᠭ ᠤᠨ ᠮᠦᠽᠧᠢ ᠮᠠᠨ ᠤ ᠪᠦᠲᠦᠭᠡᠯ ᠦᠳ ᠢ ᠪᠦᠭᠦᠳᠡᠭᠡᠷ ᠬᠠᠳᠠᠭᠠᠯᠠᠬᠤ ᠬᠦᠰᠡᠯ ᠡᠷᠡᠮᠡᠯᠵᠡᠯ ᠲᠠᠯᠪᠢᠴᠢᠬᠠᠯ᠎ᠠ ᠂ ᠪᠢᠳᠡ ᠣᠳᠣ ᠮᠣᠩᠭᠣᠯ ᠮᠣᠷᠢ ᠭᠡᠰᠡᠨ ᠯ ᠨᠠᠶᠠᠨᠲᠠᠢ ᠪᠠᠭᠰᠢ ᠶ᠋ᠢᠨ ᠤᠷᠠᠨ ᠪᠢᠴᠢᠯᠭᠡ ᠶ᠋ᠢᠨ ᠮᠠᠨ ᠤ ᠤᠯᠤᠰ ᠲᠦ ᠠᠯᠲᠠᠨ ᠱᠠᠩᠨᠠᠯ ᠣᠯᠤᠭᠰᠠᠨ ᠡᠨᠡ ᠪᠦᠲᠦᠭᠡᠯ ᠢ ᠨᠢᠦ᠋ ᠶᠣᠷᠺ ᠤᠨ ᠵᠢᠷᠤᠭ ᠤᠨ ᠮᠦᠽᠧᠢ ᠳᠦ ᠬᠠᠳᠠᠭᠠᠯᠠᠬᠤ ᠥᠨᠢ ᠡᠭᠦᠷᠢᠳᠡ ᠬᠠᠳᠠᠭᠠᠯᠠᠬᠤ ᠰᠠᠨᠠᠭ᠎ᠠ ᠲᠠᠢ ᠂ ᠨᠥᠭᠦᠭᠡ ᠨᠢ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠪᠠᠰᠠ ᠡᠨᠡ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠶ᠋ᠢᠨ ᠲᠥᠪ ᠭᠠᠵᠠᠷ ᠲᠦ ᠪᠠᠨ ᠬᠡᠷᠡᠮ ᠳᠡᠭᠡᠷ᠎ᠡ ᠨᠢ ᠡᠯᠭᠦᠨ᠎ᠡ ᠬᠠᠳᠠᠭᠠᠯᠠᠨ᠎ᠠ ᠭᠡᠰᠡᠨ ᠡᠶ᠋ᠢᠮᠦ ᠰᠠᠨᠠᠭ᠎ᠠ ᠪᠠᠶ᠋ᠢᠨ᠎ᠠ ᠂ ᠣᠳᠣ ᠮᠠᠨ ᠤ ᠪᠠᠭᠠᠲᠤᠷ ᠨᠥᠬᠥᠷ ᠦᠯᠡᠳᠡᠴᠢᠬᠡᠭᠡᠳ ᠪᠠᠶ᠋ᠢᠨ᠎ᠠ ᠂ ᠮᠠᠨ ᠤ ᠨᠣᠮ ᠪᠢᠴᠢᠭ ᠢᠶ᠋ᠡᠨ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠳᠤ ᠣᠳᠣ ᠪᠡᠯᠡᠭᠯᠡᠵᠦ ᠥᠭᠬᠦ ᠡᠨᠡ ᠠᠵᠢᠯ ᠢᠶ᠋ᠠᠨ ᠪᠠᠰᠠ ᠭᠦᠢᠴᠡᠳ ᠬᠢᠵᠦ ᠪᠠᠷᠠᠭ᠎ᠠ ᠦᠭᠡᠢ ᠪᠢᠳᠡ ᠪᠠᠰᠠ ᠭᠧᠯᠦᠨᠪᠢᠶᠠ ᠶᠡᠬᠡ ᠰᠤᠷᠭᠠᠭᠤᠯᠢ ᠢᠨᠳᠢᠶᠠᠨᠨᠠ ᠶᠡᠬᠡ ᠰᠤᠷᠭᠠᠭᠤᠯᠢ ᠶ᠋ᠢᠨ ᠮᠣᠩᠭᠣᠯᠴᠢ ᠡᠷᠳᠡᠮᠲᠡᠨ ᠪᠠᠰᠠ ᠲᠦᠯᠢᠩᠰᠸᠲ᠋ᠦᠨ ᠶᠡᠬᠡ ᠰᠤᠷᠭᠠᠭᠤᠯᠢ ᠂ ᠵᠠ ᠡᠳᠡᠭᠡᠷ ᠳᠡᠯᠡᠬᠡᠢ ᠳᠦ ᠲᠡᠷᠢᠭᠦᠨ ᠳᠦ ᠶᠠᠪᠤᠵᠤ ᠪᠠᠶ᠋ᠢᠭ᠎ᠠ ᠶᠡᠬᠡ ᠰᠤᠷᠭᠠᠭᠤᠯᠢ ᠶ᠋ᠢᠨ ᠠᠵᠢᠯᠲᠠᠨ ᠮᠡᠷᠭᠡᠵᠢᠯᠲᠡᠨ ᠲᠡᠢ ᠪᠢᠳᠡ ᠪᠠᠰᠠ ᠠᠭᠤᠯᠵᠠᠵᠤ ᠳᠠᠷᠠᠭ᠎ᠠ ᠠᠯᠬᠤᠮ ᠤᠨ ᠢᠶ᠋ᠠᠨ ᠪᠠᠰᠠ ᠨᠢᠭᠡ ᠴᠠᠬᠠᠷ ᠰᠣᠶᠣᠯ ᠢᠶ᠋ᠠᠨ ᠳᠡᠯᠡᠬᠡᠶ᠋ᠢᠴᠢᠯᠡᠬᠦ ᠳᠦ ᠶᠠᠮᠠᠷ ᠠᠵᠢᠯ ᠬᠢᠬᠦ ᠪᠢᠯᠡ ᠭᠡᠵᠦ ᠪᠢᠳᠡ ᠬᠣᠭᠣᠷᠣᠨᠳᠣ ᠪᠠᠨ ᠣᠳᠣ ᠰᠠᠨᠠᠯ ᠵᠥᠪᠳᠡᠯᠴᠡᠵᠦ ᠣᠳᠣ ᠳᠠᠷᠠᠭ᠎ᠠ ᠠᠯᠬᠤᠮ ᠢᠶ᠋ᠠᠨ ᠲᠣᠬᠢᠷᠠᠭᠤᠯᠬᠤ ᠪᠠᠷ ᠪᠣᠯᠤᠯ᠎ᠠ ᠂ ᠪᠢᠳᠡ ᠡᠨᠡ ᠤᠳᠠᠭᠠᠨ ᠢᠶ᠋ᠠᠷ ᠳᠠᠮᠵᠢᠭᠠᠳ ᠠᠮᠧᠷᠢᠺᠠ ᠳᠤ ᠪᠠᠰᠠ ᠨᠡᠯᠢᠶᠡᠳ ᠣᠯᠠᠨ ᠴᠠᠬᠠᠷ ᠬᠥᠮᠦᠨ ᠦᠳ ᠲᠡᠢ ᠠᠭᠤᠯᠵᠠᠵᠠᠢ ᠂ ᠴᠠᠬᠠᠷ ᠰᠣᠶᠣᠯ ᠢᠶ᠋ᠠᠨ ᠦᠷᠭᠦᠯᠵᠢᠯᠡᠨ ᠪᠠᠳᠠᠷᠠᠭᠤᠯᠵᠤ ᠣᠯᠠᠨ ᠤᠯᠤᠰ ᠤᠨ ᠬᠣᠯᠪᠣᠭᠠᠲᠤ ᠪᠠᠶ᠋ᠢᠭᠤᠯᠭ᠎ᠠ ᠪᠠᠷ ᠳᠠᠮᠵᠢᠭᠠᠳ ᠳᠡᠯᠡᠬᠡᠶ᠋ᠢᠴᠢᠯᠡᠬᠦ ᠠᠵᠢᠯ ᠳᠡᠭᠡᠷ᠎ᠡ ᠮᠠᠨ ᠤ ᠠᠵᠢᠯᠯᠠᠭᠠᠨ ᠬᠥᠮᠦᠰ ᠣᠳᠣ ᠵᠢᠩᠬᠢᠨᠢ ᠠᠵᠢᠯ ᠢᠶ᠋ᠠᠨ ᠡᠬᠢᠯᠡᠭᠦᠯᠬᠦ ᠪᠡᠷ ᠪᠠᠶ᠋ᠢᠵᠤ ᠪᠠᠶ᠋ᠢᠨ᠎ᠠ ᠃
