ᠪᠠᠶᠠᠰᠬᠤᠯᠠᠩᠲᠤ ᠨᠠᠭᠠᠳᠤᠮ- ᠴᠣᠯᠮᠣᠨБаясгалант наадам-цолмон
ᠪᠠᠶᠠᠰᠬᠤᠯᠠᠩᠲᠤ ᠨᠠᠭᠠᠳᠤᠮ
ᠴᠣᠯᠮᠣᠨ
ᠳᠠᠭᠤᠯᠠᠪᠠ
ᠲᠥᠷᠥᠵᠦ
ᠥᠰᠦᠭᠰᠡᠨ ᠨᠤᠲᠤᠭ ᠲᠤ ᠪᠡᠨ ᠪᠢ
ᠲᠥᠭᠡᠷᠢᠵᠦ
ᠶᠠᠪᠤᠬᠤ ᠶ᠋ᠢᠨ ᠤᠴᠢᠷ ᠦᠭᠡᠢ
ᠲᠦᠮᠡᠨ
ᠠᠭᠲᠠ ᠶ᠋ᠢᠨ ᠲᠦᠪᠡᠷᠭᠡᠨ ᠢᠶ᠋ᠡᠷ
ᠲᠣᠭᠣᠰᠣᠨ ᠳᠤᠮᠳᠠᠭᠤᠷ ᠢᠰᠬᠡᠷᠴᠦ ᠶᠠᠪᠤᠯ᠎ᠠ ᠪᠢ
ᠬᠠᠲᠠᠭᠤ ᠬᠠᠭᠤᠷᠠᠢ ᠰᠢᠷᠣᠢ ᠪᠠᠨ ᠪᠢ
ᠭᠠᠷ ᠲᠤ ᠪᠠᠨ ᠠᠳᠬᠤᠭᠠᠳ ᠤᠬᠢᠯᠠᠮᠠᠷ ᠦᠭᠡᠢ
ᠭᠠᠯᠪᠠ ᠳᠤ ᠭᠠᠭᠴᠠᠬᠠᠨ ᠨᠤᠲᠤᠭ ᠲᠤ ᠪᠠᠨ ᠪᠢ
ᠭᠠᠭᠴᠠᠭᠠᠷᠳᠠᠵᠤ ᠶᠠᠪᠤᠬᠤ ᠶ᠋ᠢᠨ ᠤᠴᠢᠷ ᠦᠭᠡᠢ
ᠬᠠᠶ᠋ᠢᠷ᠎ᠠ ᠪᠠᠷ ᠢᠶ᠋ᠠᠨ ᠢᠪᠡᠭᠡᠭᠰᠡᠨ
ᠥᠪᠥᠷ ᠮᠣᠩᠭᠣᠯ ᠣᠷᠣᠨ ᠳᠤ ᠪᠠᠨ
ᠬᠠᠷᠠᠮ ᠦᠭᠡᠢ ᠪᠦᠬᠦᠨ ᠢᠶ᠋ᠡᠨ ᠡᠷᠭᠦᠨ᠎ᠡ ᠰᠢᠦ
ᠨᠠᠶ᠋ᠢᠷ ᠤᠨ ᠬᠤᠨᠳᠠᠭ᠎ᠠ ᠲᠠᠢ
ᠨᠠᠭᠠᠳᠤᠮ ᠤᠨ ᠶᠡᠬᠡ ᠳᠠᠭᠤᠯᠠᠯ ᠲᠠᠢ
ᠨᠡᠷᠡᠲᠦ ᠶ᠋ᠢᠨ ᠰᠠᠶ᠋ᠢᠬᠠᠨ ᠥᠪᠥᠷ ᠮᠣᠩᠭᠣᠯ
ᠮᠢᠨᠢ
