ᠨᠠᠨ ᠯᠢᠶᠠᠩ ᠲᠣᠷᠭᠠᠨ ᠤᠭᠤᠲᠠ - ᠬᠣᠷᠴᠢᠨ ᠠᠷᠠᠳ ᠤᠨ ᠳᠠᠭᠤᠤ᠂ᠳᠠᠭᠤᠴᠢᠨ᠄ ᠬᠠᠢ ᠶᠢᠩ Нан лиан торгон уут - Хорчин ардын дуу᠂дуучин᠄ Хай ин
ᠨᠠᠨ ᠯᠢᠶᠠᠩ ᠲᠣᠷᠭᠠᠨ ᠤᠭᠤᠲᠠ
ᠬᠣᠷᠴᠢᠨ ᠠᠷᠠᠳ ᠤ᠋ᠨ ᠳᠠᠭᠤᠤ
ᠳᠠᠭᠤᠴᠢᠨ᠄ ᠬᠠᠢ ᠶᠢᠩ
ᠨᠠᠨ ᠯᠢᠶᠠᠩ ᠲᠣᠷᠭᠠᠨ ᠤᠭᠤᠲᠠᠨ ᠤ᠋ ᠳᠡᠭᠡᠷ᠎ᠡ ᠪᠡᠨ
ᠨᠠᠢ᠍ᠮᠠᠨ ᠰᠠᠢᠬᠠᠨ ᠫᠢᠶᠤᠤᠳᠠᠢ ᠲᠠᠢ ᠬᠦ
ᠨᠠᠨ ᠯᠢᠶᠠᠩ ᠲᠣᠷᠭᠠᠨ ᠤᠭᠤᠲᠠᠨ ᠤ᠋ ᠳᠡᠭᠡᠷ᠎ᠡ ᠪᠡᠨ
ᠣᠶᠣᠭᠰᠠᠨ ᠬᠤᠸᠠᠷ ᠢ᠋ ᠨᠢ ᠲᠠ ᠰᠣᠨᠣᠰ ᠠ᠋ ᠬᠦ
ᠨᠠᠢ᠍ᠮᠠᠨ ᠬᠤᠰᠢᠭᠤᠨ ᠤ᠋ ᠳᠠ ᠸᠠᠩ ᠨᠣᠶᠠᠨ ᠴᠢᠨᠢ
ᠪᠡᠭᠡᠵᠢᠩ ᠡᠴᠡ ᠬᠠᠲᠤᠨ ᠢ᠋ᠶ᠋ᠠᠨ ᠵᠠᠯᠠᠵᠤ ᠢᠷᠡᠭᠡᠳ ᠬᠦ
ᠨᠠᠢᠷ ᠤ᠋ᠨ ᠰᠢᠷᠡᠭᠡ ᠪᠡᠨ ᠲᠠᠯᠪᠢᠴᠢᠬᠠᠭᠠᠳ
ᠨᠠᠢᠷᠠᠯᠳᠤᠵᠤ ᠪᠠᠢᠬᠤ ᠪᠠᠷ ᠣᠶᠣᠯ᠎ᠠ ᠬᠦ
ᠤᠯᠠᠭᠠᠨ ᠲᠣᠷᠭᠠᠨ ᠤᠭᠤᠲᠠᠨ ᠤ᠋ ᠳᠡᠭᠡᠷ᠎ᠡ ᠪᠡᠨ
ᠤᠷᠠᠯᠠᠭᠠᠳ ᠣᠶᠣᠭᠰᠠᠨ ᠫᠢᠶᠣᠣᠳᠠᠢ ᠲᠠᠢ ᠬᠦ
ᠤᠯᠠᠭᠠᠨ ᠲᠣᠷᠭᠠᠨ ᠤᠭᠤᠲᠠᠨ ᠤ᠋ ᠳᠡᠭᠡᠷ᠎ᠡ ᠪᠡᠨ
ᠣᠶᠣᠭᠰᠠᠨ ᠬᠤᠸᠠᠷ ᠢ᠋ ᠨᠢ ᠲᠠ ᠰᠣᠨᠣᠰ ᠠ᠋ ᠬᠦ
ᠤᠯᠠᠭᠠᠨ ᠬᠠᠴᠠᠷ ᠲᠠᠢ ᠭᠤᠸᠠᠨ ᠬᠦᠩ ᠯᠤᠤ ᠶᠧ
ᠵᠣ᠌ ᠰᠢᠶᠠᠩ ᠲᠠᠢ ᠪᠠᠨ ᠬᠣᠶᠠᠭᠤᠯᠠ ᠪᠠᠨ ᠬᠦ
ᡂᠢ ᠲᠤ ᠮᠣᠷᠢ ᠶ᠋ᠢ ᠪᠡᠨ ᠬᠥᠲᠥᠯᠴᠢᠬᠡᠭᠡᠳ
ᠵᠠᠮᠨᠠᠵᠤ ᠪᠠᠢᠬᠤ ᠪᠠᠷ ᠣᠶᠣᠯ᠎ᠠ ᠬᠦ
ᠬᠥᠬᠡ ᠲᠣᠷᠭᠠᠨ ᠤᠭᠤᠲᠠᠨ ᠤ᠋ ᠳᠡᠭᠡᠷ᠎ᠡ ᠪᠡᠨ
ᠬᠥᠨᠳᠡᠢ ᠨᠠᠢ᠍ᠮᠠᠨ ᠫᠢᠶᠣᠣᠳᠠᠢ ᠲᠠᠢ ᠬᠦ
ᠬᠥᠬᠡ ᠲᠣᠷᠭᠠᠨ ᠤᠭᠤᠲᠠᠨ ᠤ᠋ ᠳᠡᠭᠡᠷ᠎ᠡ ᠪᠡᠨ
ᠣᠶᠣᠭᠰᠠᠨ ᠬᠤᠸᠠᠷ ᠢ᠋ ᠨᠢ ᠲᠠ ᠰᠣᠨᠣᠰ ᠠ᠋ ᠬᠦ
ᠬᠦᠴᠦᠲᠡᠨ ᠵᠠᠩᠵᠤᠨ ᠢᠦᠢ ᡂᠢ ᠵᠢᠩ ᠳᠧ
ᠠᠷᠤ ᠭᠠᠵᠠᠷ ᠢ᠋ᠶ᠋ᠠᠨ ᠮᠡᠨᠳᠦᠯᠡᠭᠡᠳ ᠬᠦ
ᠬᠣᠪᠢᠨ ᠤ᠋ ᠡᠵᠡᠨ ᠯᠢ ᠱᠢ ᠮᠢᠨ ᠢ᠋ᠶ᠋ᠡᠨ
ᠰᠠᠨᠠᠭᠠᠯᠵᠠᠵᠤ ᠪᠠᠢᠬᠤ ᠪᠠᠷ ᠣᠶᠣᠯ᠎ᠠ ᠬᠦ
ᠴᠡᠩᠬᠡᠷ ᠲᠣᠷᠭᠠᠨ ᠤᠭᠤᠲᠠᠨ ᠤ᠋ ᠳᠡᠭᠡᠷ᠎ᠡ ᠪᠡᠨ
ᠴᠡᠪᠡᠷᠬᠡᠨ ᠰᠠᠢᠬᠠᠨ ᠫᠢᠶᠣᠣᠳᠠᠢ ᠲᠠᠢ ᠬᠦ
ᠴᠡᠩᠬᠡᠷ ᠲᠣᠷᠭᠠᠨ ᠤᠭᠤᠲᠠᠨ ᠤ᠋ ᠳᠡᠭᠡᠷ᠎ᠡ ᠪᠡᠨ
ᠣᠶᠣᠭᠰᠠᠨ ᠬᠤᠸᠠᠷ ᠢ᠋ ᠨᠢ ᠲᠠ ᠰᠣᠨᠣᠰ ᠠ᠋ ᠬᠦ
ᠴᠢᠬᠢᠷᠠᠭ ᠵᠠᠩᠵᠤᠨ ᠴᠧᠩ ᠶᠣᠣ ᠶ᠋ᠢᠨ ᠴᠢᠨᠢ
ᠡᠯ ᠯᠦᠩ ᠺᠧᠦ ᠳ᠋ᠡᠭᠡᠨ ᠸᠠᠩ ᠰᠠᠭᠤᠭᠠᠳ ᠬᠦ
ᠴᠢᠳᠠᠯᠲᠠᠨ ᠬᠦᠴᠦᠲᠡᠨ ᠠᠬ᠎ᠠ ᠳᠡᠭᠦᠦ ᠨᠠᠷ ᠲᠠᠢ ᠪᠠᠨ
ᠴᠡᠩᠭᠡᠯᠳᠦᠵᠦ ᠪᠠᠢᠬᠤ ᠪᠠᠷ ᠣᠶᠣᠯ᠎ᠠ ᠬᠦ
ᠶᠠᠭᠠᠨ ᠲᠣᠷᠭᠠᠨ ᠤᠭᠤᠲᠠᠨ ᠤ᠋ ᠳᠡᠭᠡᠷ᠎ᠡ ᠪᠡᠨ
ᠶᠠᠩᠵᠤ ᠨᠢ ᠰᠠᠢᠬᠠᠨ ᠫᠢᠶᠣᠣᠳᠠᠢ ᠲᠠᠢ ᠬᠦ
ᠶᠠᠭᠠᠨ ᠲᠣᠷᠭᠠᠨ ᠤᠭᠤᠲᠠᠨ ᠤ᠋ ᠳᠡᠭᠡᠷ᠎ᠡ ᠪᠡᠨ
ᠣᠶᠣᠭᠰᠠᠨ ᠬᠤᠸᠠᠷ ᠢ᠋ ᠨᠢ ᠲᠠ ᠰᠣᠨᠣᠰ ᠠ᠋ ᠬᠦ
ᠶᠠᠩ ᠼᠦᠩ ᠪᠤᠤ ᠰᠢᠦ ᠮᠦ᠍ ᠬᠦᠢ ᠶᠢᠩ ᠲᠡᠢ
ᠤᠷᠤᠭ ᠤ᠋ᠨ ᠤᠴᠢᠷ ᠢ᠋ᠶ᠋ᠠᠨ ᠬᠡᠯᠡᠯᠴᠡᠭᠡᠳ ᠬᠦ
ᠭᠤᠷᠪᠠᠨ ᠲᠥᠷᠥᠯ ᠦ᠋ᠨ ᠡᠷ᠎ᠡ ᠡᠮ᠎ᠡ ᠬᠣᠶᠠᠭᠤᠯᠠ ᠵᠢᠨ
ᠬᠡᠯᠬᠢᠶ᠎ᠡ ᠪᠠᠨ ᠪᠠᠷᠢᠯᠳᠤᠵᠤ ᠪᠠᠢᠬᠤ ᠪᠠᠷ ᠣᠶᠣᠯ᠎ᠠ ᠬᠦ
ᠳᠠᠩ ᠬᠤᠸᠠᠩ ᠯᠦᠩ ᡁᠢ ᠤᠭᠤᠲᠠᠨ ᠤ᠋ ᠳᠡᠭᠡᠷ᠎ᠡ ᠪᠡᠨ
ᠲᠠᠭᠠᠷᠠᠭᠤᠯᠤᠭᠠᠳ ᠣᠶᠣᠭᠰᠠᠨ ᠫᠢᠶᠣᠣᠳᠠᠢ ᠲᠠᠢ ᠬᠦ
ᠳᠠᠩ ᠬᠤᠸᠠᠩ ᠯᠦᠩ ᡁᠢ ᠤᠭᠤᠲᠠᠨ ᠤ᠋ ᠳᠡᠭᠡᠷ᠎ᠡ ᠪᠡᠨ
ᠣᠶᠣᠭᠰᠠᠨ ᠬᠤᠸᠠᠷ ᠢ᠋ ᠨᠢ ᠲᠠ ᠰᠣᠨᠣᠰ ᠠ᠋ ᠬᠦ
ᠲᠠᠩᠰᠤᠭ ᠯᠠᠮᠠ ᠠ᠋ ᠪᠡᠴᠢᠨ ᠰᠢᠷᠣᠢ
ᠵᠣ᠌ ᠪᠠ ᠵᠢᠶᠧ ᠲᠡᠢ ᠪᠡᠨ ᠳᠥᠷᠪᠡᠭᠦᠯᠡ ᠪᠡᠨ ᠬᠦ
ᠪᠠᠷᠠᠭᠤᠨ ᠭᠠᠵᠠᠷ ᠠ᠋ᠴᠠ ᠨᠣᠮ ᠢ᠋ᠶ᠋ᠠᠨ ᠵᠠᠯᠠᠭᠠᠳ
ᠪᠤᠴᠠᠵᠤ ᠪᠠᠢᠬᠤ ᠪᠠᠷ ᠣᠶᠣᠯ᠎ᠠ ᠬᠦ
ᠦᠰᠦᠭ ᠬᠠᠲᠠᠭᠴᠢ᠄ ᠮᠣᠩᠭᠣᠯ ᠰᠣᠶᠣᠯ
ᠦᠰᠦᠭ ᠠᠮᠢᠯᠠᠭᠤᠯᠤᠭᠴᠢ᠄ ᠮᠣᠩᠭᠣᠯ ᠰᠣᠶᠣᠯ
ᠬᠢᠨᠠᠭᠴᠢ᠄ ᠪᠤᠤ·ᠰᠠᠷᠠᠨ᠎ᠠ
