ᠣᠨᠳᠣᠷᠤᠨ᠎ᠠ -ᠠᠷᠤ ᠬᠣᠷᠴᠢᠨ ᠠᠷᠠᠳ ᠤ᠋ᠨ ᠳᠠᠭᠤᠤ᠂ ᠳᠠᠭᠤᠴᠢᠨ᠄ ᠭᠡᠷᠡᠯᠪᠠᠲᠤ Ундарна - Ар хорчин ардын дуу᠂ дуучин᠄ Гэрэлбат ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠳᠣᠷᠤᠨ᠎ᠠ -ᠠᠷᠤ ᠬᠣᠷᠴᠢᠨ ᠠᠷᠠᠳ ᠤ᠋ᠨ ᠳᠠᠭᠤᠤ᠂ ᠳᠠᠭᠤᠴᠢᠨ᠄ ᠭᠡᠷᠡᠯᠪᠠᠲᠤ Ундарна - Ар хорчин ардын дуу᠂ дуучин᠄ Гэрэлбат

ᠣᠨᠳᠣᠷᠤᠨ᠎ᠠ -ᠠᠷᠤ ᠬᠣᠷᠴᠢᠨ ᠠᠷᠠᠳ ᠤ᠋ᠨ ᠳᠠᠭᠤᠤ᠂ ᠳᠠᠭᠤᠴᠢᠨ᠄ ᠭᠡᠷᠡᠯᠪᠠᠲᠤ Ундарна - Ар хорчин ардын дуу᠂ дуучин᠄ Гэрэлбат

ᠠᠩᠭᠢᠯᠠᠯ:ᠳᠠᠭᠤᠤ ᠬᠥᠭᠵᠢᠮ
2026-04-02

8

ᠣᠨᠳᠣᠷᠤᠨ᠎ᠠ

            
               ᠠᠷᠤ ᠬᠣᠷᠴᠢᠨ ᠠᠷᠠᠳ ᠤ᠋ᠨ ᠳᠠᠭᠤᠤ 
               ᠳᠠᠭᠤᠴᠢᠨ᠄ ᠭᠡᠷᠡᠯᠪᠠᠲᠤ   

 ᠠᠭᠤᠯᠠᠨ ᠤ᠋ ᠥᠨᠳᠥᠷ ᠤᠰᠤᠨ ᠤ᠋ ᠲᠤᠩᠭᠠᠯᠠᠭ  
 ᠤᠰᠤᠨ ᠡᠬᠢ ᠶ᠋ᠢᠨ ᠭᠣᠣᠯ ᠮᠢᠨᠢ ᠳᠡ ᠬᠦᠢ 
 ᠤᠷᠤᠭᠴᠠᠭᠠᠳ ᠦᠭᠭᠦᠭᠰᠡᠨ ᠭᠠᠵᠠᠷ ᠢ᠋ ᠨᠢ ᠬᠡᠯᠡᠪᠡᠯ 
 ᠠᠤᠬᠠᠨ ᠬᠤᠰᠢᠭᠤᠨ ᠤ᠋ ᠲᠡᠭᠰᠢᠪᠢᠯᠢᠭ ᠠ᠋ ᠬᠦᠢ      

 ᠬᠠᠳᠠᠨ ᠤ᠋ ᠥᠨᠳᠥᠷ ᠬᠠᠷᠠᠵᠠᠨ ᠤ᠋ ᠲᠤᠩᠭᠠᠯᠠᠭ  
 ᠬᠠᠨᠰᠥ᠋ᠮ᠎ᠠ ᠶ᠋ᠢᠨ ᠭᠣᠣᠯ ᠮᠢᠨᠢ ᠳᠡ ᠬᠦᠢ  
 ᠬᠠᠷᠢᠴᠠᠭᠠᠳ ᠦᠭᠭᠦᠭᠰᠡᠨ ᠭᠠᠵᠠᠷ ᠢ᠋ ᠨᠢ ᠬᠡᠯᠡᠪᠡᠯ 
 ᠬᠠᠷᠠᠴᠢᠨ ᠬᠤᠰᠢᠭᠤᠨ ᠤ᠋ ᠲᠡᠭᠰᠢᠪᠢᠯᠢᠭ ᠠ᠋ ᠬᠦᠢ   

 ᠡᠳᠦᠷ ᠦ᠋ᠨ ᠢ᠋ᠶ᠋ᠡᠨ ᠬᠣᠯᠠ ᠠ᠋ᠴᠠ ᠦᠵᠡᠭᠳᠡᠭᠡᠳ ᠪᠠᠢᠳᠠᠭ 
 ᠥᠨᠳᠥᠷ ᠪᠣᠳᠢ ᠶ᠋ᠢᠨ ᠣᠷᠣᠢ ᠮᠢᠨᠢ ᠳᠡ ᠬᠦᠢ 
 ᠦᠷᠭᠦᠯᠵᠢ ᠳ᠋ᠡᠭᠡᠨ ᠴᠡᠭᠡᠵᠢᠨ ᠡᠴᠡ ᠭᠠᠷᠳᠠᠭ ᠦᠭᠡᠢ  
 ᠥᠨᠥᠴᠢᠨ ᠭᠤᠷᠪᠠᠨ ᠳᠡᠭᠦᠦ ᠮᠢᠨᠢ ᠳᠡ ᠬᠦᠢ         

        ᠦᠰᠦᠭ  ᠬᠠᠳᠠᠭᠴᠢ᠄ ᠮᠣᠩᠭᠣᠯ ᠰᠣᠶᠣᠯ   
          ᠦᠰᠦᠭ ᠠᠮᠢᠯᠠᠭᠤᠯᠤᠭᠴᠢ᠄ ᠪᠣᠷᠵᠢᠭᠢᠨ· ᠰᠡᠴᠡᠨᠬᠦᠦ 
          ᠬᠢᠨᠠᠭᠴᠢ᠄  ᠳᠡᠭᠦᠦᠵᠠᠶᠠᠭ᠎ᠠ