ᠶᠢᠰᠦᠨ ᠡᠷᠳᠡᠨᠢ ᠶ᠋ᠢᠨ ᠠᠭᠤᠯᠭ᠎ᠠYesön erdniin aguulgaЕсөн эрднийн агуулга

ᠶᠢᠰᠦᠨ ᠡᠷᠳᠡᠨᠢ ᠶ᠋ᠢᠨ ᠠᠭᠤᠯᠭ᠎ᠠ
ᠮᠣᠩᠭᠣᠯᠴᠤᠳ ᠤ᠋ᠨ《ᠶᠢᠰᠦᠨ ᠡᠷᠳᠡᠨᠢ》ᠪᠠ ᠲᠡᠭᠦᠨ ᠦ᠌ ᠪᠡᠯᠭᠡᠳᠡᠯ
ᠮᠣᠩᠭᠣᠯᠴᠤᠳ ᠡᠷᠲᠡ ᠳᠡᠭᠡᠳᠦ ᠡᠴᠡ ᠠᠪᠤᠭᠠᠳ ᠶᠢᠰᠦᠨ ᠡᠷᠳᠡᠨᠢ ᠶ᠋ᠢ ᠶᠡᠬᠡ ᠡᠷᠬᠢᠮᠯᠡᠨ ᠳᠡᠭᠡᠳᠦᠯᠡᠳᠡᠭ᠂ ᠲᠡᠭᠡᠪᠡᠯ ᠶᠢᠰᠦᠨ ᠡᠷᠳᠡᠨᠢ ᠳ᠋ᠦ᠍ ᠶᠠᠭᠤ ᠶᠠᠭᠤ ᠪᠠᠭᠲᠠᠳᠠᠭ ᠪᠣᠯ? ᠮᠣᠩᠭᠣᠯᠴᠤᠳ ᠤ᠋ᠨ《ᠶᠢᠰᠦᠨ ᠡᠷᠳᠡᠨᠢ》 ᠳ᠋ᠦ᠍ ᠠᠯᠲᠠ᠂ ᠮᠥᠩᠭᠥ᠂ ᠱ᠌ᠢᠷᠦ᠂ ᠰᠤᠪᠤᠳ᠂ ᠣᠭ᠌ᠶᠤ᠂ ᠨᠣᠮᠢᠨ᠂ ᠲᠠᠨ᠎ᠠ᠂ ᠵᠡᠰ᠂ ᠭᠠᠩ ᠪᠠᠭᠲᠠᠳᠠᠭ᠃ᠮᠣᠩᠭᠣᠯᠴᠤᠳ ᠤ᠋ᠨ ᠤᠯᠠᠮᠵᠢᠯᠠᠯᠲᠤ 《ᠶᠢᠰᠦᠨ ᠡᠷᠳᠡᠨᠢ》 ᠨᠢ ᠪᠠᠢᠭᠠᠯᠢ ᠶ᠋ᠢᠨ ᠶᠢᠰᠦᠨ ᠲᠥᠷᠥᠯ ᠦ᠋ᠨ ᠦᠨᠡᠲᠦ ᠴᠢᠯᠠᠭᠤ᠂ ᠡᠷᠦᠳᠡᠰᠦ ᠪᠠᠶᠠᠯᠢᠭ ᠢ᠋ ᠢᠯᠡᠷᠬᠡᠢᠯᠡᠳᠡᠭ᠃ ᠡᠳᠡᠭᠡᠷ ᠨᠢ ᠬᠥᠷᠥᠩᠭᠡ᠂ ᠡᠳ᠋ ᠪᠠᠶᠠᠯᠢᠭ᠂ ᠡᠷᠬᠡ ᠮᠠᠲᠠᠯ᠂ ᠰᠦᠨᠡᠰᠦᠯᠢᠭ ᠬᠦᠴᠦ᠂ ᠬᠠᠮᠠᠭᠠᠯᠠᠯᠲᠠ᠂ ᠠᠵᠠ ᠬᠡᠢᠮᠣᠷᠢ ᠶ᠋ᠢ ᠪᠡᠯᠭᠡᠳᠡᠳᠡᠭ᠃
ᠨᠢᠭᠡ᠂ ᠣᠭ᠌ᠶᠤ – ᠨᠣᠭᠣᠭᠠᠨ ᠡᠷᠳᠡᠨᠢ
ᠡᠳ᠋ ᠪᠠᠶᠠᠯᠢᠭ᠂ ᠠᠵᠠ ᠬᠡᠢᠮᠣᠷᠢ ᠶ᠋ᠢ ᠲᠠᠲᠠᠳᠠᠭ᠂ ᠠᠮᠤᠷ ᠠᠮᠤᠭᠤᠯᠠᠩ ᠪᠠᠢᠳᠠᠯ᠂ ᠡᠷᠡᠭᠦᠯ ᠮᠡᠨᠳᠦ ᠶ᠋ᠢ ᠪᠡᠯᠭᠡᠳᠡᠳᠡᠭ᠃ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠠᠮᠢᠳᠤᠷᠠᠯ ᠤ᠋ᠨ ᠲᠡᠩᠴᠡᠪᠦᠷᠢ᠂ ᠬᠥᠷᠥᠩᠭᠡ ᠮᠥᠩᠭᠥ ᠲᠣᠭᠲᠠᠪᠤᠷᠢᠲᠠᠢ ᠪᠠᠢᠬᠤ ᠠᠴᠢ ᠬᠣᠯᠪᠣᠭᠳᠠᠯ ᠲᠠᠢ ᠭᠡᠵᠦ ᠪᠡᠯᠭᠡᠰᠢᠶᠡᠳᠡᠭ᠃
ᠬᠣᠶᠠᠷ᠂ ᠱ᠌ᠢᠷᠦ – ᠤᠯᠠᠭᠠᠨ ᠡᠷᠳᠡᠨᠢ
ᠡᠯᠪᠡᠭ ᠳᠡᠯᠪᠡᠭ ᠪᠠᠢᠳᠠᠯ᠂ ᠬᠠᠢᠷ᠎ᠠ ᠳᠤᠷᠠᠯᠠᠯ᠂ ᠡᠷᠴᠢ ᠬᠦᠴᠦ ᠶ᠋ᠢ ᠢᠯᠡᠷᠬᠡᠢᠯᠡᠳᠡᠭ᠃ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠭᠡᠷ ᠪᠦᠯᠢ ᠶ᠋ᠢᠨ ᠠᠵᠠ ᠵᠢᠷᠭᠠᠯ᠂ ᠡᠷᠡᠭᠦᠯ ᠮᠡᠨᠳᠦ ᠶ᠋ᠢ ᠬᠠᠮᠠᠭᠠᠯᠠᠳᠠᠭ ᠭᠡᠵᠦ ᠪᠡᠯᠭᠡᠰᠢᠶᠡᠳᠡᠭ᠃
ᠭᠤᠷᠪᠠ᠂ ᠵᠡᠰ – ᠬᠦᠷᠡᠩ ᠡᠷᠳᠡᠨᠢ
ᠠᠮᠤᠭᠤᠯᠠᠩ ᠲᠠᠢᠪᠤᠩ ᠪᠠᠢᠳᠠᠯ᠂ ᠰᠡᠳᠬᠢᠯ ᠵᠦᠢ ᠶ᠋ᠢᠨ ᠲᠣᠭᠲᠠᠪᠤᠷᠢᠲᠠᠢ ᠪᠠᠢᠳᠠᠯ ᠢ᠋ ᠪᠡᠯᠭᠡᠳᠡᠳᠡᠭ᠃ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠠᠢᠳᠠᠰ᠂ ᠰᠡᠳᠬᠢᠯ ᠦ᠋ᠨ ᠵᠣᠪᠠᠯᠠᠩ ᠠ᠋ᠴᠠ ᠬᠠᠮᠠᠭᠠᠯᠠᠳᠠᠭ ᠭᠡᠵᠦ ᠪᠡᠯᠭᠡᠰᠢᠶᠡᠳᠡᠭ᠃
ᠳᠥᠷᠪᠡ᠂ ᠨᠣᠮᠢᠨ – ᠬᠥᠬᠡ ᠡᠷᠳᠡᠨᠢ
ᠡᠷ᠎ᠡ ᠵᠣᠷᠢᠭ᠂ ᠬᠦᠴᠦ ᠴᠢᠳᠠᠯ᠂ ᠠᠮᠢᠳᠤᠷᠠᠯ ᠤ᠋ᠨ ᠡᠷᠴᠢ ᠬᠦᠴᠢ ᠶ᠋ᠢ ᠪᠡᠯᠭᠡᠳᠡᠳᠡᠭ᠃ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠠᠮᠵᠢᠯᠲᠠ᠂ ᠥᠪᠡᠷᠲᠡᠭᠡᠨ ᠢᠲᠡᠭᠡᠬᠦ ᠢᠲᠡᠭᠡᠯ ᠢ᠋ ᠨᠡᠮᠡᠭᠳᠡᠭᠦᠯᠳᠡᠭ ᠭᠡᠵᠦ ᠪᠡᠯᠭᠡᠰᠢᠶᠡᠳᠡᠭ᠃
ᠲᠠᠪᠤ᠂ ᠰᠤᠪᠤᠳ – ᠴᠠᠭᠠᠨ ᠡᠷᠳᠡᠨᠢ
ᠭᠡᠷ ᠪᠦᠯᠢ᠂ ᠡᠬᠡ ᠶ᠋ᠢᠨ ᠬᠠᠢᠷ᠎ᠠ᠂ ᠬᠠᠮᠠᠭᠠᠯᠠᠯ᠂ ᠭᠡᠭᠡᠷᠡᠯ ᠢ᠋ ᠪᠡᠯᠭᠡᠳᠡᠳᠡᠭ᠃ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠠᠮᠤᠷ ᠠᠮᠤᠭᠤᠯᠠᠩ ᠪᠠᠢᠳᠠᠯ᠂ ᠭᠡᠷ ᠪᠦᠯᠢ ᠶ᠋ᠢᠨ ᠡᠪ ᠨᠠᠢᠷᠠᠮᠳᠠᠯ ᠢ᠋ ᠬᠠᠳᠠᠭᠠᠯᠠᠳᠠᠭ ᠭᠡᠵᠦ ᠪᠡᠯᠭᠡᠰᠢᠶᠡᠳᠡᠭ᠃
ᠵᠢᠷᠭᠤᠭ᠎ᠠ᠂ ᠠᠯᠲᠠ – ᠰᠢᠷ᠎ᠠ ᠡᠷᠳᠡᠨᠢ
ᠡᠳ᠋ ᠪᠠᠶᠠᠯᠢᠭ᠂ ᠰᠠᠩ ᠬᠥᠮᠥᠷᠭᠡ ᠶ᠋ᠢᠨ ᠲᠣᠭᠲᠠᠪᠤᠷᠢᠲᠠᠢ ᠪᠠᠢᠳᠠᠯ᠂ ᠡᠷᠬᠡ ᠮᠠᠲᠠᠯ ᠢ᠋ ᠢᠯᠡᠷᠬᠡᠢᠯᠡᠳᠡᠭ᠃ ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠬᠥᠷᠥᠩᠭᠡ ᠮᠥᠩᠭᠥᠨ ᠦ᠌ ᠤᠷᠤᠰᠬᠠᠯ ᠢ᠋ ᠲᠣᠭᠲᠠᠪᠤᠷᠢᠲᠠᠢ ᠪᠠᠢᠯᠭᠠᠨ᠎ᠠ ᠭᠡᠵᠦ ᠪᠡᠯᠭᠡᠰᠢᠶᠡᠳᠡᠭ᠃
ᠳᠣᠯᠣᠭ᠎ᠠ᠂ ᠮᠥᠩᠭᠥ – ᠴᠠᠭᠠᠨ ᠡᠷᠳᠡᠨᠢ
ᠰᠠᠷᠠᠨ ᠤ᠋ ᠡᠨᠧᠷᠭᠢ᠂ ᠠᠷᠢᠭᠤᠨ ᠪᠠᠢᠳᠠᠯ᠂ ᠬᠠᠮᠠᠭᠠᠯᠠᠯᠲᠠ᠂ ᠰᠦᠨᠡᠰᠦᠯᠢᠭ ᠬᠥᠭᠵᠢᠯ ᠢ᠋ ᠪᠡᠯᠭᠡᠳᠡᠳᠡᠭ᠃ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠬᠣᠷᠣᠨ ᠮᠠᠭᠤ ᠰᠠᠨᠠᠭᠠᠨ ᠠ᠋ᠴᠠ ᠬᠠᠮᠠᠭᠠᠯᠠᠵᠤ᠂ ᠰᠡᠳᠬᠢᠯ ᠵᠦᠢ ᠶ᠋ᠢᠨ ᠡᠷᠡᠭᠦᠯ ᠮᠡᠨᠳᠦ ᠶ᠋ᠢ ᠳᠡᠮᠵᠢᠨ᠎ᠡ ᠭᠡᠵᠦ ᠪᠡᠯᠭᠡᠰᠢᠶᠡᠳᠡᠭ᠃
ᠨᠠᠢ᠍ᠮᠠ᠂ ᠲᠠᠨ᠎ᠠ (ᠵᠢᠷᠢᠮ ᠭᠠᠵᠠᠷ ᠪᠣᠯᠣᠷ ᠭᠡᠵᠦ ᠴᠦ᠍ ᠶᠠᠷᠢᠳᠠᠭ)– ᠲᠤᠩᠭᠠᠯᠠᠭ ᠡᠷᠳᠡᠨᠢ
ᠴᠡᠪᠡᠷ ᠠᠷᠢᠭᠤᠨ ᠪᠠᠢᠳᠠᠯ᠂ ᠰᠦᠨᠡᠰᠦᠨ ᠦ᠌ ᠬᠠᠮᠠᠭᠠᠯᠠᠯᠲᠠ᠂ ᠡᠨᠧᠷᠭᠢ ᠶ᠋ᠢᠨ ᠲᠡᠩᠴᠡᠪᠦᠷᠢ ᠶ᠋ᠢ ᠢᠯᠡᠷᠬᠡᠢᠯᠡᠳᠡᠭ᠃ ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠪᠡᠶ᠎ᠡ ᠶ᠋ᠢᠨ ᠪᠣᠯᠤᠨ ᠰᠡᠳᠬᠢᠯ ᠦ᠋ᠨ ᠡᠷᠴᠢ ᠬᠦᠴᠢ ᠶ᠋ᠢ ᠨᠡᠮᠡᠭᠳᠡᠭᠦᠯᠵᠦ᠂ ᠮᠠᠭᠤ ᠡᠨᠧᠷᠭᠢ ᠡᠴᠡ ᠬᠠᠮᠠᠭᠠᠯᠠᠨ᠎ᠠ ᠭᠡᠵᠦ ᠪᠡᠯᠭᠡᠰᠢᠶᠡᠳᠡᠭ᠃
ᠶᠢᠰᠦ᠂ ᠭᠠᠩ (ᠵᠢᠷᠢᠮ ᠭᠠᠵᠠᠷ ᠠᠯᠮᠠᠰ ᠭᠡᠵᠦ ᠴᠦ᠍ ᠶᠠᠷᠢᠳᠠᠭ)– ᠬᠠᠮᠤᠭ ᠤ᠋ᠨ ᠬᠦᠴᠦᠷᠬᠡᠭ ᠡᠷᠳᠡᠨᠢ
ᠲᠡᠰᠪᠦᠷᠢ ᠲᠡᠪᠴᠢᠶᠡᠷᠢ᠂ ᠬᠦᠴᠦ ᠴᠢᠳᠠᠯ᠂ ᠢᠯᠠᠯᠲᠠ ᠶ᠋ᠢ ᠢᠯᠡᠷᠬᠡᠢᠯᠡᠳᠡᠭ᠃ ᠳᠠᠯᠠᠯᠭ᠎ᠠ ᠶ᠋ᠢᠨ ᠤᠭᠤᠲᠠᠨ ᠳ᠋ᠤ᠌ ᠬᠢᠪᠡᠯ ᠠᠮᠵᠢᠯᠲᠠ ᠶ᠋ᠢ ᠪᠠᠲᠤᠯᠠᠭᠠᠵᠢᠭᠤᠯᠵᠤ᠂ ᠰᠦᠨᠡᠰᠦᠯᠢᠭ ᠬᠠᠮᠠᠭᠠᠯᠠᠯᠲᠠ ᠥᠭᠳᠡᠭ ᠭᠡᠵᠦ ᠪᠡᠯᠭᠡᠰᠢᠶᠡᠳᠡᠭ᠃
ᠭᠠᠵᠠᠷ ᠣᠷᠣᠨ ᠤ᠋ ᠢᠯᠭᠠᠭ᠎ᠠ ᠠ᠋ᠴᠠ ᠶᠢᠰᠦᠨ ᠡᠷᠳᠡᠨᠢ ᠳ᠋ᠦ᠍ ᠪᠠᠭᠲᠠᠬᠤ ᠡᠷᠳᠡᠨᠢ ᠶ᠋ᠢᠨ ᠵᠦᠢᠯ ᠢ᠋ ᠠᠳᠠᠯᠢ ᠪᠤᠰᠤ ᠶᠠᠷᠢᠳᠠᠭ ᠪᠣᠯᠪᠠᠴᠤ ᠲᠡᠭᠦᠨ ᠦ᠌ ᠲᠥᠯᠥᠭᠡᠯᠡᠬᠦ ᠥᠩᠭᠡ ᠪᠠ ᠪᠡᠯᠭᠡᠳᠡᠯ ᠨᠢ ᠶᠡᠬᠡ ᠲᠥᠯᠥᠪ ᠠᠳᠠᠯᠢᠬᠠᠨ ᠪᠠᠢᠳᠠᠭ᠃ᠪᠡᠯᠭᠡᠳᠡᠯ ᠦ᠋ᠨ ᠬᠤᠪᠢ ᠠ᠋ᠴᠠ ᠠᠪᠴᠤ ᠬᠡᠯᠡᠪᠡᠯ ᠶᠡᠷᠦᠩᠬᠡᠢ ᠳ᠋ᠦ᠍ᠨᠢ ᠬᠥᠷᠥᠩᠭᠡ ᠮᠥᠩᠭᠥ᠂ ᠡᠳ᠋ ᠪᠠᠶᠠᠯᠢᠭ᠂ ᠡᠷᠬᠡ ᠮᠠᠲᠠᠯ᠂ ᠬᠦᠴᠦ ᠬᠥᠭᠵᠢᠯ᠂ ᠬᠠᠢᠷ᠎ᠠ ᠬᠠᠮᠠᠭᠠᠯᠠᠯᠲᠠ᠂ ᠠᠵᠠ ᠬᠡᠢᠮᠣᠷᠢ ᠵᠡᠷᠭᠡ ᠰᠠᠢᠨ ᠰᠠᠢᠬᠠᠨ ᠤ᠋ ᠲᠥᠯᠥᠭᠡᠯᠡᠯ ᠭᠡᠵᠦ ᠦᠵᠡᠳᠡᠭ ᠪᠢᠯᠡ᠃
