ᠰᠡᠳᠬᠢᠯ ᠦᠨ ᠤᠶᠠᠩᠭ᠎ᠠ.- ᠨᠢᠮᠠᠵᠠᠭᠳᠠ᠂ ᠬᠠᠨᠳᠤᠮ᠎ᠠСэтгэлийн уянга.-нямжагд, хандам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠦᠨ ᠤᠶᠠᠩᠭ᠎ᠠ.- ᠨᠢᠮᠠᠵᠠᠭᠳᠠ᠂ ᠬᠠᠨᠳᠤᠮ᠎ᠠСэтгэлийн уянга.-нямжагд, хандам

ᠰᠡᠳᠬᠢᠯ ᠦᠨ ᠤᠶᠠᠩᠭ᠎ᠠ.- ᠨᠢᠮᠠᠵᠠᠭᠳᠠ᠂ ᠬᠠᠨᠳᠤᠮ᠎ᠠСэтгэлийн уянга.-нямжагд, хандам

ᠠᠩᠭᠢᠯᠠᠯ:ᠳᠠᠭᠤᠤ ᠬᠥᠭᠵᠢᠮ
2022-11-04

300

ᠰᠡᠳᠬᠢᠯ ‍ᠦᠨ ᠤᠶᠠᠩᠭ᠎ᠠ

      ᠳᠠᠭᠤᠴᠢᠨ ᠄ 
           
ᠨᠢᠮᠠᠵᠠᠭᠳᠠ
           
ᠬᠠᠨᠳᠤᠮ᠎ᠠ

ᠰᠡᠳᠬᠢᠯ ‍ᠦᠨ ᠭᠦᠨ ᠎ᠳ᠋ᠦ᠍ ᠲᠣᠯᠢᠳᠠᠬᠤ ᠤᠷᠭᠤᠬᠤ ᠨᠠᠷᠠ ᠨᠢ ᠪᠢᠯᠡ ᠴᠢ
ᠠᠭᠤᠯᠠ ‍ᠶ᠋ᠢᠨ ᠰᠠᠶ᠋ᠢᠬᠠᠨ ᠴᠡᠴᠡᠭᠡᠰ ‍ᠦᠨ ᠠᠩᠬᠢᠯᠤᠮ᠎ᠠ ᠦᠨᠦᠷ ᠨᠢ ᠪᠢᠯᠡ ᠴᠢ
ᠲᠣᠷᠭᠠᠨ ‍ᠤ ᠬᠡ ᠰᠢᠭ᠌ ᠨᠡᠶ᠋ᠢᠯᠡᠬᠦ ᠰᠠᠶ᠋ᠢᠬᠠᠨ ᠴᠠᠭᠠᠨ ᠵᠠᠶᠠᠭ᠎ᠠ ᠮᠢᠨᠢ
ᠤᠶᠠᠩᠭ᠎ᠠ ‍ᠶ᠋ᠢᠨ ᠰᠠᠶ᠋ᠢᠬᠠᠨ ᠳᠠᠭᠤᠨ ‍ᠤ ᠤᠷᠠᠨ ᠭᠣᠶᠣ ᠠᠶᠠᠯᠭᠤ ᠮᠢᠨᠢ

ᠠᠵᠠᠢ ᠪᠤᠭᠤᠷᠤᠯ ᠠᠪᠤ ‍ᠶ᠋ᠢᠨ ᠠᠯᠲᠠᠨ ᠣᠳᠣᠨ ᠪᠢᠯᠡ ᠴᠢ
ᠬᠣᠣᠰᠯᠠᠨ ᠤᠷᠭᠤᠬᠤ ᠴᠡᠴᠡᠭᠡᠰ ‍ᠦᠨ ᠠᠮᠢᠨ ᠤᠰᠤ ᠨᠢ ᠪᠢᠯᠡ ᠴᠢ
ᠰᠡᠳᠬᠢᠯ ᠳᠣᠲᠣᠷ᠎ᠠ ᠳᠡᠯᠭᠡᠷᠡᠬᠦ ᠡᠭᠦᠷᠢᠳᠡ ‍ᠶ᠋ᠢᠨ ᠰᠠᠶ᠋ᠢᠬᠠᠨ ᠠᠮᠠᠷᠠᠭ ᠮᠢᠨᠢ
ᠦᠨᠡᠨᠴᠢ ᠬᠣᠶᠠᠷ ᠬᠣᠣᠰ ‍ᠤᠨ ᠰᠡᠳᠬᠢᠯ ‍ᠦᠨ ᠰᠠᠶ᠋ᠢᠬᠠᠨ ᠳᠠᠭᠤᠯᠠᠯ ᠮᠢᠨᠢ