ᠠᠪᠤ ᠦᠭᠡᠢ ᠡᠳᠦᠷ ᠦ᠋ᠨ ᠨᠢᠯᠪᠤᠰᠤ-ᠮᠡᠷᠭᠡᠨᠪᠠᠭᠠᠲᠤᠷ Avgüi ödriin nulims-MergenbaatarАвгүй өдрийн нулимс-Мэргэнбаатар
ᠠᠪᠤ ᠦᠭᠡᠢ ᠡᠳᠦᠷ ᠦ᠋ᠨ ᠨᠢᠯᠪᠤᠰᠤ
ᠦᠭᠡ ᠄ᠮᠡᠷᠭᠡᠨᠪᠠᠭᠠᠲᠤᠷ
ᠠᠶ᠎ᠠ᠄ ᠮᠡᠷᠭᠡᠨᠪᠠᠭᠠᠲᠤᠷ
ᠳᠠᠭᠤᠴᠢᠨ᠄ ᠮᠡᠷᠭᠡᠨᠪᠠᠭᠠᠲᠤᠷ
ᠬᠠᠪᠤᠷ ᠤ᠋ᠨ ᠰᠠᠯᠬᠢᠨ ᠢᠯᠪᠢᠨ ᠲᠠᠭᠠᠯᠠᠭᠰᠠᠭᠠᠷ
ᠬᠠᠩᠰᠢᠨ ᠤ᠋ ᠡᠳᠦᠷ ᠬᠦᠷᠦᠭᠡᠳ ᠢᠷᠡᠯ᠎ᠡ ᠳᠠ
ᠬᠠᠷᠠᠭ᠎ᠠ ᠳᠦᠭᠦᠷᠡᠩ ᠨᠢᠯᠪᠤᠰᠤ ᠪᠠᠨ ᠠᠷᠴᠢᠭᠰᠠᠭᠠᠷ
ᠬᠠᠯᠢᠭᠰᠠᠨ ᠪᠤᠭᠤᠷᠤᠯ ᠠᠪᠤ ᠳ᠋ᠤ᠌ ᠪᠠᠨ ᠣᠴᠢᠯ᠎ᠠ ᠪᠢ
ᠬᠠᠷᠠᠭᠳᠠᠭᠠᠳ ᠪᠠᠢᠳᠠᠭ ᠳᠡᠷᠡ ᠶ᠋ᠢᠨ ᠬᠥᠬᠡ ᠴᠢᠯᠠᠭᠤᠨ ᠳ᠋ᠤ᠌
ᠬᠠᠢᠷ᠎ᠠ ᠪᠠᠷ ᠰᠥᠬᠥᠷᠡᠵᠦ ᠬᠦᠦ ᠴᠢᠨᠢ ᠮᠥᠷᠭᠥᠯ᠎ᠡ ᠠᠪᠤ ᠮᠢᠨᠢ
ᠬᠠᠮᠤᠭ ᠠ᠋ᠴᠠ ᠤᠶᠠᠷᠠᠭᠤᠨ ᠡᠵᠢ ᠶ᠋ᠢᠨ ᠢ᠋ᠶ᠋ᠡᠨ ᠬᠣᠭᠣᠯᠠᠢ ᠪᠠᠷ
ᠬᠠᠭᠠᠴᠠᠯ ᠤ᠋ᠨ ᠬᠣᠷᠸ᠎ᠠ ᠶ᠋ᠢ ᠳᠠᠭᠤᠯᠠᠵᠤ ᠪᠢ ᠮᠥᠷᠭᠥᠯ᠎ᠡ
ᠠᠳᠤᠭᠤᠨ ᠤ᠋ ᠬᠣᠢᠨ᠎ᠠ ᠠ᠋ᠴᠠ ᠲᠡᠮᠡᠦᠯᠦᠭᠰᠡᠨ ᠬᠦᠯᠦᠭ ᠦ᠋ᠨ ᠮᠢᠨᠢ
ᠲᠠᠰᠤᠷᠬᠠᠢ ᠴᠢᠳᠥᠷ ᠢ᠋ ᠵᠠᠯᠭᠠᠵᠤ ᠥᠭᠬᠦ ᠬᠥᠮᠦᠨ ᠦᠭᠡᠢ
ᠠᠷᠳᠠᠭ ᠮᠣᠷᠢᠨ ᠳ᠋ᠤ᠌ ᠠᠯᠳᠠᠭᠰᠠᠨ ᠤᠷᠭ᠎ᠠ ᠶ᠋ᠢᠨ ᠮᠢᠨᠢ
ᠠᠷᠪᠠᠨ ᠬᠡᠰᠡᠭ ᠢ᠋ ᠠᠷᠭᠠᠯᠠᠵᠤ ᠥᠭᠬᠦ ᠬᠥᠮᠦᠨ ᠦᠭᠡᠢ
ᠠᠯᠤᠰ ᠤ᠋ᠨ ᠴᠡᠩᠬᠡᠷ ᠠᠮᠢᠳᠤᠷᠠᠯ ᠤ᠋ᠨ ᠳᠠᠪᠠᠭ᠎ᠠ ᠵᠦᠭ
ᠠᠷᠠᠯ ᠤ᠋ᠨ ᠱᠠᠷ ᠰᠢᠭ᠋ ᠵᠢᠳᠬᠦᠵᠦ ᠶᠠᠪᠤᠭᠰᠠᠨ ᠠᠪᠤ ᠮᠢᠨᠢ
ᠠᠮᠢᠳᠤᠷᠠᠯ ᠤ᠋ᠨ ᠦᠨᠡᠨ ᠭᠠᠴᠢᠭ ᠵᠣᠪᠠᠭᠤᠷᠢ ᠠ᠋ᠴᠠ
ᠠᠴᠢ ᠶ᠋ᠢ ᠲᠠᠨᠢ ᠤᠬᠠᠭᠠᠷᠠᠵᠤ ᠮᠡᠳᠡᠯ᠎ᠡ ᠬᠦᠦ ᠴᠢᠨᠢ
ᠨᠠᠰᠤᠨ ᠲᠤᠷᠰᠢᠲᠠ ᠪᠠᠨ ᠵᠢᠷᠭᠠᠯ ᠢ᠋ ᠡᠳ᠋ᠯᠡᠭᠡ ᠦᠭᠡᠢ
ᠨᠠᠷᠠᠨ ᠤ᠋ ᠪᠣᠷᠣᠬᠠᠨ ᠮᠠᠯᠴᠢᠨ ᠠᠪᠤ ᠮᠢᠨᠢ
ᠦᠷ᠎ᠡ ᠶ᠋ᠢᠨ ᠰᠠᠢᠬᠠᠨ ᠢ᠋ᠶ᠋ᠠᠨ ᠦᠵᠡᠨ ᠵᠢᠷᠭᠠᠬᠤ
ᠦᠯᠡᠮᠵᠢ ᠶ᠋ᠢᠨ ᠪᠤᠶᠠᠨ ᠶᠠᠭᠠᠬᠢᠭᠠᠳ ᠪᠠᠢᠬᠤ ᠦᠭᠡᠢ ᠪᠣᠢ?
ᠨᠠᠷᠠᠨ ᠤ᠋ ᠰᠢᠷᠭᠠᠯ ᠳ᠋ᠤ᠌ ᠰᠠᠨᠴᠢᠭ ᠨᠢ ᠪᠤᠭᠤᠷᠤᠯᠲᠤᠭᠰᠠᠭᠠᠷ
ᠨᠠᠮᠤᠷ ᠤ᠋ᠨ ᠨᠠᠪᠴᠢ ᠰᠢᠭ᠋ ᠰᠢᠷᠠᠯᠠᠵᠤ ᠬᠡᠢᠰᠦᠭᠰᠡᠨ ᠠᠪᠤ ᠮᠢᠨᠢ
ᠮᠠᠨᠠᠨ ᠤ᠋ ᠴᠡᠩᠬᠡᠷ ᠮᠠᠨᠢᠲᠤ ᠶ᠋ᠢᠨ ᠲᠠᠯ᠎ᠠ ᠳ᠋ᠤ᠌ ᠪᠠᠨ
ᠠᠮᠤᠭᠤᠯᠠᠩ ᠨᠣᠢᠷᠰᠤᠭᠠᠴᠢ ᠬᠠᠢᠷᠠᠲᠤ ᠠᠪᠤ ᠮᠢᠨᠢ
ᠮᠠᠨᠠᠨ ᠤ᠋ ᠴᠡᠩᠬᠡᠷ ᠮᠠᠨᠢᠲᠤ ᠶ᠋ᠢᠨ ᠲᠠᠯ᠎ᠠ ᠳ᠋ᠤ᠌ ᠪᠠᠨ
ᠠᠮᠤᠭᠤᠯᠠᠩ ᠨᠣᠢᠷᠰᠤᠭᠠᠴᠢ ᠬᠠᠢᠷᠠᠲᠤ ᠠᠪᠤ ᠮᠢᠨᠢ
ᠢᠷᠡᠯᠲᠡ᠄ ᠡᠭᠡᠰᠢᠭ
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠪᠢᠴᠢᠯᠭᠡ ᠶᠢᠨ ᠰᠡᠭᠦᠳᠡᠷ ᠢ ᠰᠦᠯᠵᠢᠶᠡᠨ ᠡᠴᠡ ᠬᠠᠭᠤᠯᠪᠠ᠂
ᠦᠰᠦᠭ ᠬᠢᠨᠠᠭᠴᠢ᠄ ᠢᠷᠡᠭᠡᠳᠦᠢ
