ᠠᠪᠤ ᠠ᠋ -ᠰᠠᠷᠠᠨᠬᠦᠦAav aa-SarankhüüАав аа-Саранхүү ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠠ᠋ -ᠰᠠᠷᠠᠨᠬᠦᠦAav aa-SarankhüüАав аа-Саранхүү

ᠠᠪᠤ ᠠ᠋ -ᠰᠠᠷᠠᠨᠬᠦᠦAav aa-SarankhüüАав аа-Саранхүү

ᠠᠩᠭᠢᠯᠠᠯ:ᠳᠠᠭᠤᠤ ᠬᠥᠭᠵᠢᠮ
2026-03-30

145

ᠠᠪᠤ ᠠ᠋


    ᠦᠭᠡ᠂ ᠠᠶ᠎ᠠ᠄ ᠰᠡᠢᠨ᠎ᠡ 
    ᠬᠥᠭᠵᠢᠮ ᠦ᠋ᠨ ᠨᠠᠢᠷᠠᠭᠤᠯᠤᠭᠴᠢ᠄ ᠶ᠋ᠢᠨ· ᠮᠥᠩᠬᠡᠪᠠᠭᠠᠲᠤᠷ 
    ᠳᠠᠭᠤᠴᠢᠨ᠄ ᠰᠠᠷᠠᠨᠬᠦᠦ  

ᠠᠪᠤ ᠠ᠋ ᠲᠠᠨ ᠳ᠋ᠠᠭᠠᠨ ᠪᠢ ᠬᠠᠢᠷᠠᠲᠠᠢ ᠰᠢᠦ 
ᠲᠠᠨᠠᠨ ᠴᠠᠭᠠᠨ ᠭᠡᠷ ᠦ᠋ᠨ ᠢ᠋ᠶ᠋ᠡᠨ 
ᠬᠣᠢᠮᠣᠷ ᠨᠠᠯᠠᠢᠭᠰᠠᠨ ᠪᠤᠷᠬᠠᠨ ᠰᠢᠦ 
ᠬᠣᠲᠠ ᠠᠢᠯ ᠳ᠋ᠠᠭᠠᠨ ᠬᠦᠨᠳᠦᠲᠡᠢ 
ᠬᠣᠨᠢᠴᠢᠨ ᠪᠤᠭᠤᠷᠤᠯ ᠠᠪᠤ ᠶ᠋ᠢᠨ ᠮᠢᠨᠢ 
ᠬᠡᠯᠡᠭᠰᠡᠨ ᠶᠠᠷᠢᠭᠰᠠᠨ ᠪᠦᠭᠦᠳᠡ ᠨᠢ 
ᠬᠡᠵᠢᠶᠡᠳᠡ ᠮᠢᠨᠦ ᠵᠢᠷᠦᠬᠡᠨ ᠳ᠋ᠦ᠍ ᠪᠠᠢᠨ᠎ᠠ
ᠠᠪᠤ ᠠ᠋ ᠲᠠᠨ ᠳ᠋ᠠᠭᠠᠨ ᠪᠢ ᠬᠠᠢᠷᠠᠲᠠᠢ ᠰᠢᠦ
ᠲᠠᠨ ᠢ᠋ ᠪᠡᠨ ᠦᠭᠡᠢ ᠡᠳᠦᠷ ᠦ᠋ᠳ ᠲᠦ᠍
ᠳᠡᠩᠳᠡᠭᠦᠦ ᠰᠠᠨᠠᠵᠤ ᠶᠠᠪᠤᠨ᠎ᠠ ᠠᠪᠤ ᠠ᠋

ᠠᠪᠤ ᠠ᠋ ᠲᠠᠨ ᠳ᠋ᠠᠭᠠᠨ ᠪᠢ ᠬᠠᠢᠷᠠᠲᠠᠢ ᠰᠢᠦ
ᠤᠨᠠᠭᠠᠨ ᠵᠢᠷᠣᠭ᠎ᠠ ᠪᠣᠷᠣ ᠶ᠋ᠢᠨ ᠮᠢᠨᠢ
ᠲᠣᠬᠣᠮ ᠤ᠋ᠨ ᠬᠥᠯᠥᠰᠥ ᠨᠢ ᠰᠡᠪᠬᠢᠭᠡ ᠦᠭᠡᠢ 
ᠤᠷᠭ᠎ᠠ ᠲᠤᠯᠵᠤ ᠮᠣᠷᠳᠠᠭᠰᠠᠨ
ᠠᠳᠤᠭᠤᠴᠢᠨ ᠪᠤᠭᠤᠷᠤᠯ ᠠᠪᠤ ᠶ᠋ᠢᠨ ᠮᠢᠨᠢ
ᠤᠷᠲᠤ ᠶ᠋ᠢᠨ ᠳᠠᠭᠤᠨ ᠤ᠋ ᠰᠢᠷᠤᠩᠬᠠᠢ ᠨᠢ
ᠤᠶᠠᠷᠠᠭᠤᠨ ᠡᠪᠬᠡᠷᠡᠭᠦᠨ  ᠲᠤᠭᠤᠯᠳᠠᠭᠠᠳ ᠪᠠᠢᠨ᠎ᠠ
ᠠᠪᠤ ᠠ᠋ ᠲᠠᠨ ᠳ᠋ᠠᠭᠠᠨ ᠪᠢ ᠬᠠᠢᠷᠠᠲᠠᠢ ᠰᠢᠦ
ᠲᠠᠨ ᠢ᠋ ᠪᠡᠨ ᠦᠭᠡᠢ ᠡᠳᠦᠷ ᠦ᠋ᠳ ᠲᠦ᠍
ᠳᠡᠩᠳᠡᠭᠦᠦ ᠰᠠᠨᠠᠵᠤ ᠶᠠᠪᠤᠨ᠎ᠠ ᠠᠪᠤ ᠠ᠋

ᠠᠪᠤ ᠠ᠋ ᠲᠠᠨ ᠳ᠋ᠠᠭᠠᠨ ᠪᠢ ᠬᠠᠢᠷᠠᠲᠠᠢ ᠰᠢᠦ
ᠡᠵᠢ ᠶ᠋ᠢᠨ ᠪᠣᠷᠣ ᠠᠶᠠᠭ᠎ᠠ ᠲᠠᠢ
ᠰᠦ ᠲᠡᠢ ᠴᠠᠢ ᠨᠢ ᠬᠦᠷᠦᠭᠡ ᠦᠭᠡᠢ
ᠡᠷᠭᠢᠯᠲᠡ ᠬᠠᠷᠢᠭᠤᠯᠲᠠ ᠦᠭᠡᠢ ᠬᠣᠷᠸ᠎ᠠ ᠳ᠋ᠤ᠌
ᠡᠷᠢᠯ ᠳ᠋ᠦ᠍ ᠶᠠᠪᠤᠭᠰᠠᠨ ᠠᠪᠤ ᠮᠢᠨᠢ ᠲᠠ
ᠡᠭᠦᠯᠡᠨ ᠴᠢᠯᠥᠭᠡᠨ ᠦ᠌ ᠨᠠᠷᠠᠨ ᠪᠣᠯᠵᠤ
ᠡᠷᠭᠢᠭᠡᠳ ᠢᠷᠡᠭᠡ ᠦᠭᠡᠢ ᠶᠠᠭᠠᠬᠢᠭ᠎ᠠ ᠪᠣᠢ
ᠠᠪᠤ ᠠ᠋ ᠲᠠᠨ ᠳ᠋ᠠᠭᠠᠨ ᠪᠢ ᠬᠠᠢᠷᠠᠲᠠᠢ ᠰᠢᠦ
ᠲᠠᠨ ᠢ᠋ ᠪᠡᠨ ᠦᠭᠡᠢ ᠡᠳᠦᠷ ᠦ᠋ᠳ ᠲᠦ᠍
ᠳᠡᠩᠳᠡᠭᠦᠦ ᠰᠠᠨᠠᠵᠤ ᠶᠠᠪᠤᠨ᠎ᠠ ᠠᠪᠤ ᠠ᠋
ᠳᠡᠩᠳᠡᠭᠦᠦ ᠰᠠᠨᠠᠵᠤ ᠶᠠᠪᠤᠨ᠎ᠠ ᠠᠪᠤ ᠠ᠋

      ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
      ᠦᠰᠦᠭ ᠬᠠᠳᠠᠭᠴᠢ᠄ ᠪᠠᠢ᠂ ᠰᠠᠷᠠᠨ᠎ᠠ
      ᠬᠢᠨᠠᠭᠴᠢ᠄ ᠰᠣᠨᠢᠨᠪᠠᠶᠠᠷ