ᠰᠢᠯᠢ ᠶ᠋ᠢᠨ ᠭᠣᠣᠯ- ᠡ᠊· ᠤᠶᠠᠩᠭ᠎ᠠШилийн гол-ө уянга
ᠰᠢᠯᠢ ᠶ᠋ᠢᠨ ᠭᠣᠣᠯ
ᠦᠭᠡ᠄ ᠠᠯᠮᠠᠰ
ᠠᠶ᠎ᠠ᠄ ᠴᠢ᠊· ᠪᠤᠯᠠᠭ
ᠳᠠᠭᠤᠴᠢᠨ᠄ ᠡ᠊· ᠤᠶᠠᠩᠭ᠎ᠠ
ᠰᠢᠯᠢ ᠶ᠋ᠢᠨ ᠭᠣᠣᠯ ᠰᠢᠯᠢ ᠶ᠋ᠢᠨ ᠭᠣᠣᠯ ᠮᠢᠨᠢ
ᠰᠢᠨᠡᠳᠬᠡᠯ ᠦ᠋ᠨ ᠳᠦᠭᠦᠷᠡᠩ ᠰᠠᠷᠠᠨ ᠤ᠋ ᠲᠤᠶᠠᠭᠠᠨ ᠳ᠋ᠤ᠌
ᠰᠢᠪᠡᠨᠡᠨ ᠰᠢᠪᠡᠨᠡᠨ ᠰᠢᠩᠰᠢᠯᠡᠨ ᠬᠤᠢᠯᠠᠷᠠᠭᠠᠳ
ᠰᠢᠷ᠎ᠠ ᠲᠠᠯ᠎ᠠ ᠪᠠᠷ ᠱᠠᠭᠢᠨ ᠤᠷᠤᠰᠤᠨ᠎ᠠ
ᠰᠢᠯᠢ ᠶ᠋ᠢᠨ ᠭᠣᠣᠯ ᠰᠠᠭᠠᠯᠢ ᠶ᠋ᠢᠨ ᠭᠣᠣᠯ
ᠰᠢᠯᠢ ᠶ᠋ᠢᠨ ᠮᠠᠯᠴᠢᠳ ᠤ᠋ᠨ ᠠᠮᠢᠨ ᠰᠤᠳᠠᠰᠤ
ᠰᠢᠷᠭᠢᠰᠢ ᠦᠭᠡᠢ ᠰᠢᠷᠭᠢᠰᠢ ᠦᠭᠡᠢ ᠰᠢᠮ᠎ᠡ ᠶ᠋ᠢᠨ ᠷᠠᠰᠢᠶᠠᠨ᠃
ᠰᠢᠯᠢ ᠶ᠋ᠢᠨ ᠭᠣᠣᠯ ᠰᠢᠯᠢ ᠶ᠋ᠢᠨ ᠭᠣᠣᠯ ᠮᠢᠨᠢ
ᠰᠢᠪᠡᠷᠡᠬᠦ ᠪᠣᠷᠣᠭᠠᠨ ᠤ᠋ ᠪᠣᠮᠠᠨ ᠳᠤᠰᠤᠯ
ᠰᠢᠯᠢᠨ ᠲᠣᠪᠣᠷᠤᠤ ᠬᠦᠪᠦᠭᠦᠯᠦᠨ ᠬᠥᠭᠡᠰᠦᠷᠡᠭᠰᠡᠨ
ᠰᠢᠨᠡᠬᠡᠨ ᠬᠣᠲᠠ ᠶ᠋ᠢᠨ ᠮᠢᠨᠢ ᠪᠣᠳᠣᠯ ᠤ᠋ᠨ ᠤᠷᠤᠰᠬᠠᠯ
ᠰᠢᠯᠢ ᠶ᠋ᠢᠨ ᠭᠣᠣᠯ ᠰᠦᠨ ᠦ᠌ ᠭᠣᠣᠯ
ᠰᠢᠬᠢᠷ ᠪᠤᠷᠠᠮ ᠤ᠋ᠨ ᠰᠠᠢᠬᠠᠨ ᠠᠮᠲᠠ ᠪᠠᠷ
ᠰᠢᠭᠢᠳᠭᠡ ᠬᠠᠶᠠᠯᠠᠨ ᠰᠢᠭᠢᠳᠭᠡ ᠬᠠᠶᠠᠯᠠᠨ ᠤᠷᠤᠰᠤᠭᠠᠳ ᠯᠠ ᠪᠠᠢᠨ᠎ᠠ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
