ᠵᠠᠩ ᠰᠠᠢᠲᠠᠢ ᠮᠣᠩᠭᠣᠯ ᠪᠦᠰᠡᠭᠦᠢ ᠨ ∙ ᠪᠠᠰᠠᠩᠳᠣᠷᠵᠢ᠂ ᠡ᠊ ∙ ᠣᠴᠢᠷᠰᠠᠢᠬᠠᠨZan saitai Mongol bvsgvi-Зан сайтай Монгол бүсгүй _Н.Баасандорж, Э.Очирсайхан
ᠵᠠᠩ ᠰᠠᠢᠲᠠᠢ ᠮᠣᠩᠭᠣᠯ ᠪᠦᠰᠡᠭᠦᠢ
ᠦᠭᠡ᠄ᠯ᠂ᠭᠠᠸᠠᠰᠦ᠋ᠷᠦᠩ
ᠠᠶ᠎ᠠ᠄ᠨ ᠪᠠᠰᠠᠩᠳᠣᠷᠵᠢ
ᠳᠠᠭᠤᠴᠢᠨ᠄ᠨ᠂ᠪᠠᠰᠠᠩᠳᠣᠷᠵᠢ ᠠ᠋᠂ᠸᠴᠢᠷᠰᠠᠢᠬᠠᠨ
ᠴᠣᠭᠯᠢᠭ ᠪᠦᠬᠦᠨ ᠴᠣᠭᠴᠠᠯᠠᠭᠰᠠᠨ
ᠵᠢᠪᠬᠤᠭ᠎ᠠ ᠲᠡᠭᠦᠯᠳᠡᠷ ᠪᠦᠰᠡᠭᠦᠢ ᠶᠧ
ᠵᠢᠷᠭᠠᠯ ᠭᠡᠢᠭᠰᠡᠨ ᠴᠢᠷᠠᠢ ᠳ᠋ᠤ᠌ ᠨᠢ
ᠭᠤᠨᠢᠭ ᠤ᠋ᠨ ᠦᠷᠴᠢᠯᠡᠭᠡᠰᠦ ᠦᠭᠡᠢ ᠶᠧ
ᠥᠭᠡᠯᠦᠨ ᠡᠵᠢ ᠶ᠋ᠢᠨ ᠤᠳᠤᠮ ᠶᠤᠮ ᠴᠢᠨᠢ
ᠦᠵᠡᠰᠬᠦᠯᠡᠩ ᠲᠥᠷᠥᠬᠦ ᠡᠴᠡ ᠶᠠᠭᠠᠬᠢᠬᠤᠪ ᠳᠧ
ᠦᠵᠡᠰᠬᠦᠯᠡᠩ ᠲᠥᠷᠥᠬᠦ ᠡᠴᠡ ᠶᠠᠭᠠᠬᠢᠬᠤᠪ ᠳᠧ
ᠤᠮᠳᠠ ᠲᠠᠢ ᠲᠠᠢ ᠬᠦᠨᠳᠦᠲᠡᠢ ᠵᠣᠴᠢᠯᠠᠭᠰᠠᠨ
ᠤᠬᠠᠭᠠᠨ ᠳᠡᠯᠭᠡᠷ ᠪᠦᠰᠡᠭᠦᠢ ᠶᠧ
ᠠᠭᠠᠭ ᠲᠠᠢ ᠰᠢᠷᠭᠠᠯ ᠴᠠᠢ ᠪᠠᠨ
ᠠᠭᠠᠰᠢᠨ ᠤ᠋ ᠰᠠᠢᠬᠠᠨ ᠢ᠋ᠶ᠋ᠠᠷ ᠰᠦᠯᠡᠭᠡ ᠤᠤ
ᠵᠠᠩ ᠨᠢ ᠬᠠᠢᠯᠤᠨ ᠡᠵᠢ ᠡᠴᠡ
ᠵᠠᠶᠠᠭᠠᠭᠰᠠᠨ ᠶᠤᠮ ᠴᠢᠨᠢ ᠠᠷᠭ᠎ᠠ ᠦᠭᠡᠢ
ᠵᠠᠶᠠᠭᠠᠭᠰᠠᠨ ᠶᠤᠮ ᠴᠢᠨᠢ ᠠᠷᠭ᠎ᠠ ᠦᠭᠡᠢ
ᠵᠠᠩ ᠨᠢ ᠬᠠᠢᠯᠤᠨ ᠡᠵᠢ ᠡᠴᠡ
ᠵᠠᠶᠠᠭᠠᠭᠰᠠᠨ ᠶᠤᠮ ᠴᠢᠨᠢ ᠠᠷᠭ᠎ᠠ ᠦᠭᠡᠢ
ᠵᠠᠶᠠᠭᠠᠭᠰᠠᠨ ᠶᠤᠮ ᠴᠢᠨᠢ ᠠᠷᠭ᠎ᠠ ᠦᠭᠡᠢ
ᠶᠠᠷᠢᠶ᠎ᠠ ᠬᠥᠷ ᠢ᠋ᠶ᠋ᠡᠨ ᠳᠡᠯᠭᠡᠭᠰᠡᠨ
ᠢᠯᠳᠠᠮ ᠡᠶᠡᠯᠳᠡᠭ ᠪᠦᠰᠡᠭᠦᠢ ᠶᠧ
ᠶᠠᠪᠤᠭᠤᠯ ᠤ᠋ᠨ ᠬᠥᠮᠦᠨ ᠢ ᠴᠦ᠍ ᠤᠮᠳᠠᠯᠠᠭᠰᠠᠨ
ᠶᠠᠮᠠᠷ ᠴᠤ᠌ ᠭᠡᠭᠡᠨ ᠶᠣᠰᠣᠨ ᠪᠣᠢ
ᠵᠠᠶᠠᠭ᠎ᠠ ᠨᠢ ᠠᠷᠢᠭᠤᠬᠠᠨ ᠮᠣᠩᠭᠣᠯ ᠤ᠋ᠨ ᠮᠢᠨᠢ
ᠵᠠᠩᠰᠢᠯ ᠨᠢ ᠦᠨᠡᠬᠡᠷ ᠭᠠᠢᠬᠠᠮᠠᠷ ᠠ᠋
ᠵᠠᠩᠰᠢᠯ ᠨᠢ ᠦᠨᠡᠬᠡᠷ ᠭᠠᠢᠬᠠᠮᠠᠷ ᠠ᠋
ᠵᠠᠶᠠᠭ᠎ᠠ ᠨᠢ ᠠᠷᠢᠭᠤᠬᠠᠨ ᠮᠣᠩᠭᠣᠯ ᠤ᠋ᠨ ᠮᠢᠨᠢ
ᠵᠠᠩᠰᠢᠯ ᠨᠢ ᠦᠨᠡᠬᠡᠷ ᠭᠠᠢᠬᠠᠮᠠᠷ ᠠ᠋
ᠵᠠᠩᠰᠢᠯ ᠨᠢ ᠦᠨᠡᠬᠡᠷ ᠭᠠᠢᠬᠠᠮᠠᠷ ᠠ᠋
ᠵᠠᠩᠰᠢᠯ ᠨᠢ ᠦᠨᠡᠬᠡᠷ ᠭᠠᠢᠬᠠᠮᠠᠷ ᠠ᠋
ᠦᠰᠦᠭ ᠠᠮᠢᠯᠠᠭᠤᠯᠤᠭᠴᠢ᠄ ᠰᠡᠴᠡᠨᠬᠡᠷᠡᠯ
ᠬᠢᠨᠠᠭᠴᠢ ᠪᠠᠭᠰᠢ᠄ ᠠᠯᠲᠠᠨᠴᠡᠴᠡᠭ
