ᠬᠠᠳᠠᠲᠤ ᠬᠤᠸᠠ- ᠳ ᠠᠷᠢᠭᠤᠨᠴᠢᠮᠡᠭKhadat Ukhaa- D. AriunchimegХадат Ухаа- Д. Ариунчимэг
ᠬᠠᠳᠠᠲᠤ ᠬᠤᠸᠠ
ᠠᠷᠠᠳ ᠤ᠋ᠨ ᠳᠠᠭᠤᠤ
ᠳᠠᠭᠤᠴᠢᠨ᠄ ᠳ᠂ ᠠᠷᠢᠭᠤᠨᠴᠢᠮᠡᠭ
ᠬᠠᠳᠠᠲᠤ ᠬᠤᠸᠠ ᠶ᠋ᠢᠨ ᠣᠷᠣᠢ ᠪᠠᠷ
ᠬᠠᠢᠯᠠᠰᠤ ᠶᠠᠭᠤᠨ ᠳ᠋ᠤ᠌ ᠪᠠᠨ ᠤᠷᠭᠤᠭ᠎ᠠ ᠪᠣᠢ
ᠬᠠᠢᠷᠠᠲᠠᠢ ᠠᠮᠠᠷᠠᠭ ᠴᠢᠮ᠎ᠠ ᠲᠠᠢ ᠪᠠᠨ
ᠬᠠᠪᠤᠷ ᠤ᠋ᠨ ᠰᠠᠷ᠎ᠠ ᠳ᠋ᠤ᠌ ᠪᠠᠨ ᠠᠭᠤᠯᠵᠠᠨ᠎ᠠ ᠳ᠋ᠠ
ᠨᠠᠪᠴᠢᠰ ᠬᠤᠸᠠ ᠶ᠋ᠢᠨ ᠣᠷᠣᠢ ᠪᠠᠷ
ᠨᠠᠮᠢᠷᠠᠭ᠎ᠠ ᠪᠣᠷᠣᠭᠠᠨ ᠱᠠᠭᠢᠨ᠎ᠠ ᠳ᠋ᠠ
ᠨᠠᠰᠤᠨ ᠤ᠋ ᠪᠠᠭ᠎ᠠ ᠴᠢᠮ᠎ᠠ ᠲᠠᠢ ᠪᠠᠨ
ᠨᠠᠮᠤᠷ ᠤ᠋ᠨ ᠰᠠᠷ᠎ᠠ ᠳ᠋ᠤ᠌ ᠪᠠᠨ ᠠᠭᠤᠯᠵᠠᠨ᠎ᠠ ᠳ᠋ᠠ
ᠪᠦᠳᠦᠭᠦᠨ ᠮᠣᠳᠣᠨ ᠤ᠋ ᠮᠥᠴᠢᠷ ᠳᠡᠭᠡᠷ᠎ᠡ
ᠪᠦᠷᠭᠦᠳ ᠰᠠᠭᠤᠭᠠᠳ ᠰᠦᠮᠡᠢᠵᠦ ᠪᠠᠢᠨ᠎ᠠ
ᠪᠦᠷᠢᠨ ᠢᠲᠡᠭᠡᠯᠲᠦ ᠴᠢᠮ᠎ᠠ ᠲᠠᠢ ᠪᠠᠨ
ᠪᠦᠭᠦᠳᠡ ᠶ᠋ᠢ ᠵᠥᠪᠯᠡᠭᠡᠳ ᠶᠠᠷᠢᠮᠠᠷ ᠪᠠᠢᠨ᠎ᠠ
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
