ᠠᠷᠠᠳ ᠤ᠋ᠨ ᠰᠠᠢᠬᠠᠨ ᠳᠠᠭᠤᠤ ᠨᠤᠭᠤᠳ -ᠪᠠᠶᠠᠨᠵᠢᠷᠭᠠᠯ· ᠡᠩᠬᠡᠴᠡᠴᠡᠭ Ардын сайхан дуунууд-Баянжаргал·Энхцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠤ᠋ᠨ ᠰᠠᠢᠬᠠᠨ ᠳᠠᠭᠤᠤ ᠨᠤᠭᠤᠳ -ᠪᠠᠶᠠᠨᠵᠢᠷᠭᠠᠯ· ᠡᠩᠬᠡᠴᠡᠴᠡᠭ Ардын сайхан дуунууд-Баянжаргал·Энхцэцэг

ᠠᠷᠠᠳ ᠤ᠋ᠨ ᠰᠠᠢᠬᠠᠨ ᠳᠠᠭᠤᠤ ᠨᠤᠭᠤᠳ -ᠪᠠᠶᠠᠨᠵᠢᠷᠭᠠᠯ· ᠡᠩᠬᠡᠴᠡᠴᠡᠭ Ардын сайхан дуунууд-Баянжаргал·Энхцэцэг

ᠠᠩᠭᠢᠯᠠᠯ:ᠳᠠᠭᠤᠤ ᠬᠥᠭᠵᠢᠮ
2026-03-29

250

ᠠᠷᠠᠳ ᠤ᠋ᠨ ᠰᠠᠢᠬᠠᠨ ᠳᠠᠭᠤᠤ ᠨᠤᠭᠤᠳ


           ᠳᠠᠭᠤᠴᠢᠨ᠄ ᠪᠠᠶᠠᠨᠵᠢᠷᠭᠠᠯ· ᠡᠩᠬᠡᠴᠡᠴᠡᠭ 

         ᠲᠠᠯ᠎ᠠ ᠶ᠋ᠢᠨ ᠲᠠᠪᠤᠨ ᠲᠣᠯᠣᠭᠠᠢ      

ᠲᠠᠯ᠎ᠠ ᠶ᠋ᠢᠨ ᠲᠠᠪᠤᠨ ᠲᠣᠯᠣᠭᠠᠢ ᠪᠠᠷ    
ᠳᠠᠭᠠᠨ᠎ᠠ ᠮᠠᠩᠭᠢᠷ ᠤ᠋ᠨ ᠤᠷᠭᠤᠮᠠᠯ ᠲᠠᠢ ᠶᠠ ᠬᠦ    
ᠲᠠᠨᠢᠯᠴᠠᠭᠰᠠᠨ ᠠᠮᠠᠷᠠᠭ ᠢ᠋ᠶ᠋ᠠᠨ ᠪᠣᠳᠣᠬᠤᠯᠠᠷ    
ᠲᠠᠪᠤᠬᠠᠨ ᠵᠢᠯ ᠴᠢᠨᠢ ᠭᠠᠢᠭᠤᠢ ᠯᠠ ᠪᠠᠢᠨ᠎ᠠ ᠬᠦ    
ᠲᠠᠪᠤᠬᠠᠨ ᠵᠢᠯ ᠴᠢᠨᠢ ᠭᠠᠢᠭᠤᠢ ᠯᠠ ᠪᠠᠢᠨ᠎ᠠ ᠬᠦ

         ᠴᠢ ᠮᠢᠨᠢ ᠪᠠᠢᠳᠠᠭ    

ᠪᠠᠷᠤᠢᠭᠠᠳ ᠪᠠᠢᠳᠠᠭ ᠪᠠᠶᠠᠨ ᠬᠠᠢᠷᠬᠠᠨ    
ᠪᠠᠭᠰᠢᠷᠠᠭᠠᠳ ᠪᠠᠢᠳᠠᠭ ᠬᠣᠨᠢᠨ ᠰᠦᠷᠦᠭ    
ᠪᠠᠶᠠᠨ ᠴᠠᠭᠠᠨ ᠬᠣᠨᠢᠨ ᠤ᠋ ᠳᠡᠷᠭᠡᠳᠡ    
ᠪᠠᠭ᠎ᠠ ᠶ᠋ᠢᠨ ᠠᠮᠠᠷᠠᠭ ᠴᠢ ᠮᠢᠨᠢ ᠪᠠᠢᠳᠠᠭ    
ᠪᠠᠭ᠎ᠠ ᠶ᠋ᠢᠨ ᠠᠮᠠᠷᠠᠭ ᠴᠢ ᠮᠢᠨᠢ ᠪᠠᠢᠳᠠᠭ

       ᠰᠠᠮᠤᠷ ᠤ᠋ᠨ ᠭᠤᠷᠪᠠᠨ ᠲᠣᠯᠣᠭᠠᠢ   
  
ᠰᠠᠮᠤᠷ ᠤ᠋ᠨ ᠭᠤᠷᠪᠠᠨ ᠲᠣᠯᠣᠭᠠᠢ ᠪᠠᠨ    
ᠰᠠᠢᠪᠤᠷ ᠰᠠᠭᠠᠷᠠᠯ ᠢ᠋ᠶ᠋ᠠᠷ ᠢ᠋ᠶ᠋ᠠᠨ ᠳᠣᠭᠣᠯᠤᠶ᠎ᠠ ᠳᠠ    
ᠰᠠᠨᠠᠭᠠᠨ ᠤ᠋ ᠠᠮᠠᠷᠠᠭ ᠴᠢᠮ᠎ᠠ ᠲᠠᠢ ᠪᠠᠨ    
ᠰᠠᠭᠠᠲᠠᠨ ᠰᠠᠭᠤᠵᠤ ᠨᠠᠢᠷᠯᠠᠶ᠎ᠠ ᠠ᠋    
ᠦᠵᠦᠮ ᠦ᠋ᠨ ᠭᠤᠷᠪᠠᠨ ᠲᠣᠯᠣᠭᠠᠢ ᠪᠠᠨ    
ᠦᠷᠢᠶ᠎ᠡ ᠰᠠᠭᠠᠷᠠᠯ ᠢ᠋ᠶ᠋ᠠᠷ ᠢ᠋ᠶ᠋ᠠᠨ ᠳᠣᠭᠣᠯᠤᠶ᠎ᠠ    
ᠦᠶ᠎ᠡ ᠶ᠋ᠢᠨ ᠪᠢᠴᠢᠬᠠᠨ ᠴᠢᠮ᠎ᠠ ᠲᠠᠢ ᠪᠠᠨ    
ᠦᠶᠡᠷᠬᠡᠨ ᠰᠠᠭᠤᠵᠤ ᠨᠠᠢᠷᠯᠠᠶ᠎ᠠ ᠠ᠋  

       ᠠᠯᠠᠭ ᠬᠣᠷᠭᠣᠢ ᠳᠡᠪᠡᠯ        

ᠠᠯᠠᠭ ᠬᠣᠷᠭᠣᠢ ᠡᠮᠵᠢᠶᠡᠷᠢ ᠲᠡᠢ    
ᠠᠯᠲᠠᠨ ᠱᠠ ᠳᠠᠷᠤᠭᠤᠯᠤᠭᠰᠠᠨ    
ᠠᠷ ᠲᠠᠢ ᠲᠣᠷᠭᠠᠨ ᠳᠡᠪᠡᠯ ᠢ᠋ ᠪᠡᠨ    
ᠠᠮᠠᠷᠠᠭ ᠬᠦᠦ ᠳ᠋ᠡᠭᠡᠨ ᠣᠶᠣᠭᠰᠠᠨ ᠶᠤᠮ ᠠ᠋ ᠬᠦ    
ᠠᠷ ᠲᠠᠢ ᠲᠣᠷᠭᠠᠨ ᠳᠡᠪᠡᠯ ᠢ᠋ ᠪᠡᠨ    
ᠠᠮᠠᠷᠠᠭ ᠬᠦᠦ ᠳ᠋ᠡᠭᠡᠨ ᠣᠶᠣᠭᠰᠠᠨ ᠶᠤᠮ ᠠ᠋ ᠬᠦ

       ᠵᠢᠭᠴᠢᠨ    

ᠠᠷᠪᠠᠨ ᠲᠡᠮᠡᠭᠡ ᠪᠠᠢᠨ᠎ᠠ    
ᠠᠴᠢᠶ᠎ᠠ ᠨᠢ ᠲᠡᠭᠰᠢ ᠯᠡ ᠪᠠᠢᠨ᠎ᠠ    
ᠠᠯᠴᠢᠭᠤᠷ ᠨᠢ ᠬᠡᠢᠰᠦᠭᠡᠳ ᠪᠠᠢᠨ᠎ᠠ    
ᠠᠮᠠᠷᠠᠭ ᠲᠡᠷᠡ ᠮᠢᠨᠢ ᠪᠠᠢᠨ᠎ᠠ    
ᠬᠣᠷᠢᠨ ᠲᠡᠮᠡᠭᠡ ᠪᠠᠢᠨ᠎ᠠ    
ᠬᠣᠮ ᠨᠢ ᠲᠡᠭᠰᠢ ᠯᠡ ᠪᠠᠢᠨ᠎ᠠ    
ᠬᠣᠷᠮᠣᠢ ᠨᠢ ᠬᠡᠢᠰᠦᠭᠡᠳ ᠪᠠᠢᠨ᠎ᠠ    
ᠬᠣᠩᠭᠣᠷ ᠲᠡᠷᠡ ᠮᠢᠨᠢ ᠪᠠᠢᠨ᠎ᠠ

    ᠶᠠᠩ ᠲᠠᠢᠪᠤᠩ ᠬᠡ ᠬᠡ      

ᠪᠣᠯᠭᠠᠨ ᠴᠦ᠍ ᠨᠢᠳᠤᠷᠭ᠎ᠠ ᠨᠢ    
ᠪᠠᠭᠤᠤ ᠪᠠᠨ ᠳᠠᠭᠠᠨ᠎ᠠ ᠠ᠋    
ᠪᠣᠳᠣᠯ ᠰᠡᠳᠬᠢᠯ ᠮᠢᠨᠢ    
ᠴᠢᠮ᠎ᠠ ᠶ᠋ᠢ ᠪᠡᠨ ᠳᠠᠭᠠᠨ᠎ᠠ ᠠ᠋    
ᠶᠠᠩ ᠲᠠᠢᠪᠤᠩ ᠬᠡ ᠬᠡ ᠬᠦ    
ᠦᠨᠡᠭᠡᠨ ᠴᠦ᠍ ᠨᠢᠳᠤᠷᠭ᠎ᠠ ᠨᠢ    
ᠦᠶ᠎ᠡ ᠪᠡᠨ ᠳᠠᠭᠠᠨ᠎ᠠ ᠠ᠋    
ᠦᠨᠡᠨᠴᠢ ᠰᠡᠳᠬᠢᠯ ᠮᠢᠨᠢ    
ᠴᠢᠮ᠎ᠠ ᠶ᠋ᠢ ᠪᠡᠨ ᠳᠠᠭᠠᠨ᠎ᠠ ᠠ᠋    
ᠶᠠᠩ ᠲᠠᠢᠪᠤᠩ ᠬᠡ ᠬᠡ ᠬᠦ    
ᠶᠠᠩ ᠲᠠᠢᠪᠤᠩ ᠬᠡ ᠬᠡ ᠬᠦ  
      
     ᠦᠰᠦᠭ ᠠᠮᠢᠯᠠᠭᠤᠯᠤᠭᠴᠢ᠄ ᠪᠦᠷᠢᠨᠵᠢᠷᠭᠠᠯ
     ᠦᠰᠦᠭ ᠬᠠᠲᠠᠭᠴᠢ᠄ ᠪᠦᠷᠢᠨᠵᠢᠷᠭᠠᠯ
     ᠬᠢᠨᠠᠭᠴᠢ᠄ ᠣᠳᠬᠤᠩᠬᠤᠸᠠᠷ