ᠪᠤᠤ ᠮᠠᠷᠲᠠ- ᠮᠡᠷᠭᠡᠨᠪᠠᠭᠠᠲᠤᠷБуу март-мэргэнбаатар
ᠪᠤᠤ ᠮᠠᠷᠲᠠ
ᠦᠭᠡ ᠂ ᠠᠶ᠎ᠠ ᠄ ᠮᠡᠷᠭᠡᠨᠪᠠᠭᠠᠲᠤᠷ
ᠳᠠᠭᠤᠴᠢᠨ ᠄ ᠮᠡᠷᠭᠡᠨᠪᠠᠭᠠᠲᠤᠷ
ᠤᠯᠤᠰ ᠲᠦᠮᠡᠨ ᠊ᠢ ᠱᠠᠭᠰᠢᠭᠤᠯᠤᠭᠰᠠᠨ ᠤᠷᠠᠨ ᠭᠠᠷ ᠲᠠᠢ ᠲᠥᠷᠥᠯ᠎ᠡ ᠴᠦ᠍ ᠭᠡᠰᠡᠨ
ᠤᠷᠠᠩᠬᠠᠢ ᠳᠡᠪᠡᠯ ᠊ᠢ ᠮᠢᠨᠢ ᠨᠥᠬᠥᠵᠦ ᠦᠭᠭᠦᠭᠰᠡᠨ ᠡᠵᠢ ᠡᠴᠡ ᠲᠦᠷᠦᠭᠰᠡᠨ ᠶ᠋ᠢᠡᠨ ᠪᠤᠤ ᠮᠠᠷᠲᠠ
ᠠᠪᠤᠷᠭᠤ ᠶ᠋ᠢᠨ ᠲᠠᠢᠰᠠᠨ ᠳᠦ ᠬᠠᠩᠬᠠᠶ᠋ᠢᠭᠠᠳ ᠠᠯᠲᠠᠨ ᠮᠸᠲᠯ ᠵᠡᠭᠦᠯ᠎ᠡ ᠴᠦ᠍ ᠭᠡᠰᠡᠨ
ᠠᠷᠤᠬᠠᠨ ᠨᠢᠷᠤᠭᠤᠨ ᠳ᠋ᠠᠭᠠᠨ ᠡᠭᠦᠷᠴᠦ ᠶᠠᠪᠤᠭᠰᠠᠨ ᠠᠪᠤ ᠠ᠋ᠴᠠ ᠵᠠᠶᠠᠭᠠᠭᠰᠠᠨ ᠶ᠋ᠢᠠᠨ ᠪᠤᠤ ᠮᠠᠷᠲᠠ
ᠲᠦᠮᠡᠨ ᠣᠯᠠᠨ ᠊ᠢ ᠪᠠᠬᠠᠲᠤᠭᠤᠯᠤᠭᠰᠠᠨ ᠲᠥᠷᠥ ᠶ᠋ᠢᠨ ᠳᠠᠭᠤᠴᠢᠨ ᠪᠣᠯᠤᠯ᠎ᠠ ᠴᠦ᠍ ᠭᠡᠰᠡᠨ
ᠲᠣᠶ᠋ᠢᠬ ᠦ᠋ᠨ ᠳᠠᠭᠤᠤ ᠪᠠᠨ ᠠᠶᠠᠯᠤᠭᠰᠠᠨ ᠡᠵᠢ ᠡᠴᠡ ᠲᠦᠷᠦᠭᠰᠡᠨ ᠶ᠋ᠢᠡᠨ ᠪᠤᠤ ᠮᠠᠷᠲᠠ
ᠠᠯᠲᠠᠨ ᠳᠡᠯᠡᠬᠡᠢ ᠶ᠋ᠢ ᠳᠣᠩᠰᠣᠯᠭᠠᠭᠰᠠᠨ ᠠᠪᠤᠷᠭᠤ ᠬᠦᠴᠦᠲᠡᠨ ᠪᠣᠯᠤᠯ᠎ᠠ ᠴᠦ᠍ ᠭᠡᠰᠡᠨ
ᠠᠷᠲᠠᠭ ᠲᠣᠭᠰᠢᠨ ᠊ᠢ ᠰᠤᠷᠭᠠᠲᠠᠭ ᠠᠪᠤ ᠠ᠋ᠴᠠ ᠵᠠᠶᠠᠭᠠᠭᠰᠠᠨ ᠶ᠋ᠢᠠᠨ ᠪᠤᠤ ᠮᠠᠷᠲᠠ
ᠨᠤᠲᠤᠭ ᠦ᠋ᠨ ᠠᠯᠤᠰ ᠲᠤ ᠶᠠᠪᠤᠭᠠᠳ ᠨᠥᠬᠥᠳ ᠣᠯᠠᠨ ᠲᠠᠨᠢᠯ᠎ᠠ ᠴᠦ᠍ ᠭᠡᠰᠡᠨ
ᠨᠢᠰᠦ ᠨᠢ ᠬᠠᠲᠠᠭᠰᠠᠨ ᠬᠠᠨᠴᠤᠢ ᠲᠠᠢ ᠪᠠᠬ᠋᠎ᠠ ᠶ᠋ᠢᠨ ᠠᠨᠲᠠ ᠪᠠᠨ ᠪᠤᠤ ᠮᠠᠷᠲᠠ
ᠪᠢᠯᠢᠭ᠌ ᠡᠷᠲᠡᠮ ᠬᠣᠣᠰᠯᠠᠭᠰᠠᠨ ᠪᠢᠴᠢᠭ᠌ ᠦ᠋ᠨ ᠮᠡᠷᠭᠡᠨ ᠪᠣᠯᠤᠯ᠎ᠠ ᠴᠦ᠍ ᠭᠡᠰᠡᠨ
ᠪᠢᠷ ᠦ᠋ᠨ ᠨᠣᠨᠲᠠᠭ ᠲᠤ ᠪᠤᠭᠤᠷᠤᠯᠲᠤᠭᠰᠠᠨ ᠪᠠᠭᠰᠢ ᠶ᠋ᠢᠨ ᠬᠠᠶ᠋ᠢᠷ᠎ᠠ ᠪᠠᠨ ᠪᠤᠤ ᠮᠠᠷᠲᠠ
ᠠᠪᠲᠠᠷ᠎ᠠ ᠳᠦᠭᠦᠷᠡᠩ ᠡᠷᠲᠡᠨᠢᠰ ᠲᠡᠢ ᠪᠠᠶᠠᠨ ᠲᠠᠩᠰᠤᠭ ᠶᠠᠪᠤᠯ᠎ᠠ ᠴᠦ᠍ ᠭᠡᠰᠡᠨ
ᠠᠯᠵᠢᠶᠠᠵᠤ ᠵᠣᠪᠠᠬᠤ ᠳᠦ ᠲᠤᠰᠠᠯᠠᠭᠰᠠᠨ ᠠᠴᠢᠲᠠᠨ ᠬᠥᠮᠦᠨ ᠶ᠋ᠢᠡᠨ ᠪᠤᠤ ᠮᠠᠷᠲᠠ
ᠠᠯᠲᠠ ᠵᠡᠮᠰᠡᠭ ᠶ᠋ᠢᠡᠷ ᠭᠣᠶᠣᠯᠠᠭᠰᠠᠨ ᠭᠠᠩᠭᠠᠩ ᠠᠪᠠᠬᠠᠢ ᠣᠯᠠᠨ ᠴᠦ᠍ ᠭᠡᠰᠡᠨ
ᠠᠶ᠋ᠢᠯ ᠭᠡᠷ ᠊ᠢ ᠴᠢᠨᠢ ᠦᠭᠡᠳᠡᠯᠡᠭᠦᠯᠦᠭᠰᠡᠨ ᠠᠮᠠᠷᠠᠭ ᠬᠠᠨᠢ ᠪᠠᠨ ᠪᠤᠤ ᠮᠠᠷᠲᠠ
ᠠᠶᠠᠯᠤᠨ ᠳᠠᠭᠤᠯᠠᠬᠤ ᠳᠦ ᠤᠷᠮ᠎ᠠ ᠲᠠᠢ ᠰᠠᠶ᠋ᠢᠬᠠᠨ ᠳᠠᠭᠤᠤ ᠨᠤᠭᠤᠳ ᠣᠯᠠᠨ ᠴᠦ᠍ ᠭᠡᠰᠡᠨ
ᠠᠭᠲᠠ ᠶ᠋ᠢᠨ ᠨᠢᠷᠤᠭᠤᠨ ᠳᠦ ᠠᠮᠢᠯᠠᠭᠰᠠᠨ ᠠᠷᠠᠳ ᠦ᠋ᠨ ᠳᠠᠭᠤᠤ ᠪᠠᠨ ᠪᠤᠤ ᠮᠠᠷᠲᠠ
ᠤᠯᠤᠰ ᠭᠦᠷᠦᠨ ᠊ᠢ ᠵᠠᠬᠢᠷᠤᠭᠰᠠᠨ ᠲᠥᠷᠥ ᠶ᠋ᠢᠨ ᠲᠡᠷᠢᠭᠦᠨ ᠪᠣᠯᠤᠯ᠎ᠠ ᠴᠦ᠍ ᠭᠡᠰᠡᠨ
ᠠᠤᠬ᠋ᠠ ᠬᠦᠴᠦᠨ ᠊ᠢ ᠣᠯᠭᠣᠭᠰᠠᠨ ᠠᠷᠠᠳ ᠲᠦᠮᠡᠨ ᠶ᠋ᠢᠠᠨ ᠪᠤᠤ ᠮᠠᠷᠲᠠ
ᠨᠣᠶᠠᠨ ᠵᠢᠩᠰᠡ ᠶ᠋ᠢ ᠨᠢ ᠵᠡᠭᠦᠭᠡᠳ ᠨᠤᠲᠤᠭ ᠦ᠋ᠨ ᠬᠡᠷᠬᠡᠮᠲᠡᠨ ᠪᠣᠯᠤᠯ᠎ᠠ ᠴᠦ᠍ ᠭᠡᠰᠡᠨ
ᠨᠣᠮᠣᠬᠠᠨ ᠰᠢᠲᠤᠷᠭᠤ ᠠᠷᠠᠳ ᠦ᠋ᠨ ᠶ᠋ᠢᠠᠨ ᠠᠷᠢᠭᠤᠨ ᠬᠥᠯᠥᠰᠥ ᠶ᠋ᠢ ᠨᠢ ᠬᠠᠶ᠋ᠢᠷᠠᠯᠠᠵᠤ ᠶᠠᠪᠤ ᠳ᠋ᠠ
ᠠᠷᠤ ᠶ᠋ᠢᠨ ᠡᠭᠦᠲᠡ ᠪᠡᠷ ᠬᠦᠶᠦᠭᠴᠢ ᠶ᠋ᠢᠨ ᠠᠯᠲᠠ ᠮᠥᠩᠭᠥ ᠶ᠋ᠢ ᠨᠢ ᠠᠪᠤᠯ ᠦᠭᠡᠢ
ᠠᠰᠢᠬ ᠣᠯᠵᠠ ᠠ᠋ᠴᠠ ᠠᠯᠤᠰᠬᠠᠨ ᠪᠠᠶ᠋ᠢᠵᠤ ᠠᠯᠲᠠᠷ ᠬᠦᠨᠲᠦ ᠪᠠᠨ ᠬᠠᠮᠠᠭᠠᠯᠠᠵᠤ ᠶᠠᠪᠤ ᠳ᠋ᠠ
ᠢᠨᠢᠶᠡᠵᠦ ᠶᠠᠪᠤᠲᠠᠭ ᠠᠬ᠎ᠠ ᠳᠡᠭᠦᠦ ᠴᠢᠨᠢ ᠦᠨᠡᠨ ᠨᠥᠬᠥᠷ ᠴᠢᠨᠢ ᠪᠢᠰᠢ ᠪᠠᠶ᠋ᠢᠵᠤ ᠮᠡᠲᠡᠨ᠎ᠡ
ᠢᠯᠡ ᠦᠭᠡᠢ ᠳᠠᠯᠳᠠ ᠶ᠋ᠢᠨ ᠴᠠᠭᠠᠨ᠎ᠠ ᠠ᠋ᠴᠠ ᠨᠢᠲᠦ ᠦᠭᠡᠢ ᠰᠤᠮᠤ ᠶ᠋ᠢ ᠬᠠᠷᠪᠤᠵᠤ ᠮᠡᠲᠡᠨ᠎ᠡ
ᠮᠠᠭᠲᠠᠭᠠᠯ ᠦᠭᠳᠡᠭ ᠠᠮᠠ ᠪᠦᠬᠦᠨ ᠮᠠᠭᠠᠳ ᠢᠷᠥᠭᠡᠯ ᠪᠢᠰᠢ ᠪᠠᠶ᠋ᠢᠵᠤ ᠮᠡᠲᠡᠨ᠎ᠡ
ᠮᠠᠯᠠᠭᠠᠢ ᠵᠢᠩᠰᠡ ᠶ᠋ᠢ ᠴᠢᠨᠢ ᠬᠡᠶ᠋ᠢᠰᠬᠡᠬᠦ ᠮᠠᠨᠠᠨᠲᠤ ᠰᠠᠯᠬᠢᠨ ᠮᠥᠨ ᠪᠠᠶ᠋ᠢᠵᠤ ᠴᠦ᠍ ᠮᠡᠲᠡᠨ᠎ᠡ
ᠢᠲᠡᠭᠡᠨ ᠪᠦᠬᠦᠨ ᠠ᠋ᠴᠠ ᠠᠷᠢᠭᠤᠬᠠᠨ ᠠᠶ᠋ᠢᠷᠠᠭ ᠲᠠᠷᠠᠭ ᠴᠠᠯᠭᠢᠵᠤ ᠪᠠᠶ᠋ᠢᠬᠤ ᠳᠦ
ᠢᠰᠬᠦᠯᠡᠩ ᠭᠠᠰᠢᠭᠤᠨ ᠠᠮᠲᠠ ᠲᠠᠢ ᠠᠷᠢᠬᠢ ᠳᠠᠷᠠᠰᠤ ᠪᠠᠷ ᠤᠮᠲᠠᠯᠠᠭᠠᠳ ᠶᠠᠭᠠᠬᠢᠬᠤ ᠪᠤᠢ
ᠡᠮᠵᠢᠶᠡᠷᠢ ᠵᠠᠬ᠎ᠠ ᠨᠢ ᠲᠣᠲᠣᠷᠬᠠᠢ ᠡᠯᠪᠡᠭ ᠳᠡᠪᠡᠯ ᠴᠢᠨᠢ ᠭᠣᠶᠣᠬᠠᠨ ᠪᠠᠶ᠋ᠢᠬᠤ ᠳᠦ
ᠡᠩᠭᠡᠷ ᠬᠣᠷᠮᠣᠢ ᠨᠢ ᠰᠡᠲᠡᠷᠬᠡᠢ ᠡᠯᠲᠡᠪ ᠦ᠋ᠨ ᠪᠥᠰ ᠶ᠋ᠢᠡᠷ ᠶᠠᠩᠵᠤᠯᠠᠭᠠᠳ ᠶᠠᠭᠠᠬᠢᠬᠤ ᠪᠤᠢ
ᠬᠠᠷᠢ ᠭᠦᠷᠦᠨ ᠪ ᠠᠭᠤᠯᠠ ᠤᠰᠤ ᠨᠢ ᠬᠡᠴᠢᠨᠡᠨ ᠭᠣᠶᠣᠬᠠᠨ ᠪᠠᠶ᠋ᠢᠯ᠎ᠠ ᠴᠦ᠍ ᠭᠡᠰᠡᠨ
ᠬᠠᠮᠤᠭ ᠦ᠋ᠨ ᠠᠩᠬᠠᠨ ᠬᠢᠰᠭᠡᠭᠰᠡᠨ ᠠᠯᠲᠠᠨ ᠰᠢᠷᠣᠢ ᠪᠠᠨ ᠪᠤᠤ ᠮᠠᠷᠲᠠ
ᠪᠤᠯᠠᠭ ᠦ᠋ᠨ ᠤᠰᠤ ᠰᠢᠭ᠋ ᠪᠣᠷᠬᠢᠯᠤᠭᠰᠠᠨ ᠪᠤᠰᠤᠳ ᠦ᠋ᠨ ᠬᠡᠯᠡ ᠨᠢ ᠤᠷᠤᠰᠤᠮ᠎ᠠ ᠴᠦ᠍ ᠭᠡᠰᠡᠨ
ᠪᠣᠰᠤᠬ᠋᠎ᠠ ᠮᠣᠩᠭᠣᠯ ᠦᠰᠦᠭ ᠲᠡᠢ ᠡᠬᠡ ᠬᠡᠯᠡ ᠪᠡᠨ ᠪᠤᠤ ᠮᠠᠷᠲᠠ
ᠠᠯᠤᠰ ᠦ᠋ᠨ ᠭᠠᠵᠠᠷ ᠊ᠢ ᠠᠪᠴᠢᠭᠤᠯᠲᠠᠭ ᠬᠦᠷᠲᠦᠲᠦ ᠮᠠᠰᠢᠨ ᠬᠤᠷᠲᠤᠨ ᠴᠦ᠍ ᠭᠡᠰᠡᠨ
ᠠᠽᠢᠶ᠎ᠠ ᠧᠦᠢᠷᠣᠫᠠ ᠶ᠋ᠢ ᠲᠠᠮᠠᠭᠠᠯᠠᠭᠰᠠᠨ ᠠᠵᠢᠨᠠᠢ ᠬᠦᠯᠦᠭ ᠶ᠋ᠢᠡᠨ ᠪᠤᠤ ᠮᠠᠷᠲᠠ
ᠪᠤᠷᠤᠭᠤ ᠵᠥᠪ ᠦᠭᠡᠢ ᠮᠡᠷᠭᠡᠯᠡᠭᠰᠡᠨ ᠪᠤᠰᠤᠳ ᠦ᠋ᠨ ᠭᠠᠶ᠋ᠢᠬᠠᠮᠰᠢᠬ ᠰᠣᠨᠢᠨ ᠴᠦ᠍ ᠭᠡᠰᠡᠨ
ᠪᠣᠭᠲᠠ ᠴᠢᠩᠭᠢᠰ ᠦ᠋ᠨ ᠪᠦᠳᠦᠭᠡᠭᠰᠡᠨ ᠪᠤᠭᠤᠷᠤᠯ ᠲᠡᠦᠬᠡ ᠪᠡᠨ ᠪᠤᠤ ᠮᠠᠷᠲᠠ
ᠪᠤᠤ ᠡᠷᠴᠢᠨ ᠦᠰᠦᠭ ᠠᠮᠢᠯᠠᠭᠤᠯᠪᠠ
