ᠮᠠᠮᠠ ᠶ᠋ᠢᠨ ᠡᠷᠭᠢᠯᠲᠡ -ᠮᠥᠷᠡᠨMamyn ergelt-MörönМамын эргэлт-Мөрөн
ᠮᠠᠮᠠ ᠶ᠋ᠢᠨ ᠡᠷᠭᠢᠯᠲᠡ
ᠠᠷᠠᠳ ᠤ᠋ᠨ ᠳᠠᠭᠤᠤ
ᠳᠠᠭᠤᠴᠢᠨ᠄ ᠮᠥᠷᠡᠨ
ᠮᠠᠨᠤᠨ ᠬᠥᠬᠦᠦᠷ ᠮᠠᠩᠬᠤ ᠲᠠᠮᠠᠬᠢ ᠪᠠᠨ ᠮᠠᠨᠠᠰ ᠮᠠᠨᠠᠰ ᠲᠠᠲᠠᠯ᠎ᠠ ᠬᠦᠢ
ᠮᠠᠭᠠᠳ ᠯᠠ ᠬᠠᠢᠷᠠᠲᠠᠢ ᠸᠠᠨ ᠯᠢ ᠴᠢᠮ᠎ᠠ ᠪᠠᠨ ᠮᠠᠮᠠ ᠨᠢ ᠡᠷᠭᠢᠬᠦ ᠪᠡᠷ ᠮᠣᠷᠳᠠᠯ᠎ᠠ ᠬᠦ᠋
ᠮᠠᠲᠠᠩ ᠪᠣᠯᠤᠭᠠᠳ ᠶᠧᠪᠢᠩ ᠲᠡᠢ ᠨᠡᠢᠯᠡᠭᠦᠯᠦᠭᠡᠳ ᠭᠤᠴᠢᠨ ᠬᠣᠶᠠᠷ ᠢ᠋ ᠭᠠᠨᠵᠤᠭᠠᠯᠠᠭᠰᠠᠭᠠᠷ ᠬᠦ᠋
ᠮᠠᠩᠬᠠᠨ ᠤ᠋ ᠪᠠᠨ ᠬᠣᠲᠣᠭᠣᠷ ᠢ᠋ ᠳᠠᠮᠵᠢᠭᠰᠠᠭᠠᠷ ᠶᠠᠪᠤᠭᠠᠳ ᠮᠠᠭᠠᠳ ᠵᠢᠷᠭᠤᠭ᠎ᠠ ᠶ᠋ᠢ ᠨᠢ ᠭᠡᠭᠡᠴᠢᠬᠡᠵᠡᠢ ᠬᠦ᠋
ᠱᠣᠳᠣᠩ ᠪᠤᠭᠤᠷᠤᠯ ᠮᠣᠷᠢᠨ ᠳ᠋ᠠᠭᠠᠨ ᠡᠮᠡᠭᠡᠯ ᠢ᠋ ᠪᠡᠨ ᠳᠤᠬᠤᠯᠠ ᠬᠦᠢ
ᠰᠢᠭᠤᠳ ᠯᠠ ᠬᠠᠢᠷᠠᠲᠠᠢ ᠸᠠᠨ ᠯᠢ ᠴᠢᠮ᠎ᠠ ᠪᠠᠨ ᠮᠠᠮᠠ ᠨᠢ ᠡᠷᠭᠢᠬᠦ ᠪᠡᠷ ᠮᠣᠷᠳᠠᠯ᠎ᠠ ᠬᠦ᠋
ᠱᠣᠣᠪᠢᠩ ᠪᠣᠯᠤᠭᠠᠳ ᠶᠧᠪᠢᠩ ᠲᠡᠢ ᠨᠡᠢᠯᠡᠭᠦᠯᠦᠭᠡᠳ ᠭᠤᠴᠢᠨ ᠬᠣᠶᠠᠷ ᠢ᠋ ᠭᠠᠨᠵᠤᠭᠠᠯᠠᠭᠰᠠᠭᠠᠷ ᠬᠦ᠋
ᠰᠢᠭᠤᠢ ᠯᠠ ᠮᠣᠳᠣ ᠶ᠋ᠢ ᠪᠡᠨ ᠳᠠᠮᠵᠢᠭᠰᠠᠭᠠᠷ ᠶᠠᠪᠤᠭᠠᠳ ᠨᠠᠢ᠍ᠮᠠ ᠶ᠋ᠢ ᠭᠡᠭᠡᠭᠡᠳ ᠥᠭᠴᠢᠬᠡᠵᠡᠢ ᠬᠦ᠋
ᠪᠣᠷᠣ ᠰᠠᠷᠠᠯ ᠮᠣᠷᠢᠨ ᠳ᠋ᠠᠭᠠᠨ ᠡᠮᠡᠭᠡᠯ ᠢ᠋ ᠪᠡᠨ ᠳᠤᠬᠤᠯᠠ ᠬᠦᠢ
ᠪᠣᠯᠤᠮᠠᠷ ᠲᠥᠷᠥᠭᠰᠡᠨ ᠸᠠᠨ ᠯᠢ ᠴᠢᠮ᠎ᠠ ᠪᠠᠨ ᠮᠠᠮᠠ ᠨᠢ ᠡᠷᠭᠢᠬᠦ ᠪᠡᠷ ᠮᠣᠷᠳᠠᠯ᠎ᠠ ᠬᠦ᠋
ᠪᠣᠭᠣᠷᠰᠣᠭ ᠪᠣᠯᠤᠭᠠᠳ ᠶᠧᠪᠢᠩ ᠲᠡᠢ ᠨᠡᠢᠯᠡᠭᠦᠯᠦᠭᠡᠳ ᠭᠤᠴᠢᠨ ᠬᠣᠶᠠᠷ ᠢ᠋ ᠭᠠᠨᠵᠤᠭᠠᠯᠠᠭᠰᠠᠭᠠᠷ ᠬᠦ᠋
ᠪᠤᠲᠠ ᠰᠥᠭᠡᠭ ᠢ᠋ ᠳᠠᠮᠵᠢᠭᠰᠠᠭᠠᠷ ᠶᠠᠪᠤᠭᠠᠳ ᠠᠷᠪᠠᠨ ᠵᠢᠷᠭᠤᠭ᠎ᠠ ᠶ᠋ᠢ ᠨᠢ ᠭᠡᠭᠡᠴᠢᠬᠡᠵᠡᠢ ᠬᠦ᠋
ᠭᠣᠳᠣᠩ ᠪᠤᠭᠤᠷᠤᠯ ᠮᠣᠷᠢᠨ ᠳ᠋ᠠᠭᠠᠨ ᠡᠮᠡᠭᠡᠯ ᠢ᠋ ᠪᠡᠨ ᠳᠤᠬᠤᠯᠠ ᠬᠦᠢ
ᠭᠣᠣᠯ ᠤ᠋ᠨ ᠢ᠋ᠶ᠋ᠠᠨ ᠬᠠᠢᠷᠠᠲᠠᠢ ᠸᠠᠨ ᠯᠢ ᠴᠢᠮ᠎ᠠ ᠪᠠᠨ ᠮᠠᠮᠠ ᠨᠢ ᠡᠷᠭᠢᠬᠦ ᠪᠡᠷ ᠮᠣᠷᠳᠠᠯ᠎ᠠ ᠬᠦ᠋
ᠭᠣᠸᠠᠩᠲ᠋ᠸᠤ ᠪᠣᠯᠤᠭᠠᠳ ᠶᠧᠪᠢᠩ ᠲᠡᠢ ᠨᠡᠢᠯᠡᠭᠦᠯᠦᠭᠡᠳ ᠭᠤᠴᠢᠨ ᠬᠣᠶᠠᠷ ᠢ᠋ ᠭᠠᠨᠵᠤᠭᠠᠯᠠᠭᠰᠠᠭᠠᠷ ᠬᠦ᠋
ᠭᠣᠣᠯ ᠤ᠋ᠨ ᠢ᠋ᠶ᠋ᠠᠨ ᠲᠣᠬᠣᠢ ᠶ᠋ᠢ ᠳᠠᠮᠵᠢᠭᠰᠠᠭᠠᠷ ᠶᠠᠪᠤᠭᠠᠳ ᠠᠷᠪᠠᠨ ᠵᠢᠷᠭᠤᠭ᠎ᠠ ᠶ᠋ᠢ ᠨᠢ ᠭᠡᠭᠡᠴᠢᠬᠡᠵᠡᠢ ᠬᠦ᠋
ᠭᠣᠣᠯ ᠤ᠋ᠨ ᠢ᠋ᠶ᠋ᠠᠨ ᠲᠣᠬᠣᠢ ᠶ᠋ᠢ ᠳᠠᠮᠵᠢᠭᠰᠠᠭᠠᠷ ᠶᠠᠪᠤᠭᠠᠳ ᠠᠷᠪᠠᠨ ᠵᠢᠷᠭᠤᠭ᠎ᠠ ᠶ᠋ᠢ ᠨᠢ ᠭᠡᠭᠡᠴᠢᠬᠡᠵᠡᠢ ᠬᠦ᠋
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
