ᠠᠪᠤ ᠡᠵᠢ ᠶ᠋ᠢᠨ ᠨᠤᠲᠤᠭ ᠤᠰᠤ -ᠰᠠᠷᠠᠨᠬᠦᠦAav eejiin nutag us-SarankhüüАав ээжийн нутаг ус-Саранхүү
ᠠᠪᠤ ᠡᠵᠢ ᠶ᠋ᠢᠨ ᠨᠤᠲᠤᠭ ᠤᠰᠤ
ᠦᠭᠡ᠄ ᠰᠢ᠊· ᠮᠥᠷᠡᠨ
ᠠᠶ᠎ᠠ᠄ ᠤᠯᠠᠭᠠᠨᠲ᠋ᠤᠭ
ᠣᠷᠴᠢᠭᠤᠯᠤᠭᠴᠢ᠄ ᠰᠡᠢᠨ᠎ᠡ
ᠬᠥᠭᠵᠢᠮ ᠦ᠋ᠨ ᠨᠠᠢᠷᠠᠭᠤᠯᠤᠭᠴᠢ᠄ ᠪ· ᠮᠥᠩᠬᠡᠵᠢᠷᠭᠠᠯ
ᠳᠠᠭᠤᠴᠢᠨ᠄ ᠰᠠᠷᠠᠨᠬᠦᠦ
ᠠᠪᠤ ᠡᠵᠢ ᠲᠠᠩᠳᠠ ᠠᠭᠢᠲᠤ ᠲᠠᠯ᠎ᠠ ᠪᠠᠨ ᠳᠤᠷᠠᠰᠤᠨ ᠰᠠᠨᠠᠳᠠᠭ ᠠ᠋
ᠠᠯᠤᠰᠷᠠᠨ ᠠᠯᠤᠰᠷᠠᠨ ᠬᠣᠯᠠᠳᠠᠭᠰᠠᠨ ᠴᠤ᠌
ᠠᠮᠢᠨ ᠨᠤᠲᠤᠭ ᠢ᠋ᠶ᠋ᠠᠨ ᠮᠠᠷᠲᠠᠭ᠎ᠠ ᠦᠭᠡᠢ ᠶᠠᠪᠤᠭᠰᠠᠨ ᠠ᠋
ᠡᠵᠢ ᠮᠢᠨᠢ ᠲᠠᠩᠳᠠ ᠡᠯᠢᠭᠡᠨ ᠭᠣᠣᠯ ᠢ᠋ᠶ᠋ᠠᠨ ᠰᠡᠢᠯᠳᠡᠭ ᠪᠠᠢᠭᠰᠠᠨ ᠠ᠋
ᠡᠩᠭᠡᠷ ᠢ᠋ ᠨᠢ ᠳᠡᠪᠲᠦᠭᠡᠵᠦ ᠰᠤᠳᠠᠯ ᠢ᠋ᠶ᠋ᠠᠷ ᠨᠢ ᠯᠤᠭᠰᠢᠵᠤ
ᠡᠬᠡ ᠣᠷᠣᠨ ᠵᠦᠭ ᠢ᠋ᠶ᠋ᠡᠨ ᠤᠷᠤᠰᠳᠠᠭ ᠪᠠᠢᠭᠰᠠᠨ ᠠ᠋
ᠲᠡᠮᠡᠦᠯᠦᠨ ᠲᠡᠮᠡᠦᠯᠦᠭᠰᠡᠭᠡᠷ ᠲᠡᠨᠢᠭᠡᠷ ᠲᠠᠯ᠎ᠠ ᠳ᠋ᠠᠭᠠᠨ ᠬᠦᠷᠦᠭᠡᠳ ᠢᠷᠡᠯ᠎ᠡ
ᠲᠦᠮᠡᠨ ᠬᠡᠯᠬᠢᠶ᠎ᠡ ᠨᠢᠯᠪᠤᠰᠤ ᠮᠢᠨᠢ
ᠲᠥᠷᠥᠭᠰᠡᠨ ᠨᠤᠲᠤᠭ ᠲᠠᠭᠠᠨ ᠮᠡᠯᠮᠡᠷᠡᠨ ᠰᠢᠩᠭᠡᠨ᠎ᠡ
ᠠᠷᠢᠭᠤᠨ ᠤᠷᠤᠰᠬᠠᠯᠲᠤ ᠭᠣᠣᠯ ᠮᠢᠨᠢ
ᠠᠭᠤᠤ ᠳᠡᠭᠡᠳᠦᠰ ᠦ᠋ᠨ ᠢᠷᠦᠭᠡᠯ ᠢ᠋ ᠬᠠᠢᠯᠠᠨᠠ
ᠬᠡᠨᠡᠭᠡᠨ ᠦᠷ᠎ᠡ ᠳ᠋ᠡᠭᠡᠨ ᠬᠠᠢᠷ᠎ᠠ ᠪᠠᠨ ᠢᠪᠡᠭᠡᠵᠦ
ᠭᠡᠷ ᠲᠡᠭᠡᠨ ᠬᠠᠷᠢᠬᠤ ᠵᠠᠮ ᠢ᠋ ᠨᠢ ᠭᠡᠢᠭᠦᠯᠦᠨ᠎ᠡ
ᠠᠢ ᠬᠦ
ᠠᠪᠤ ᠶ᠋ᠢᠨ ᠮᠢᠨᠢ ᠤᠤᠭᠠᠯ ᠨᠤᠲᠤᠭ
ᠵᠧ ᠬᠦ
ᠡᠵᠢ ᠶ᠋ᠢᠨ ᠮᠢᠨᠢ ᠠᠷᠢᠭᠤᠨ ᠭᠣᠣᠯ
ᠲᠥᠭᠡᠷᠢᠭᠰᠡᠨ ᠭᠠᠯᠠᠭᠤ ᠬᠣᠯᠠ ᠨᠢᠰᠦᠭᠡᠳ
ᠲᠥᠷᠥᠯᠬᠢ ᠬᠡᠯᠡ ᠪᠡᠷ ᠢ᠋ᠶ᠋ᠡᠨ ᠭᠠᠩᠭᠠᠨᠠᠵᠤ ᠴᠢᠳᠠᠭ᠎ᠠ ᠦᠭᠡᠢ ᠴᠦ᠍
ᠪᠠᠶᠠᠷ ᠭᠤᠨᠢᠭ ᠢ᠋ ᠮᠢᠨᠢ ᠪᠠᠭᠲᠠᠭᠠᠵᠤ ᠬᠠᠢᠷᠠᠯᠠᠨ ᠪᠦᠪᠡᠢᠯᠡᠵᠦ ᠶᠠᠪᠤᠭᠠᠷᠠᠢ
ᠮᠣᠩᠭᠣᠯ ᠤ᠋ᠨ ᠥᠨᠳᠥᠷᠯᠢᠭ ᠦ᠋ᠨ ᠬᠡᠦᠬᠡᠳ ᠰᠢᠦ ᠪᠢ
ᠮᠣᠷᠢᠨ ᠬᠤᠭᠤᠷ ᠤ᠋ᠨ ᠠᠶᠠᠯᠭᠤ ᠲᠠᠢ ᠰᠢᠦ
ᠠᠶᠠᠯᠭᠤᠨ ᠳ᠋ᠤᠨᠢ ᠰᠢᠩᠭᠡᠭᠰᠡᠨ ᠳᠠᠭᠤᠤ ᠲᠠᠢ ᠪᠢᠯᠡ
ᠠᠪᠤ ᠡᠵᠢ ᠶ᠋ᠢᠨ ᠨᠤᠲᠤᠭ ᠤᠰᠤ ᠮᠢᠨᠢ
ᠮᠣᠩᠭᠣᠯ ᠤ᠋ᠨ ᠥᠨᠳᠥᠷᠯᠢᠭ ᠦ᠋ᠨ ᠬᠡᠦᠬᠡᠳ ᠰᠢᠦ ᠪᠢ
ᠮᠣᠷᠢᠨ ᠬᠤᠭᠤᠷ ᠤ᠋ᠨ ᠠᠶᠠᠯᠭᠤ ᠲᠠᠢ ᠰᠢᠦ
ᠠᠶᠠᠯᠭᠤᠨ ᠳ᠋ᠤᠨᠢ ᠰᠢᠩᠭᠡᠭᠰᠡᠨ ᠳᠠᠭᠤᠤ ᠲᠠᠢ ᠪᠢᠯᠡ
ᠠᠪᠤ ᠡᠵᠢ ᠶ᠋ᠢᠨ ᠨᠤᠲᠤᠭ ᠤᠰᠤ ᠮᠢᠨᠢ
ᠮᠣᠩᠭᠣᠯ ᠤ᠋ᠨ ᠥᠨᠳᠥᠷᠯᠢᠭ ᠦ᠋ᠨ ᠬᠡᠦᠬᠡᠳ ᠰᠢᠦ ᠪᠢ
ᠮᠣᠷᠢᠨ ᠬᠤᠭᠤᠷ ᠤ᠋ᠨ ᠠᠶᠠᠯᠭᠤ ᠲᠠᠢ ᠰᠢᠦ
ᠠᠶᠠᠯᠭᠤᠨ ᠳ᠋ᠤᠨᠢ ᠰᠢᠩᠭᠡᠭᠰᠡᠨ ᠳᠠᠭᠤᠤ ᠲᠠᠢ ᠪᠢᠯᠡ
ᠠᠪᠤ ᠡᠵᠢ ᠶ᠋ᠢᠨ ᠨᠤᠲᠤᠭ ᠤᠰᠤ ᠮᠢᠨᠢ
ᠠᠪᠤ ᠡᠵᠢ ᠶ᠋ᠢᠨ ᠨᠤᠲᠤᠭ ᠤᠰᠤ ᠮᠢᠨᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
