ᠠᠪᠤ ᠲᠠᠢ ᠬᠥᠮᠦᠨ ᠵᠢᠷᠭᠠᠯ ᠲᠠᠢ- ᠪ ∙ ᠲᠤᠤᠯᠢᠮ᠎ᠠDuulim - Aavtai hun jargaltai Б.Дуулим - Аавтай хүн жаргалтай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠲᠠᠢ ᠬᠥᠮᠦᠨ ᠵᠢᠷᠭᠠᠯ ᠲᠠᠢ- ᠪ ∙ ᠲᠤᠤᠯᠢᠮ᠎ᠠDuulim - Aavtai hun jargaltai Б.Дуулим - Аавтай хүн жаргалтай

ᠠᠪᠤ ᠲᠠᠢ ᠬᠥᠮᠦᠨ ᠵᠢᠷᠭᠠᠯ ᠲᠠᠢ- ᠪ ∙ ᠲᠤᠤᠯᠢᠮ᠎ᠠDuulim - Aavtai hun jargaltai Б.Дуулим - Аавтай хүн жаргалтай

ᠠᠩᠭᠢᠯᠠᠯ:ᠳᠠᠭᠤᠤ ᠬᠥᠭᠵᠢᠮ
2026-03-28

1697

ᠠᠪᠤ ᠲᠠᠢ ᠬᠥᠮᠦᠨ ᠵᠢᠷᠭᠠᠯ ᠲᠠᠢ


        ᠦᠭᠡ᠂ ᠠᠶ᠎ᠠ᠄ ᠡ᠊᠂ ᠲᠦᠳᠦᠪ 
        ᠳᠠᠭᠤᠴᠢᠨ᠄ ᠪ᠊᠂ ᠲᠤᠤᠯᠢᠮ᠎ᠠ 

ᠥᠯᠥᠭᠡᠢ ᠶ᠋ᠢ ᠮᠢᠨᠢ ᠤᠷᠠᠯᠠᠭᠰᠠᠨ ᠠᠪᠤ ᠲᠠᠨ ᠳ᠋ᠠᠭᠠᠨ 
ᠦᠷᠦ ᠵᠢᠷᠦᠬᠡᠨ ᠡᠴᠡ ᠪᠡᠨ ᠪᠢ ᠴᠢᠨᠢ ᠬᠠᠢᠷᠠᠲᠠᠢ 
ᠦᠨᠡᠭᠡ ᠬᠠᠢᠴᠢᠯᠠᠵᠤ ᠲᠣᠯᠣᠭᠠᠢ ᠳᠡᠭᠡᠷ᠎ᠡ ᠮᠢᠨᠢ ᠵᠠᠯᠠᠭᠠᠳ 
ᠠᠮᠢ ᠶ᠋ᠢ ᠮᠢᠨᠢ ᠪᠥᠬᠡᠯᠡᠭᠰᠡᠨ ᠠᠪᠤ ᠮᠢᠨᠦ ᠵᠧ 
ᠠᠪᠤ ᠲᠠᠢ ᠬᠥᠮᠦᠨ ᠳᠡᠩᠳᠡᠭᠦᠦ ᠵᠢᠷᠭᠠᠯ ᠲᠠᠢ 
ᠠᠯᠲᠠᠨ ᠠ᠋ᠴᠠ ᠦᠨᠡᠲᠡᠢ ᠠᠪᠤ ᠮᠢᠨᠦ ᠵᠧ 

ᠠᠯᠳᠠᠵᠤ ᠡᠨᠳᠡᠬᠦ ᠳ᠋ᠦ᠍ ᠰᠤᠷᠭᠠᠯ ᠢ᠋ᠶ᠋ᠠᠨ ᠬᠠᠢᠷᠠᠯᠠᠭᠰᠠᠨ
ᠠᠮᠢᠨ ᠵᠢᠷᠦᠬᠡᠨ ᠦ᠌ ᠠᠪᠤᠷᠠᠯ ᠤ᠋ᠨ ᠰᠢᠲᠦᠭᠡᠨ ᠮᠢᠨᠢ
ᠠᠵᠢᠯ ᠠᠮᠢᠳᠤᠷᠠᠯ ᠤ᠋ᠨ ᠵᠠᠮ ᠢ᠋ ᠵᠢᠭᠠᠭᠰᠠᠨ
ᠠᠩᠬᠠᠨ ᠤ᠋ ᠮᠢᠨᠢ ᠠᠴᠢᠲᠠᠨ ᠲᠠ ᠮᠢᠨᠦ ᠵᠧ
ᠠᠪᠤ ᠲᠠᠢ ᠬᠥᠮᠦᠨ ᠳᠡᠩᠳᠡᠭᠦᠦ ᠵᠢᠷᠭᠠᠯ ᠲᠠᠢ
ᠠᠯᠲᠠᠨ ᠠ᠋ᠴᠠ ᠦᠨᠡᠲᠡᠢ ᠠᠪᠤ ᠳ᠋ᠠᠭᠠᠨ ᠬᠠᠢᠷᠠᠲᠠᠢ

ᠠᠪᠤ ᠲᠠᠢ ᠬᠥᠮᠦᠨ ᠳᠡᠩᠳᠡᠭᠦᠦ ᠵᠢᠷᠭᠠᠯ ᠲᠠᠢ
ᠠᠯᠲᠠᠨ ᠠ᠋ᠴᠠ ᠦᠨᠡᠲᠡᠢ ᠠᠪᠤ ᠳ᠋ᠠᠭᠠᠨ ᠬᠠᠢᠷᠠᠲᠠᠢ

ᠠᠮᠢᠳᠤᠷᠠᠯ ᠵᠢᠷᠭᠠᠯ ᠤ᠋ᠨ ᠲᠦᠮᠡᠨ ᠨᠤᠭᠤᠴᠠᠭ᠎ᠠ ᠶ᠋ᠢ
ᠠᠭᠰᠤᠮ ᠮᠣᠷᠢ ᠰᠢᠭ᠋ ᠱᠤᠤᠭᠢᠨ ᠬᠠᠲᠠᠷᠢᠭᠤᠯᠵᠤ
ᠥᠷᠭᠡᠰᠦ ᠲᠡᠢ ᠣᠷᠴᠢᠯᠠᠩ ᠳ᠋ᠤ᠌ ᠭᠣᠨᠳᠠᠭᠤᠬᠠᠨ ᠶᠠᠪᠤᠬᠤ ᠳ᠋ᠤ᠌
ᠠᠪᠤᠷᠠᠵᠤ ᠨᠠᠮ᠎ᠠ ᠪᠠᠨ ᠥᠷᠥᠰᠢᠶᠡ ᠠᠪᠤ ᠮᠢᠨᠢ
ᠠᠪᠤ ᠲᠠᠢ ᠬᠥᠮᠦᠨ ᠳᠡᠩᠳᠡᠭᠦᠦ ᠵᠢᠷᠭᠠᠯ ᠲᠠᠢ
ᠠᠯᠲᠠᠨ ᠠ᠋ᠴᠠ ᠦᠨᠡᠲᠡᠢ ᠠᠪᠤ ᠳ᠋ᠠᠭᠠᠨ ᠬᠠᠢᠷᠠᠲᠠᠢ
ᠠᠪᠤ ᠲᠠᠢ ᠬᠥᠮᠦᠨ ᠳᠡᠩᠳᠡᠭᠦᠦ ᠵᠢᠷᠭᠠᠯ ᠲᠠᠢ
ᠠᠯᠲᠠᠨ ᠠ᠋ᠴᠠ ᠦᠨᠡᠲᠡᠢ ᠠᠪᠤ ᠳ᠋ᠠᠭᠠᠨ ᠬᠠᠢᠷᠠᠲᠠᠢ
ᠠᠯᠲᠠᠨ ᠠ᠋ᠴᠠ ᠦᠨᠡᠲᠡᠢ ᠠᠪᠤ ᠳ᠋ᠠᠭᠠᠨ ᠬᠠᠢᠷᠠᠲᠠᠢ

  ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
  ᠬᠢᠨᠠᠭᠴᠢ᠄ ᠭᠦᠩᠭᠠᠷ