ᠰᠢᠯᠢ ᠶ᠋ᠢᠨ ᠬᠤᠷᠳᠤ ШИЛИЙН ХУРД
ᠰᠢᠯᠢ ᠶᠢᠨ ᠬᠤᠷᠳᠤ
ᠦᠭᠡ : ᠨ᠂ᠪᠠᠶᠠᠨᠮᠥ᠋ᠩᠬᠡ
ᠠᠶ᠎ᠠ : ᠪ᠂ ᠪᠢᠮᠪᠠᠪᠠᠶᠠᠷ
ᠳᠠᠭᠤᠯᠠᠭᠰᠠᠨ ᠨᠢ : ᠲᠦᠷᠦᠮᠠᠨᠳᠤᠬᠤ
ᠡᠪᠦᠯ ᠦᠨ ᠰᠠᠷ᠎ᠠ ᠶᠢᠨ ᠰᠢᠨᠡᠳ ᠢᠶᠡᠷ ᠴᠠᠨᠭᠳᠤᠭᠤᠯᠵᠤ ᠤᠶᠠᠳᠠᠭ ᠶᠤᠮ ᠭᠡᠨ᠎ᠡ ᠯᠡᠢ
ᠥᠪᠯᠡᠭᠦᠯᠵᠦ ᠰᠣᠢᠭᠰᠠᠨ ᠬᠦᠯᠦᠭ᠌ ᠦᠳ ᠨᠢ ᠰᠢᠯᠢ ᠶᠢᠨ ᠬᠤᠷᠳᠤᠨ ᠪᠤᠷᠤ ᠨᠤᠭᠤᠳ ᠡ
ᠳᠤᠤᠯᠢᠮ᠎ᠠ ᠰᠢᠷᠭᠠᠯ ᠭᠣᠪᠢ ᠪᠠᠨ ᠴᠣᠯᠠᠯᠠᠭᠤᠯᠵᠤ ᠵᠣᠭᠰᠣᠳᠠᠭ ᠶᠤᠮ ᠭᠡᠨ᠎ᠡ ᠯᠡᠢ
ᠲᠣᠭᠲᠠᠮᠠᠯ ᠰᠠᠢᠬᠠᠨ ᠠᠵᠢᠨᠠᠢ ᠶᠢᠨ ᠬᠤᠷᠳᠤᠨ ᠢ ᠭᠠᠢᠬᠠᠮᠠᠷ ᠭᠡᠨ᠎ᠡ ᠡ
ᠬᠦᠦᠬᠡᠯᠡᠬᠦ ᠳᠠᠭᠤᠨ ᠢᠶᠠᠷ ᠰᠡᠷᠭᠦᠳᠡᠭ
ᠭᠦᠷᠤ ᠶᠢᠨ ᠤᠭᠰᠢᠯ ᠪᠤᠷᠤ ᠨᠤᠭᠤᠳ ᠡ
ᠭᠦᠢᠴᠡᠭᠡᠳ ᠭᠦᠢᠴᠡᠭᠡᠳ ᠳᠡᠷᠢᠭᠦᠯᠡᠳᠡᠭ
ᠰᠢᠯᠢ ᠶᠢᠨ ᠬᠤᠷᠳᠤᠨ ᠬᠦᠯᠦᠭ ᠦᠳ ᠡ
ᠬᠠᠪᠤᠷ ᠤᠨ ᠴᠡᠩᠬᠡᠷ ᠰᠠᠯᠬᠢᠨ ᠳᠤ ᠪᠠᠨ ᠬᠠᠭᠰᠠᠭᠠᠵᠤ ᠤᠶᠠᠳᠠᠭ ᠶᠤᠮ ᠭᠡᠨ᠎ᠡ ᠯᠡᠢ
ᠬᠠᠯᠬ᠎ᠠ ᠳᠤ ᠴᠤᠤᠲᠠᠢ ᠬᠦᠯᠦᠭ ᠦᠳ ᠨᠢ ᠰᠢᠯᠢ ᠶᠢᠨ ᠬᠤᠷᠳᠤᠨ ᠪᠤᠷᠤ ᠨᠤᠭᠤᠳ ᠡ
ᠦᠷᠨᠢᠭᠦᠨ ᠰᠢᠷᠭᠠᠯ ᠭᠣᠪᠢ ᠠᠴᠠ ᠪᠠᠨ ᠲᠣᠳᠣᠷᠠᠭᠠᠳ ᠢᠷᠡᠭᠰᠡᠨ ᠶᠤᠮ ᠭᠡᠨ᠎ᠡ ᠯᠡᠢ
ᠦᠨᠳᠦᠷ ᠰᠢᠯᠢ ᠶᠢᠨ ᠠᠵᠢᠨᠠᠢ ᠶᠢᠨ ᠬᠤᠷᠳᠤᠰ ᠢ ᠭᠠᠢᠬᠠᠮᠠᠷ ᠭᠡᠨ᠎ᠡ ᠡ
ᠬᠦᠦᠬᠡᠯᠡᠬᠦ ᠳᠠᠭᠤᠨ ᠢᠶᠠᠷ ᠰᠡᠷᠭᠦᠳᠡᠭ
ᠭᠦᠷᠤ ᠶᠢᠨ ᠤᠭᠰᠢᠯ ᠪᠤᠷᠤ ᠨᠤᠭᠤᠳ ᠡ
ᠭᠦᠢᠴᠡᠭᠡᠳ ᠭᠦᠢᠴᠡᠭᠡᠳ ᠳᠡᠷᠢᠭᠦᠯᠡᠳᠡᠭ
ᠰᠢᠯᠢ ᠶᠢᠨ ᠬᠤᠷᠳᠤᠨ ᠬᠦᠯᠦᠭ ᠦᠳ ᠡ
ᠵᠤᠯᠠ ᠵᠠᠳᠠᠷᠠᠬᠤ ᠮᠣᠷᠢᠳ ᠢ ᠬᠦᠳᠦᠯᠦᠭᠡᠳ ᠭᠠᠷᠳᠠᠭ ᠶᠤᠮ ᠭᠡᠨ᠎ᠡ ᠯᠡᠢ
ᠵᠤᠨ ᠤ ᠨᠠᠭᠠᠳᠤᠮ ᠤᠨ ᠲᠦᠮᠡᠨ ᠳᠡᠭᠡᠷᠡᠬᠢ ᠰᠢᠯᠢ ᠶᠢᠨ ᠬᠤᠷᠳᠤᠨ ᠪᠤᠷᠤ ᠨᠤᠭᠤᠳ ᠡ
ᠰᠢᠪᠡᠭᠡᠨ ᠲᠣᠯᠣᠭᠠᠢ ᠶᠢ ᠵᠠᠳᠠᠷᠠᠲᠠᠯᠠ ᠢᠨᠴᠠᠭᠠᠵᠤ ᠪᠠᠢᠳᠠᠭ ᠶᠤᠮ ᠭᠡᠨ᠎ᠡ ᠯᠡᠢ
ᠰᠢᠭᠰᠢᠮᠡᠯ ᠰᠠᠢᠬᠠᠨ ᠠᠵᠢᠨᠠᠢ ᠶᠢᠨ ᠰᠢᠨᠵᠢ ᠶᠢ ᠭᠠᠢᠬᠠᠮᠠᠷ ᠭᠡᠨ᠎ᠡ ᠡ
ᠬᠦᠦᠬᠡᠯᠡᠬᠦ ᠳᠠᠭᠤᠨ ᠢᠶᠠᠷ ᠰᠡᠷᠭᠦᠳᠡᠭ
ᠭᠦᠷᠤ ᠶᠢᠨ ᠤᠭᠰᠢᠯ ᠪᠤᠷᠤ ᠨᠤᠭᠤᠳ ᠡ
ᠭᠦᠢᠴᠡᠭᠡᠳ ᠭᠦᠢᠴᠡᠭᠡᠳ ᠳᠡᠷᠢᠭᠦᠯᠡᠳᠡᠭ
ᠰᠢᠯᠢ ᠶᠢᠨ ᠬᠤᠷᠳᠤᠨ ᠬᠦᠯᠦᠭ ᠦᠳ ᠡ
