ᠲᠡᠮᠡᠭᠡᠨ ᠵᠢᠩ ᠦ᠋ᠨ ᠴᠤᠪᠤᠭ᠎ᠠ-ᠰᠤᠶᠤᠯ ᠡᠷᠳᠡᠨᠢ᠎ ᠬᠠᠮᠲᠤᠯᠢᠭTemeen jingiin tsuvaa-Soyol Erdene khamtlagТэмээн жингийн цуваа-Соёл Эрдэнэ хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡᠨ ᠵᠢᠩ ᠦ᠋ᠨ ᠴᠤᠪᠤᠭ᠎ᠠ-ᠰᠤᠶᠤᠯ ᠡᠷᠳᠡᠨᠢ᠎ ᠬᠠᠮᠲᠤᠯᠢᠭTemeen jingiin tsuvaa-Soyol Erdene khamtlagТэмээн жингийн цуваа-Соёл Эрдэнэ хамтлаг

ᠲᠡᠮᠡᠭᠡᠨ ᠵᠢᠩ ᠦ᠋ᠨ ᠴᠤᠪᠤᠭ᠎ᠠ-ᠰᠤᠶᠤᠯ ᠡᠷᠳᠡᠨᠢ᠎ ᠬᠠᠮᠲᠤᠯᠢᠭTemeen jingiin tsuvaa-Soyol Erdene khamtlagТэмээн жингийн цуваа-Соёл Эрдэнэ хамтлаг

ᠠᠩᠭᠢᠯᠠᠯ:ᠳᠠᠭᠤᠤ ᠬᠥᠭᠵᠢᠮ
2026-03-26

178

ᠲᠡᠮᠡᠭᠡᠨ ᠵᠢᠩ ᠦ᠋ᠨ ᠴᠤᠪᠤᠭ᠎ᠠ


       ᠦᠭᠡ᠄ ᠳ· ᠷᠢᠨᠴᠢᠨᠳᠣᠷᠵᠢ 
       ᠠᠶ᠎ᠠ᠄ ᠳ· ᠭᠠᠯᠰᠠᠩᠪᠠᠲᠤ 
       ᠳᠠᠭᠤᠴᠢᠨ᠄ ᠰᠣᠶᠣᠯ ᠡᠷᠳᠡᠨᠢ ᠬᠠᠮᠲᠤᠯᠢᠭ 

ᠲᠡᠮᠡᠭᠡᠨ ᠵᠢᠩ ᠦ᠋ᠨ ᠲᠡᠷᠢᠭᠦᠨ ᠴᠤᠪᠤᠭ᠎ᠠ 
ᠲᠩᠷᠢ ᠶ᠋ᠢᠨ ᠬᠠᠶᠠᠭᠠᠨ ᠠ᠋ᠴᠠ ᠨᠠᠭᠠᠰᠢᠯᠠᠨ ᠠᠢᠰᠤᠢ 
ᠲᠡᠨᠢᠭᠦᠨ ᠭᠣᠪᠢ ᠶ᠋ᠢᠨ ᠲᠡᠩᠬᠡᠭᠡᠲᠦ ᠠᠯᠬᠤᠭ᠎ᠠ ᠪᠠᠷ 
ᠲᠩᠷᠢ ᠪᠡᠨ ᠲᠡᠭᠡᠭᠡᠭᠡᠳ ᠨᠠᠭᠠᠰᠢᠯᠠᠨ ᠠᠢᠰᠤᠢ 
ᠲᠡᠨᠢᠭᠦᠨ ᠭᠣᠪᠢ ᠶ᠋ᠢᠨ ᠲᠡᠩᠬᠡᠭᠡᠲᠦ ᠠᠯᠬᠤᠭ᠎ᠠ ᠪᠠᠷ 
ᠲᠩᠷᠢ ᠪᠡᠨ ᠲᠡᠭᠡᠭᠡᠭᠡᠳ ᠨᠠᠭᠠᠰᠢᠯᠠᠨ ᠠᠢᠰᠤᠢ 

ᠰᠢᠷᠡᠭᠡ ᠪᠦᠬᠦᠨ ᠳ᠋ᠦ᠍ ᠪᠡᠨ ᠨᠠᠷᠠ ᠮᠠᠨᠳᠤᠭᠤᠯᠤᠭᠰᠠᠭᠠᠷ 
ᠰᠢᠵᠢᠷ ᠲᠤᠶᠠᠭ᠎ᠠ ᠰᠠᠴᠤᠷᠠᠭᠤᠯᠤᠭᠰᠠᠭᠠᠷ ᠢᠷᠡᠯ᠎ᠡ 
ᠲᠠᠪᠤᠨ ᠬᠣᠰᠢᠭᠤ ᠰᠦᠷᠦᠭ ᠦ᠋ᠨ ᠰᠦᠨᠳᠡᠷ 
ᠭᠠᠩᠭᠠᠩ ᠤᠯᠠᠭᠠᠨ ᠲᠡᠮᠡᠭᠡᠨ ᠰᠦᠷᠦᠭ 
ᠲᠠᠪᠤᠨ ᠬᠣᠰᠢᠭᠤ ᠰᠦᠷᠦᠭ ᠦ᠋ᠨ ᠰᠦᠨᠳᠡᠷ
ᠭᠠᠩᠭᠠᠩ ᠤᠯᠠᠭᠠᠨ ᠲᠡᠮᠡᠭᠡᠨ ᠰᠦᠷᠦᠭ

ᠲᠡᠮᠡᠭᠡᠨ ᠵᠢᠩ ᠦ᠋ᠨ ᠴᠤᠪᠤᠭ᠎ᠠ
ᠲᠡᠮᠡᠭᠡᠨ ᠵᠢᠩ ᠦ᠋ᠨ ᠴᠤᠪᠤᠭ᠎ᠠ

ᠰᠣᠯᠣᠩᠭᠠᠷᠠᠬᠤ ᠵᠡᠷᠭᠡᠯᠭᠡᠨ ᠳ᠋ᠦ᠍ ᠪᠡᠨ ᠴᠤᠪᠤᠭ᠎ᠠ ᠨᠢ ᠪᠥᠵᠢᠭᠡᠳ
ᠱᠠᠩᠳᠠ ᠶ᠋ᠢᠨ ᠭᠣᠪᠢ ᠪᠠᠷ ᠱᠠᠭᠢᠭᠤᠯᠤᠨ ᠠᠯᠬᠤᠨ᠎ᠠ
ᠲᠡᠮᠡᠭᠡᠨ ᠵᠢᠩ ᠦ᠋ᠨ ᠲᠡᠷᠢᠭᠦᠨ ᠴᠤᠪᠤᠭ᠎ᠠ 
ᠲᠩᠷᠢ ᠶ᠋ᠢᠨ ᠬᠠᠶᠠᠭ᠎ᠠ ᠤᠷᠤᠭᠤ ᠴᠠᠭᠠᠰᠢᠯᠠᠨ ᠣᠳᠤᠯ᠎ᠠ
ᠲᠡᠮᠡᠭᠡᠨ ᠵᠢᠩ ᠦ᠋ᠨ ᠲᠡᠷᠢᠭᠦᠨ ᠴᠤᠪᠤᠭ᠎ᠠ
ᠲᠩᠷᠢ ᠶ᠋ᠢᠨ ᠬᠠᠶᠠᠭ᠎ᠠ ᠤᠷᠤᠭᠤ ᠴᠠᠭᠠᠰᠢᠯᠠᠨ ᠣᠳᠤᠯ᠎ᠠ

ᠲᠡᠮᠡᠭᠡᠨ ᠵᠢᠩ ᠦ᠋ᠨ ᠴᠤᠪᠤᠭ᠎ᠠ
ᠲᠡᠮᠡᠭᠡᠨ ᠵᠢᠩ ᠦ᠋ᠨ ᠴᠤᠪᠤᠭ᠎ᠠ
ᠲᠡᠮᠡᠭᠡᠨ ᠵᠢᠩ ᠦ᠋ᠨ ᠴᠤᠪᠤᠭ᠎ᠠ
ᠲᠡᠮᠡᠭᠡᠨ ᠵᠢᠩ ᠦ᠋ᠨ ᠴᠤᠪᠤᠭ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ