ᠰᠡᠳᠬᠢᠯ ᠦ᠋ᠨ ᠪᠤᠯᠠᠭ-ᠣ· ᠳᠠᠯᠠᠨᠲᠠᠢ᠂ ᠰ · ᠡᠷᠳᠡᠨᠢᠴᠡᠴᠡᠭSetgeliin bulag-O·Dalantai,S ·Erdentsetseg Сэтгэлийн булаг-О·Далантай,С ·Эрдэнцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠦ᠋ᠨ ᠪᠤᠯᠠᠭ-ᠣ· ᠳᠠᠯᠠᠨᠲᠠᠢ᠂ ᠰ · ᠡᠷᠳᠡᠨᠢᠴᠡᠴᠡᠭSetgeliin bulag-O·Dalantai,S ·Erdentsetseg Сэтгэлийн булаг-О·Далантай,С ·Эрдэнцэцэг

ᠰᠡᠳᠬᠢᠯ ᠦ᠋ᠨ ᠪᠤᠯᠠᠭ-ᠣ· ᠳᠠᠯᠠᠨᠲᠠᠢ᠂ ᠰ · ᠡᠷᠳᠡᠨᠢᠴᠡᠴᠡᠭSetgeliin bulag-O·Dalantai,S ·Erdentsetseg Сэтгэлийн булаг-О·Далантай,С ·Эрдэнцэцэг

ᠠᠩᠭᠢᠯᠠᠯ:ᠳᠠᠭᠤᠤ ᠬᠥᠭᠵᠢᠮ
2026-03-25

383

ᠰᠡᠳᠬᠢᠯ ᠦ᠋ᠨ ᠪᠤᠯᠠᠭ


      ᠦᠭᠡ᠄ ᠴ· ᠣᠶᠤᠨᠪᠠᠭᠠᠲᠤᠷ᠂ ᠰ · ᠣᠶᠤᠨᠴᠢᠮᠡᠭ 
      ᠠᠶ᠎ᠠ᠄ ᠲ · ᠰᠸᠷᠡᠣᠳᠤ  
      ᠳᠠᠭᠤᠴᠢᠨ᠄ ᠣ· ᠳᠠᠯᠠᠨᠲᠠᠢ᠂ ᠰ · ᠡᠷᠳᠡᠨᠢᠴᠡᠴᠡᠭ 

ᠪᠣᠷᠣᠭᠠᠨ ᠲᠠᠢ ᠥᠷᠯᠥᠭᠡ ᠴᠢᠮ᠎ᠠ ᠪᠠᠨ ᠦᠭᠡᠢᠯᠡᠭᠡᠳ 
ᠪᠣᠳᠣᠯ ᠤ᠋ᠨ ᠮᠠᠨᠠᠨ ᠳ᠋ᠤ᠌ ᠥᠷᠲᠥᠮᠡᠷ ᠦᠭᠡᠢ ᠥᠨᠵᠢᠮᠡᠷ ᠠ᠋ 
ᠪᠣᠷᠣ ᠳᠡᠷᠡᠰᠦᠨ ᠳ᠋ᠦ᠍ ᠰᠣᠭᠲᠣᠮᠠᠷ ᠦᠭᠡᠢ ᠳᠠᠭᠤᠯᠠᠮᠠᠷ ᠠ 
ᠪᠠᠯ ᠲᠠᠢ ᠵᠥᠭᠡᠢ ᠶ᠋ᠢ ᠦᠷᠭᠦᠭᠡᠮᠡᠷ ᠦᠭᠡᠢ ᠥᠰᠬᠡᠮᠡᠷ ᠠ᠋ 
ᠰᠡᠳᠬᠢᠯ ᠦ᠋ᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ 
ᠬᠠᠢᠷᠠᠲᠤ ᠮᠢᠨᠢ 

 ᠬᠠᠶᠠ ᠴᠢᠮ᠎ᠠ ᠳ᠋ᠠᠭᠠᠨ ᠤᠬᠢᠯᠠᠮᠠᠷ ᠦᠭᠡᠢ ᠲᠣᠨᠢᠷᠬᠠᠮᠠᠷ ᠠ
ᠬᠠᠢᠷ᠎ᠠ ᠶ᠋ᠢᠨ ᠭᠡᠷᠡᠯ ᠳ᠋ᠦ᠍ ᠳᠠᠭᠤ ᠦᠭᠡᠢᠬᠡᠨ ᠲᠣᠢᠯᠠᠮᠠᠷ ᠠ
ᠬᠠᠲᠤᠨ ᠰᠡᠨᠳᠡᠢ ᠳ᠋ᠦ᠍ ᠵᠦᠩ ᠢ᠋ᠶ᠋ᠡᠷ ᠢ᠋ᠶ᠋ᠡᠨ ᠵᠠᠯᠠᠷᠠᠮᠠᠷ ᠠ
ᠬᠠᠲᠠᠭᠤ ᠣᠷᠴᠢᠯᠠᠩ ᠢ᠋ ᠵᠥᠭᠡᠯᠡᠷᠡᠭᠦᠯᠦᠨ ᠠᠷᠭᠠᠳᠠᠮᠠᠷ ᠠ
ᠰᠡᠳᠬᠢᠯ ᠦ᠋ᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠠ᠋
ᠬᠠᠢᠷᠠᠲᠤ ᠮᠢᠨᠢ

 ᠠᠭᠤᠯᠵᠠᠬᠤ ᠶ᠋ᠢᠨ ᠵᠠᠭᠤᠷ᠎ᠠ ᠳ᠋ᠤ᠌ ᠰᠠᠯᠤᠮᠠᠷ ᠦᠭᠡᠢ ᠳᠠᠰᠤᠮᠠᠷ ᠠ
ᠤᠶᠠᠩᠭ᠎ᠠ ᠶ᠋ᠢᠨ ᠳᠠᠭᠤᠯᠠᠯ ᠳ᠋ᠤ᠌ ᠤᠶᠠᠷᠠᠮᠠᠷ ᠦᠭᠡᠢ ᠬᠠᠢᠯᠤᠮᠠᠷ ᠠ
ᠤᠷᠠᠨ ᠰᠢᠪᠠᠭᠤᠳ ᠭᠦᠢᠴᠡᠮᠡᠷ ᠦᠭᠡᠢ ᠵᠢᠷᠭᠢᠮᠡᠷ ᠠ᠋
ᠤᠷᠢᠳᠤ ᠶ᠋ᠢᠨ ᠢᠷᠦᠭᠡᠯ ᠰᠠᠨᠠᠮᠠᠷ ᠦᠭᠡᠢ ᠵᠢᠷᠭᠠᠮᠠᠷ ᠠ
ᠰᠡᠳᠬᠢᠯ ᠦ᠋ᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠠ᠋ ᠬᠠᠢᠷᠠᠲᠤ ᠮᠢᠨᠢ
ᠰᠡᠳᠬᠢᠯ ᠦ᠋ᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠠ᠋
ᠬᠠᠢᠷᠠᠲᠤ ᠮᠢᠨᠢ

    ᠦᠰᠦᠭ ᠬᠠᠲᠠᠭᠰᠠᠨ ᠨᠢ᠄ ᠪᠠᠢ ᠰᠠᠷᠠᠨ᠎ᠠ
    ᠦᠰᠦᠭ ᠠᠮᠢᠯᠠᠭᠤᠯᠤᠭᠰᠠᠨ ᠨᠢ᠄ ᠰᠣᠨᠢᠨᠪᠠᠶᠠᠷ 
    ᠬᠢᠨᠠᠭᠰᠠᠨ ᠨᠢ᠄ ᠰᠣᠨᠢᠨᠪᠠᠶᠠᠷ