ᠮᠣᠩᠭᠣᠯ ᠶᠣᠰᠣ- ᠡ᠊ ∙ ᠲᠥᠷᠥᠮᠠᠨᠳᠤᠬᠤ᠂ ᠣ᠊ ∙ ᠭᠠᠩᠰᠤᠪᠤᠳ Mongol yos E Turmandakh O Gansuvd Монгол ёс Э.Төрмандах, О.Гансувд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠶᠣᠰᠣ- ᠡ᠊ ∙ ᠲᠥᠷᠥᠮᠠᠨᠳᠤᠬᠤ᠂ ᠣ᠊ ∙ ᠭᠠᠩᠰᠤᠪᠤᠳ Mongol yos E Turmandakh O Gansuvd Монгол ёс Э.Төрмандах, О.Гансувд

ᠮᠣᠩᠭᠣᠯ ᠶᠣᠰᠣ- ᠡ᠊ ∙ ᠲᠥᠷᠥᠮᠠᠨᠳᠤᠬᠤ᠂ ᠣ᠊ ∙ ᠭᠠᠩᠰᠤᠪᠤᠳ Mongol yos E Turmandakh O Gansuvd Монгол ёс Э.Төрмандах, О.Гансувд

ᠠᠩᠭᠢᠯᠠᠯ:ᠳᠠᠭᠤᠤ ᠬᠥᠭᠵᠢᠮ
2026-03-25

198

ᠮᠣᠩᠭᠣᠯ ᠶᠣᠰᠣ

     ᠦᠭᠡ᠂ ᠠᠶ᠎ᠠ᠄ ᠴ · ᠴᠠᠭᠠᠨ— ᠡᠪᠦᠭᠡᠨ 
     ᠳᠠᠭᠤᠴᠢᠨ᠄ ᠠ᠋᠊· ᠲᠦᠷᠦᠮᠠᠨᠲᠤᠬᠤ ᠂ ᠣ· ᠭᠠᠩᠰᠤᠪᠤᠳ 

ᠨᠠᠷᠠ ᠵᠥᠪ ᠡᠷᠭᠢᠵᠦ ᠮᠥᠷ ᠢ᠋ᠶ᠋ᠡᠨ ᠭᠠᠷᠭᠠᠭᠠᠳ 
ᠨᠠᠷᠠᠨ ᠳ᠋ᠤ᠌ ᠪᠠᠨ ᠵᠠᠯᠪᠠᠷᠢᠨ ᠪᠦᠬᠦᠨ ᠢ᠋ᠶ᠋ᠡᠨ ᠳᠠᠭᠠᠳᠬᠠᠭᠠᠳ 
ᠨᠠᠰᠤᠲᠠᠨ ᠪᠤᠭᠤᠷᠤᠯ ᠢ᠋ᠶ᠋ᠠᠨ ᠬᠦᠨᠳᠦᠯᠡᠨ ᠳᠡᠭᠡᠳᠦᠯᠡᠭᠡᠳ 
ᠶᠣᠰᠣ ᠪᠠᠨ ᠪᠣᠳᠣᠵᠤ ᠢᠷᠦᠭᠡᠯ ᠲᠠᠯᠪᠢᠶ᠎ᠠ 
ᠠᠢ ᠮᠣᠩᠭᠣᠯ ᠶᠣᠰᠣ ᠰᠠᠢᠬᠠᠨ 
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ 

ᠰᠠᠢᠨ ᠤ᠋ ᠢᠷᠦᠭᠡᠯ ᠡᠷᠭᠦᠨ ᠵᠣᠯᠭᠠᠭᠠᠳ 
ᠰᠠᠭᠠᠳᠠᠨ ᠲᠣᠭᠯᠠᠬᠤ ᠨᠠᠰᠤᠲᠠᠨ ᠪᠤᠭᠤᠷᠤᠯ ᠤ᠋ᠳ 
ᠨᠢᠭᠡ ᠨᠢᠭᠡᠨ ᠳ᠋ᠦ᠍ ᠪᠡᠨ ᠤᠷᠮ᠎ᠠ ᠬᠠᠢᠷᠠᠯᠠᠭᠠᠳ
ᠨᠢᠭᠦᠯᠡᠰᠦᠩᠭᠦᠢ ᠰᠠᠢᠬᠠᠨ ᠠᠮᠢᠳᠤᠷᠠᠬᠤ ᠶᠣᠰᠣ ᠲᠠᠢ
ᠠᠢ ᠮᠣᠩᠭᠣᠯ ᠶᠣᠰᠣ ᠰᠠᠢᠬᠠᠨ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ

ᠬᠦᠵᠢ ᠠᠷᠴᠠ ᠪᠠᠷ ᠢ᠋ᠶ᠋ᠠᠨ ᠰᠡᠳᠬᠢᠯ ᠢ᠋ᠶ᠋ᠡᠨ ᠠᠷᠢᠭᠤᠯᠠᠵᠤ
ᠬᠦᠯᠦᠭ ᠮᠣᠷᠢᠨ ᠳᠡᠭᠡᠷ᠎ᠡ ᠪᠡᠨ ᠬᠡᠢᠮᠣᠷᠢ ᠪᠠᠨ ᠰᠡᠷᠭᠦᠭᠡᠵᠦ
ᠵᠤᠨ ᠣᠯᠠᠨ ᠢ᠋ᠶ᠋ᠠᠷ ᠢ᠋ᠶ᠋ᠠᠨ ᠶᠣᠰᠣ ᠪᠠᠨ ᠳᠡᠭᠡᠳᠦᠯᠡᠭᠡᠳ
ᠵᠣᠯ ᠵᠢᠷᠭᠠᠯ ᠲᠠᠢ ᠠᠮᠢᠳᠤᠷᠠᠬᠤ ᠰᠠᠢᠬᠠᠨ
ᠠᠢ ᠮᠣᠩᠭᠣᠯ ᠶᠣᠰᠣ ᠰᠠᠢᠬᠠᠨ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ
ᠠᠢ ᠮᠣᠩᠭᠣᠯ ᠶᠣᠰᠣ ᠰᠠᠢᠬᠠᠨ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ

   ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ 
   ᠬᠢᠨᠠᠭᠴᠢ᠄ ᠰᠣᠨᠢᠨᠪᠠᠶᠠᠷ