ᠠᠯᠲᠠᠨ ᠰᠢᠷᠭᠤᠤᠯ ᠠᠭᠤᠯᠠ -ᠵᠣᠣ ᠪᠥᠬᠡ Алтан шургуул уул-Жуу Бөх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠰᠢᠷᠭᠤᠤᠯ ᠠᠭᠤᠯᠠ -ᠵᠣᠣ ᠪᠥᠬᠡ Алтан шургуул уул-Жуу Бөх

ᠠᠯᠲᠠᠨ ᠰᠢᠷᠭᠤᠤᠯ ᠠᠭᠤᠯᠠ -ᠵᠣᠣ ᠪᠥᠬᠡ Алтан шургуул уул-Жуу Бөх

ᠠᠩᠭᠢᠯᠠᠯ:ᠳᠠᠭᠤᠤ ᠬᠥᠭᠵᠢᠮ
2026-03-25

449

ᠠᠯᠲᠠᠨ ᠰᠢᠷᠭᠤᠤᠯ ᠠᠭᠤᠯᠠ


  ᠦᠭᠡ᠄ ᠵᠧᠩ  ᠨᠠᠮᠤᠷ᠎ᠠ 
  ᠠᠶ᠎ᠠ᠄ ᠫᠧᠩ ᠢᠦᠢ ᠱᠠᠨ 
  ᠳᠠᠭᠤᠴᠢᠨ᠄ ᠵᠣᠣ ᠪᠥᠬᠡ 

ᠠᠭᠤᠯᠠ ᠠᠭᠤᠯᠠᠨ ᠠ᠋ᠴᠠ ᠪᠠᠨ ᠣᠨᠴᠠᠭᠠᠢ ᠰᠡᠬᠦᠢᠭᠰᠡᠨ 
ᠷᠠᠰᠢᠶᠠᠨ ᠠᠭᠤᠢ ᠲᠠᠢ ᠰᠢᠷᠭᠤᠤᠯ ᠤ᠋ᠨ ᠠᠭᠤᠯᠠ 
ᠠᠯᠤᠰ ᠠ᠋ᠴᠠ ᠢᠷᠡᠭᠰᠡᠨ ᠰᠦᠰᠦᠭᠲᠡᠳ ᠢ᠋ᠶ᠋ᠡᠨ 
ᠠᠮᠤᠷᠵᠢᠭᠤᠯᠤᠨ ᠵᠢᠷᠭᠠᠭᠤᠯᠳᠠᠭ ᠠᠯᠲᠠᠨ ᠰᠢᠷᠭᠤᠤᠯ ᠮᠢᠨᠢ 

ᠬᠠᠳᠠ ᠬᠠᠳᠠᠨ ᠠ᠋ᠴᠠ ᠪᠠᠨ ᠣᠮᠣᠭᠯᠠᠩ ᠰᠦᠨᠳᠡᠷᠯᠡᠭᠰᠡᠨ 
ᠬᠤᠪᠢᠯᠭᠠᠨ ᠭᠡᠰᠡᠷ ᠦ᠋ᠨ ᠳᠣᠮᠣᠭᠲᠤ ᠠᠭᠤᠯᠠ 
ᠬᠣᠲᠠᠯᠠ ᠣᠯᠠᠨ ᠢᠷᠭᠡᠳ ᠲᠦ᠍ ᠪᠡᠨ 
ᠬᠡᠢᠮᠣᠷᠢ ᠢᠪᠡᠭᠡᠳᠡᠭ ᠠᠯᠲᠠᠨ ᠰᠢᠷᠭᠤᠤᠯ ᠮᠢᠨᠢ
ᠠ ᠬᠠ ᠬᠥ᠁ ᠠ ᠬᠠ ᠬᠥ
ᠭᠠᠬᠠᠢᠲᠤ ᠨᠤᠲᠤᠭ᠎ᠲᠤ ᠪᠠᠨ ᠰᠦᠯᠳᠡ ᠪᠣᠯᠤᠭᠰᠠᠨ ᠠᠯᠲᠠᠨ ᠰᠢᠷᠭᠤᠤᠯ ᠮᠢᠨᠢ

ᠵᠦᠢᠯ ᠵᠦᠢᠯ ᠦ᠋ᠨ ᠮᠣᠳᠣᠳ ᠤᠷᠭᠤᠭᠰᠠᠨ
ᠵᠢᠭᠳᠡᠷᠡᠵᠦ ᠰᠦᠨᠳᠡᠷᠯᠡᠭᠰᠡᠨ ᠰᠢᠷᠭᠤᠤᠯ ᠤ᠋ᠨ ᠠᠭᠤᠯᠠ
ᠵᠦᠭ ᠪᠦᠷᠢ ᠶ᠋ᠢᠨ ᠰᠦᠰᠦᠭᠲᠡᠳ ᠦ᠋ᠨ ᠢ᠋ᠶ᠋ᠡᠨ
ᠵᠢᠷᠦᠬᠡᠨ ᠳ᠋ᠦ᠍ ᠮᠥᠩᠬᠡᠷᠡᠭᠰᠡᠨ ᠠᠯᠲᠠᠨ ᠰᠢᠷᠭᠤᠤᠯ ᠮᠢᠨᠢ

ᠪᠠᠷ᠎ᠠ ᠪᠠᠷ᠎ᠠ ᠪᠠᠨ ᠲᠦᠰᠢᠨ ᠰᠡᠬᠦᠢᠭᠰᠡᠨ
ᠪᠠᠷᠲᠠᠭ᠎ᠠ ᠶᠡᠬᠡᠲᠡᠢ ᠰᠢᠷᠭᠤᠤᠯ ᠤ᠋ᠨ ᠠᠭᠤᠯᠠ
ᠪᠠᠢᠳᠠᠭ ᠣᠯᠠᠨ ᠲᠦᠮᠡᠨ ᠦ᠌ ᠪᠡᠨ
ᠪᠠᠷᠴᠢᠳ ᠢ᠋ ᠠᠷᠢᠯᠭᠠᠳᠠᠭ ᠠᠯᠲᠠᠨ ᠰᠢᠷᠭᠤᠤᠯ ᠮᠢᠨᠢ
ᠠ ᠬᠠ ᠬᠥ᠁ ᠠ ᠬᠠ ᠬᠥ
ᠭᠠᠬᠠᠢᠲᠤ ᠨᠤᠲᠤᠭ ᠤ᠋ᠨ ᠰᠦᠯᠳᠡ ᠪᠣᠯᠤᠭᠰᠠᠨ ᠠᠯᠲᠠᠨ ᠰᠢᠷᠭᠤᠤᠯ ᠮᠢᠨᠢ
ᠭᠠᠬᠠᠢᠲᠤ ᠨᠤᠲᠤᠭ᠎ᠲᠤ ᠪᠠᠨ ᠰᠦᠯᠳᠡ ᠪᠣᠯᠤᠭᠰᠠᠨ ᠠᠯᠲᠠᠨ ᠰᠢᠷᠭᠤᠤᠯ ᠮᠢᠨᠢ

   ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠰᠣᠳᠣ