ᠮᠢᠨᠦ ᠵᠢᠭᠠᠬᠠᠨ ᠠᠯᠳᠠᠷᠠᠢ - ᠦᠭᠡ᠄ ᠳ· ᠬᠤᠪᠢᠰᠬᠠᠯᠲᠤ᠂ᠠᠶ᠎ᠠ᠄ ᠪ· ᠰᠦᠬᠡᠪᠠᠭᠠᠲᠤᠷ᠂ᠳᠠᠭᠤᠴᠢᠨ᠄ ᠬᠦᠰᠡᠯᠪᠠᠶᠠᠷ Миний жаахан алдрай - үг᠄ Д· Хувьсгалт᠂ ая᠄ Б· Сүхбаатар᠂ дуучин᠄ Хүсэлбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠵᠢᠭᠠᠬᠠᠨ ᠠᠯᠳᠠᠷᠠᠢ - ᠦᠭᠡ᠄ ᠳ· ᠬᠤᠪᠢᠰᠬᠠᠯᠲᠤ᠂ᠠᠶ᠎ᠠ᠄ ᠪ· ᠰᠦᠬᠡᠪᠠᠭᠠᠲᠤᠷ᠂ᠳᠠᠭᠤᠴᠢᠨ᠄ ᠬᠦᠰᠡᠯᠪᠠᠶᠠᠷ Миний жаахан алдрай - үг᠄ Д· Хувьсгалт᠂ ая᠄ Б· Сүхбаатар᠂ дуучин᠄ Хүсэлбаяр

ᠮᠢᠨᠦ ᠵᠢᠭᠠᠬᠠᠨ ᠠᠯᠳᠠᠷᠠᠢ - ᠦᠭᠡ᠄ ᠳ· ᠬᠤᠪᠢᠰᠬᠠᠯᠲᠤ᠂ᠠᠶ᠎ᠠ᠄ ᠪ· ᠰᠦᠬᠡᠪᠠᠭᠠᠲᠤᠷ᠂ᠳᠠᠭᠤᠴᠢᠨ᠄ ᠬᠦᠰᠡᠯᠪᠠᠶᠠᠷ Миний жаахан алдрай - үг᠄ Д· Хувьсгалт᠂ ая᠄ Б· Сүхбаатар᠂ дуучин᠄ Хүсэлбаяр

ᠠᠩᠭᠢᠯᠠᠯ:ᠳᠠᠭᠤᠤ ᠬᠥᠭᠵᠢᠮ
2026-03-24

110

ᠮᠢᠨᠦ ᠵᠢᠭᠠᠬᠠᠨ ᠠᠯᠳᠠᠷᠠᠢ

  
                     ᠦᠭᠡ᠄ ᠳ· ᠬᠤᠪᠢᠰᠬᠠᠯᠲᠤ 
                     ᠠᠶ᠎ᠠ᠄  ᠪ·ᠰᠦᠬᠡᠪᠠᠭᠠᠲᠤᠷ  
                     ᠳᠠᠭᠤᠴᠢᠨ᠄  ᠬᠦᠰᠡᠯᠪᠠᠶᠠᠷ   

 ᠰᠠᠷᠭᠠᠢ ᠴᠡᠴᠡᠭ ᠦ᠋ᠨ ᠭᠣᠶᠣᠬᠠᠨ ᠳᠡᠯᠪᠢ ᠰᠢᠭ  
 ᠰᠡᠷᠭᠦᠯᠡᠩ ᠭᠤᠸ᠎ᠠ ᠮᠢᠨᠦ ᠯᠡ ᠠᠮᠠᠷᠠᠭ  
 ᠬᠠᠢᠷ᠎ᠠ ᠶ᠋ᠢᠨ ᠳᠠᠭᠤᠤ ᠪᠠᠷ ᠬᠣᠣᠰᠯᠠᠨ ᠵᠢᠷᠭᠠᠭᠰᠠᠨ  
 ᠬᠠᠨᠢ ᠶ᠋ᠢᠨ ᠵᠠᠶᠠᠭ᠎ᠠ ᠤᠶᠠᠬᠠᠨ ᠪᠦᠰᠡᠭᠦᠢ 
      ᠳᠤᠷᠠᠨ ᠠᠯᠠᠭ ᠬᠥᠭᠡᠷᠦᠬᠦᠨ ᠨᠢᠳᠦ ᠴᠢᠨᠢ  
      ᠳᠤᠷᠠᠯᠠᠯ ᠴᠠᠯᠭᠢᠵᠤ ᠰᠡᠳᠬᠢᠯ ᠪᠠᠶᠠᠰᠬᠠᠳᠠᠭ  
      ᠳᠠᠭᠤᠯᠠᠨ ᠪᠥᠵᠢᠮᠡᠷ ᠰᠠᠢᠬᠠᠨ ᠠᠭᠠᠯᠢᠨ ᠳ᠋ᠤ᠌ ᠴᠢᠨᠢ  
      ᠳᠤᠷᠠᠰᠤᠯ ᠬᠡᠯᠬᠢᠵᠦ ᠠᠮᠢᠳᠤᠷᠠᠯ ᠪᠢᠯᠬᠠᠳᠠᠭ ᠠ᠋  

 ᠤᠴᠠᠷᠠᠯ ᠤ᠋ᠨ ᠪᠣᠯᠵᠣᠭ᠎ᠠ ᠢᠲᠡᠭᠡᠯ ᠵᠥᠩᠨᠡᠭᠰᠡᠨ 
 ᠦᠵᠡᠰᠬᠦᠯᠡᠩ ᠭᠤᠸ᠎ᠠ ᠮᠢᠨᠦ ᠬᠣᠩᠭᠣᠷ  
 ᠤᠰᠤᠨ ᠤ᠋ ᠬᠤᠨ ᠰᠢᠭ᠋ ᠢᠵᠢᠯᠢᠰᠢᠨ ᠳᠠᠰᠤᠭᠰᠠᠨ  
 ᠤᠷᠠᠨ ᠭᠠᠯᠪᠢᠷ ᠭᠠᠩᠭᠠᠩ ᠪᠦᠰᠡᠭᠦᠢ 
      ᠳᠤᠷᠠᠨ ᠠᠯᠠᠭ ᠬᠥᠭᠡᠷᠦᠬᠦᠨ ᠨᠢᠳᠦ ᠴᠢᠨᠢ 
      ᠳᠤᠷᠠᠯᠠᠯ ᠴᠠᠯᠭᠢᠵᠤ ᠰᠡᠳᠬᠢᠯ  ᠪᠠᠶᠠᠰᠬᠠᠳᠠᠭ  
      ᠳᠠᠭᠤᠯᠠᠨ ᠪᠥᠵᠢᠮᠡᠷ ᠰᠠᠢᠬᠠᠨ ᠠᠭᠠᠯᠢᠨ ᠳ᠋ᠤ᠌ ᠴᠢᠨᠢ 
      ᠳᠤᠷᠠᠰᠤᠯ ᠬᠡᠯᠬᠢᠵᠦ ᠠᠮᠢᠳᠤᠷᠠᠯ ᠪᠢᠯᠬᠠᠳᠠᠭ ᠠ᠋ 

 ᠬᠥᠮᠦᠨ ᠪᠦᠬᠦᠨ ᠤ ᠬᠠᠷᠠᠴᠠ ᠵᠢ ᠪᠤᠯᠢᠶᠠᠭᠰᠠᠨ  
 ᠬᠦᠰᠡᠯ ᠦ᠋ᠨ ᠵᠢᠭᠠᠯᠬᠠᠨ ᠮᠢᠨᠦ ᠯᠡ ᠠᠯᠳᠠᠷᠠᠢ 
 ᠪᠦᠪᠡᠢ ᠶ᠋ᠢᠨ ᠳᠠᠭᠤᠤ ᠪᠠᠷ ᠬᠣᠷᠸ᠎ᠠ ᠶ᠋ᠢ ᠠᠷᠭᠠᠳᠠᠭᠰᠠᠨ  
 ᠪᠦᠲᠦᠨ ᠬᠠᠢᠷ᠎ᠠ ᠶ᠋ᠢᠨ ᠮᠣᠩᠭᠣᠯ ᠪᠦᠰᠡᠭᠦᠢ 
      ᠳᠤᠷᠠᠨ ᠠᠯᠠᠭ ᠬᠥᠭᠡᠷᠦᠬᠦᠨ ᠨᠢᠳᠦ ᠴᠢᠨᠢ 
      ᠳᠤᠷᠠᠯᠠᠯ ᠴᠠᠯᠭᠢᠵᠤ ᠰᠡᠳᠬᠢᠯ ᠪᠠᠶᠠᠰᠬᠠᠳᠠᠭ 
      ᠳᠠᠭᠤᠯᠠᠨ ᠪᠥᠵᠢᠮᠡᠷ ᠰᠠᠢᠬᠠᠨ ᠠᠭᠠᠯᠢᠨ ᠳ᠋ᠤ᠌ ᠴᠢᠨᠢ 
      ᠳᠤᠷᠠᠰᠤᠯ ᠬᠡᠯᠬᠢᠵᠦ ᠠᠮᠢᠳᠤᠷᠠᠯ ᠪᠢᠯᠬᠠᠳᠠᠭ ᠠ᠋  
      ᠳᠤᠷᠠᠨ ᠠᠯᠠᠭ ᠬᠥᠭᠡᠷᠦᠬᠦᠨ ᠨᠢᠳᠦ ᠴᠢᠨᠢ 
      ᠳᠤᠷᠠᠯᠠᠯ ᠴᠠᠯᠭᠢᠵᠤ ᠰᠡᠳᠬᠢᠯ ᠪᠠᠶᠠᠰᠬᠠᠳᠠᠭ 
      ᠳᠠᠭᠤᠯᠠᠨ ᠪᠥᠵᠢᠮᠡᠷ ᠰᠠᠢᠬᠠᠨ ᠠᠭᠠᠯᠢᠨ ᠳ᠋ᠤ᠌ ᠴᠢᠨᠢ 
      ᠳᠤᠷᠠᠰᠤᠯ ᠬᠡᠯᠬᠢᠵᠦ ᠠᠮᠢᠳᠤᠷᠠᠯ ᠪᠢᠯᠬᠠᠳᠠᠭ ᠠ᠋  

            ᠦᠰᠦᠭ ᠬᠠᠳᠠᠭᠴᠢ᠄ ᠮᠣᠩᠭᠣᠯ ᠰᠣᠶᠣᠯ  
               ᠦᠰᠦᠭ ᠠᠮᠢᠯᠠᠭᠤᠯᠤᠭᠴᠢ᠄ ᠪᠣᠷᠵᠢᠭᠢᠨ·ᠰᠡᠴᠡᠨᠬᠦᠦ  
               ᠬᠢᠨᠠᠭᠴᠢ᠄  ᠣᠳᠬᠠᠨᠪᠠᠭᠠᠲᠤᠷ᠂ ᠰᠸᠷᠡᠩ