ᠵᠠᠭᠤᠨ ᠵᠠᠭᠤᠨ ᠵᠢᠯ ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ -ᠴᠢᠯᠠᠭᠤᠨᠪᠠᠲᠤЗуун зуун жил чамайгаа хайрламаар байна-Чулуунбат ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠭᠤᠨ ᠵᠠᠭᠤᠨ ᠵᠢᠯ ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ -ᠴᠢᠯᠠᠭᠤᠨᠪᠠᠲᠤЗуун зуун жил чамайгаа хайрламаар байна-Чулуунбат

ᠵᠠᠭᠤᠨ ᠵᠠᠭᠤᠨ ᠵᠢᠯ ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ -ᠴᠢᠯᠠᠭᠤᠨᠪᠠᠲᠤЗуун зуун жил чамайгаа хайрламаар байна-Чулуунбат

ᠠᠩᠭᠢᠯᠠᠯ:ᠳᠠᠭᠤᠤ ᠬᠥᠭᠵᠢᠮ
2026-03-24

253

ᠵᠠᠭᠤᠨ ᠵᠠᠭᠤᠨ ᠵᠢᠯ ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ


  ᠦᠭᠡ᠄ ᠰ ∙ ᠬᠡᠰᠢᠭᠰᠦ᠋ᠷᠦᠩ᠂ ᠴᠢᠯᠠᠭᠤᠨᠪᠠᠲᠤ 
  ᠠᠶ᠎ᠠ᠄ ᠴᠢᠯᠠᠭᠤᠨᠪᠠᠲᠤ 
  ᠳᠠᠭᠤᠴᠢᠨ᠄ ᠴᠢᠯᠠᠭᠤᠨᠪᠠᠲᠤ 

ᠠᠭᠤᠯᠵᠠᠭᠠᠳ ᠤᠴᠠᠷᠠᠭᠠᠳ ᠶᠠᠪᠤᠯ᠎ᠠ ᠴᠦ᠍ 
ᠤᠢᠳᠤᠭ᠎ᠠ ᠨᠢ ᠦᠭᠡᠢ ᠠᠮᠠᠷᠠᠭ ᠮᠢᠨᠢ 
ᠤᠷᠤᠭᠤᠳᠠᠵᠤ ᠥᠭᠰᠥᠵᠦ ᠶᠠᠪᠤᠯ᠎ᠠ ᠴᠦ᠍ 
ᠤᠷᠪᠠᠭ᠎ᠠ ᠨᠢ ᠦᠭᠡᠢ ᠬᠣᠩᠭᠣᠷ ᠮᠢᠨᠢ 

ᠪᠢᠳᠡ ᠬᠣᠶᠠᠷ ᠤ᠋ᠨ ᠵᠢᠷᠦᠬᠡᠨ ᠦ᠌ 
ᠪᠢᠴᠢᠭᠳᠡᠭᠰᠡᠨ ᠵᠢᠷᠤᠭᠠᠰᠤ ᠨᠢᠭᠡ ᠠ᠋ 
ᠪᠢᠯᠢᠭᠲᠦ ᠴᠢᠬᠢᠲᠦ ᠨᠡᠢᠯᠡᠵᠦ
ᠪᠢᠳᠡᠨ ᠢ᠋ ᠵᠡᠭᠦᠳᠦᠨ ᠳ᠋ᠦ᠍ ᠮᠢᠨᠢ ᠪᠦᠪᠡᠢᠯᠡᠨ᠎ᠡ

ᠤᠷᠤᠰᠬᠤ ᠮᠥᠷᠡᠨ ᠢ᠋ ᠰᠥᠷᠴᠦ ᠥᠭᠰᠥᠶ᠎ᠡ
ᠤᠷᠭᠤᠬᠤ ᠨᠠᠷᠠ ᠶ᠋ᠢ ᠤᠭᠲᠤᠵᠤ ᠲᠣᠰᠤᠶ᠎ᠠ
ᠤᠭᠲᠤᠬᠤ ᠵᠢᠷᠭᠠᠯ ᠢ᠋ ᠰᠡᠷᠡᠵᠦ ᠳᠠᠭᠠᠶ᠎ᠠ ᠬᠣᠶᠠᠭᠤᠯᠠ ᠪᠠᠨ
ᠤᠴᠠᠷᠠᠬᠤ ᠵᠣᠪᠠᠯᠠᠩ ᠢ᠋ ᠲᠡᠰᠴᠦ ᠳᠠᠪᠠᠶ᠎ᠠ ᠬᠣᠶᠠᠭᠤᠯᠠ ᠪᠠᠨ

ᠵᠠᠭᠤᠨ ᠵᠠᠭᠤᠨ ᠵᠢᠯ ᠪᠢ
ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ
ᠵᠠᠭᠤᠨ ᠵᠠᠭᠤᠨ ᠵᠢᠯ ᠵᠥᠪᠬᠡᠨ
ᠴᠢᠮ᠎ᠠ ᠪᠠᠷ ᠢ᠋ᠶ᠋ᠠᠨ ᠬᠠᠢᠷᠠᠯᠠᠭᠤᠯᠤᠮᠠᠷ ᠪᠠᠢᠨ᠎ᠠ

ᠮᠢᠩᠭ᠎ᠠ ᠮᠢᠩᠭᠠᠨ ᠵᠢᠯ ᠭᠠᠭᠴᠠᠬᠠᠨ
ᠴᠢᠮ᠎ᠠ ᠶ᠋ᠢ ᠡᠩᠬᠦᠷᠡᠢᠯᠡᠮᠡᠷ ᠪᠠᠢᠨ᠎ᠠ
ᠮᠢᠩᠭ᠎ᠠ ᠮᠢᠩᠭᠠᠨ ᠵᠢᠯ ᠣᠳᠣᠳ ᠤ᠋ᠨ ᠳᠣᠣᠷ᠎ᠠ ᠪᠢ
ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ

ᠬᠠᠢᠷᠠᠯᠠᠮᠠᠷ ᠪᠠᠢᠨ᠎ᠠ
ᠬᠠᠢᠷᠠᠯᠠᠭᠤᠯᠤᠮᠠᠷ ᠡᠩᠬᠦᠷᠡᠢᠯᠡᠮᠡᠷ
ᠬᠠᠢᠷᠠᠯᠠᠮᠠᠷ ᠪᠠᠢᠨ᠎ᠠ

ᠬᠠᠢᠷᠠᠯᠠᠭᠠᠳ ᠬᠠᠨᠢᠰᠠᠭᠠᠳ ᠶᠠᠪᠤᠯ᠎ᠠ ᠴᠦ᠍
ᠬᠠᠭᠤᠴᠢᠷᠠᠭ᠎ᠠ ᠨᠢ ᠦᠭᠡᠢ ᠠᠮᠠᠷᠠᠭ ᠮᠢᠨᠢ
ᠬᠠᠵᠠᠢᠵᠤ ᠬᠠᠯᠲᠤᠷᠢᠵᠤ ᠶᠠᠪᠤᠯ᠎ᠠ ᠴᠦ᠍
ᠬᠠᠭᠠᠴᠠᠭ᠎ᠠ ᠨᠢ ᠦᠭᠡᠢ ᠬᠣᠩᠭᠣᠷ ᠮᠢᠨᠢ

ᠪᠢᠳᠡ ᠬᠣᠶᠠᠷ ᠤ᠋ᠨ ᠵᠢᠷᠦᠬᠡᠨ ᠦ᠌
ᠪᠢᠴᠢᠭᠳᠡᠭᠰᠡᠨ ᠵᠢᠷᠤᠭᠠᠰᠤ ᠨᠢᠭᠡ ᠠ᠋
ᠪᠢᠯᠢᠭᠲᠦ ᠴᠢᠬᠢᠲᠦ ᠨᠡᠢᠯᠡᠵᠦ
ᠪᠢᠳᠡᠨ ᠢ᠋ ᠵᠡᠭᠦᠳᠦᠨ ᠳ᠋ᠦ᠍ ᠮᠢᠨᠢ ᠪᠦᠪᠡᠢᠯᠡᠨ᠎ᠡ

ᠤᠷᠤᠰᠬᠤ ᠮᠥᠷᠡᠨ ᠢ᠋ ᠰᠥᠷᠴᠦ ᠥᠭᠰᠥᠶ᠎ᠡ
ᠤᠷᠭᠤᠬᠤ ᠨᠠᠷᠠ ᠶ᠋ᠢ ᠤᠭᠲᠤᠵᠤ ᠲᠤᠰᠤᠶ᠎ᠠ
ᠤᠭᠲᠤᠬᠤ ᠵᠢᠷᠭᠠᠯ ᠢ᠋ ᠰᠡᠷᠡᠵᠦ ᠳᠠᠭᠠᠶ᠎ᠠ ᠬᠣᠶᠠᠭᠤᠯᠠ ᠪᠠᠨ
ᠤᠴᠠᠷᠠᠬᠤ ᠵᠣᠪᠠᠯᠠᠩ ᠢ᠋ ᠲᠡᠰᠴᠦ ᠳᠠᠪᠠᠶ᠎ᠠ ᠬᠣᠶᠠᠭᠤᠯᠠ ᠪᠠᠨ

ᠵᠠᠭᠤᠨ ᠵᠠᠭᠤᠨ ᠵᠢᠯ ᠪᠢ
ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ
ᠵᠠᠭᠤᠨ ᠵᠠᠭᠤᠨ ᠵᠢᠯ ᠵᠥᠪᠬᠡᠨ
ᠴᠢᠮ᠎ᠠ ᠪᠠᠷ ᠢ᠋ᠶ᠋ᠠᠨ ᠬᠠᠢᠷᠠᠯᠠᠭᠤᠯᠤᠮᠠᠷ ᠪᠠᠢᠨ᠎ᠠ

ᠮᠢᠩᠭ᠎ᠠ ᠮᠢᠩᠭᠠᠨ ᠵᠢᠯ ᠭᠠᠭᠴᠠᠬᠠᠨ
ᠴᠢᠮ᠎ᠠ ᠶ᠋ᠢ ᠡᠩᠬᠦᠷᠡᠢᠯᠡᠮᠡᠷ ᠪᠠᠢᠨ᠎ᠠ
ᠮᠢᠩᠭ᠎ᠠ ᠮᠢᠩᠭᠠᠨ ᠵᠢᠯ ᠣᠳᠣᠳ ᠤ᠋ᠨ ᠳᠣᠣᠷ᠎ᠠ ᠪᠢ
ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ

ᠵᠠᠭᠤᠨ ᠵᠠᠭᠤᠨ ᠵᠢᠯ ᠪᠢ
ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ
ᠵᠠᠭᠤᠨ ᠵᠠᠭᠤᠨ ᠵᠢᠯ ᠵᠥᠪᠬᠡᠨ
ᠴᠢᠮ᠎ᠠ ᠪᠠᠷ ᠢ᠋ᠶ᠋ᠠᠨ ᠬᠠᠢᠷᠠᠯᠠᠭᠤᠯᠤᠮᠠᠷ ᠪᠠᠢᠨ᠎ᠠ

ᠮᠢᠩᠭ᠎ᠠ ᠮᠢᠩᠭᠠᠨ ᠵᠢᠯ ᠭᠠᠭᠴᠠᠬᠠᠨ
ᠴᠢᠮ᠎ᠠ ᠶ᠋ᠢ ᠡᠩᠬᠦᠷᠡᠢᠯᠡᠮᠡᠷ ᠪᠠᠢᠨ᠎ᠠ
ᠮᠢᠩᠭ᠎ᠠ ᠮᠢᠩᠭᠠᠨ ᠵᠢᠯ ᠣᠳᠣᠳ ᠤ᠋ᠨ ᠳᠣᠣᠷ᠎ᠠ ᠪᠢ
ᠴᠢᠮ᠎ᠠ ᠶ᠋ᠢ ᠪᠡᠨ ᠬᠠᠢᠷᠠᠯᠠᠮᠠᠷ ᠪᠠᠢᠨ᠎ᠠ

ᠬᠠᠢᠷᠠᠯᠠᠮᠠᠷ ᠪᠠᠢᠨ᠎ᠠ
ᠬᠠᠢᠷᠠᠯᠠᠭᠤᠯᠤᠮᠠᠷ ᠡᠩᠬᠦᠷᠡᠢᠯᠡᠮᠡᠷ
ᠬᠠᠢᠷᠠᠯᠠᠮᠠᠷ ᠪᠠᠢᠨ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ