ᠰᠡᠩᠰᠡᠨ ᠮᠠᠨᠠᠨ -ᠪᠦᠷᠢᠨ᠎ᠡ Sensen manan-BürneeСэнсэн манан-Бүрнээ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠩᠰᠡᠨ ᠮᠠᠨᠠᠨ -ᠪᠦᠷᠢᠨ᠎ᠡ Sensen manan-BürneeСэнсэн манан-Бүрнээ

ᠰᠡᠩᠰᠡᠨ ᠮᠠᠨᠠᠨ -ᠪᠦᠷᠢᠨ᠎ᠡ Sensen manan-BürneeСэнсэн манан-Бүрнээ

2026-03-23

291

ᠰᠡᠩᠰᠡᠨ ᠮᠠᠨᠠᠨ


       ᠣᠷᠳᠣᠰ ᠠᠷᠠᠳ ᠤ᠋ᠨ ᠳᠠᠭᠤᠤ 
          ᠳᠠᠭᠤᠴᠢᠨ᠄ ᠪᠦᠷᠢᠨ᠎ᠡ 

ᠰᠡᠩᠰᠡᠨ ᠮᠠᠨᠠᠨ ᠲᠠᠲᠠᠯ᠎ᠠ ᠳ᠋ᠣᠣ 
ᠰᠡᠷᠢᠭᠦᠨ ᠴᠠᠭ ᠤ᠋ᠨ ᠤᠨᠢᠶᠠᠷ ᠪᠠᠢᠨ᠎ᠠ 
ᠰᠠᠨᠠᠩ ᠦᠶᠡᠰ ᠢ᠋ᠶ᠋ᠡᠨ ᠪᠣᠳᠣᠪᠠᠯ 
ᠰᠡᠳᠬᠢᠯ ᠮᠢᠨᠢ ᠤᠶᠠᠷᠠᠳᠠᠭ ᠶᠤᠮ ᠳ᠋ᠣᠣ 

ᠬᠡᠰᠡᠭ ᠬᠡᠰᠡᠭ ᠡᠭᠦᠯᠡᠨ ᠡᠴᠡ 
ᠬᠡᠰᠡᠭ ᠪᠣᠷᠣᠭᠠᠨ ᠱᠠᠭᠢᠨ᠎ᠠ 
ᠬᠡᠰᠡᠭ ᠦᠶ᠎ᠡ ᠳ᠋ᠡᠭᠡᠨ ᠪᠣᠳᠣᠪᠠᠯ 
ᠭᠡᠷ ᠲᠡᠭᠡᠨ ᠰᠠᠭᠤᠬᠤ ᠳᠤᠷ᠎ᠠ ᠦᠭᠡᠢ 

ᠠᠷᠤ ᠶ᠋ᠢᠨ ᠴᠠᠭᠠᠨ ᠳᠡᠷᠡᠰᠦᠨ ᠳ᠋ᠦ᠍
ᠠᠷᠭᠠᠯ ᠢ᠋ᠶ᠋ᠠᠨ ᠲᠡᠭᠦᠵᠦ ᠶᠠᠪᠤᠯ᠎ᠠ ᠳ᠋ᠣᠣ
ᠠᠯᠤᠰ ᠭᠠᠵᠠᠷ ᠶᠠᠪᠤᠬᠤᠢ ᠳ᠋ᠤ᠌
ᠠᠪᠤ ᠮᠢᠨᠢ ᠰᠠᠢᠨ ᠰᠠᠭᠠᠳᠠ

ᠡᠩᠭᠡᠷ ᠲᠠᠯ᠎ᠠ ᠶ᠋ᠢᠨ ᠰᠢᠯᠢ ᠳ᠋ᠦ᠍
ᠢᠰᠢᠭᠡ ᠪᠡᠨ ᠬᠠᠷᠢᠭᠤᠯᠵᠤ ᠶᠠᠪᠤᠯ᠎ᠠ ᠳ᠋ᠣᠣ
ᠡᠨᠡ ᠯᠡ ᠭᠠᠵᠠᠷ ᠶᠠᠪᠤᠬᠤᠢ ᠳ᠋ᠤ᠌
ᠡᠵᠢ ᠮᠢᠨᠢ ᠰᠠᠢᠨ ᠰᠠᠭᠤᠭᠠᠷᠠᠢ
ᠡᠵᠢ ᠮᠢᠨᠢ ᠰᠠᠢᠨ ᠰᠠᠭᠠᠳᠠᠭᠠᠷᠠᠢ

    ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
    ᠦᠰᠦᠭ ᠬᠠᠳᠠᠭᠴᠢ᠄ ᠪᠠᠢ᠂ ᠰᠠᠷᠠᠨ᠎ᠠ
    ᠬᠢᠨᠠᠭᠴᠢ᠄ ᠣᠳᠬᠠᠨᠰᠤ᠎ᠠ