ᠠᠨᠳᠠᠭᠠᠢ- ᠬᠡᠰᠢᠭ ᠫᠷᠣᠳᠢᠶᠠᠺᠰᠨ Andgai - Khishig productionАндгай- Хишиг продакшн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠨᠳᠠᠭᠠᠢ- ᠬᠡᠰᠢᠭ ᠫᠷᠣᠳᠢᠶᠠᠺᠰᠨ Andgai - Khishig productionАндгай- Хишиг продакшн

ᠠᠨᠳᠠᠭᠠᠢ- ᠬᠡᠰᠢᠭ ᠫᠷᠣᠳᠢᠶᠠᠺᠰᠨ Andgai - Khishig productionАндгай- Хишиг продакшн

ᠠᠩᠭᠢᠯᠠᠯ:ᠳᠠᠭᠤᠤ ᠬᠥᠭᠵᠢᠮ
2026-03-23

214

ᠠᠨᠳᠠᠭᠠᠢ


     ᠦᠭᠡ᠄ ᠠᠯᠲᠠᠨᠬᠤᠶᠠᠭ   
     ᠠᠶ᠎ᠠ᠄ ᠪ • ᠰᠠᠴᠤᠷᠠᠯ  
     ᠳᠠᠭᠤᠴᠢᠨ᠄ ᠬᠡᠰᠢᠭ ᠫᠷᠤᠳᠢᠶᠠᠺᠰᠠ ᠨᠠᠷ   

ᠰᠢᠯᠢ ᠶ᠋ᠢᠨ ᠪᠣᠭᠳᠠ ᠶ᠋ᠢᠨ ᠣᠷᠣᠢ ᠳ᠋ᠤ᠌ ᠡᠷ᠎ᠡ ᠶ᠋ᠢᠨ ᠲᠠᠩᠭᠠᠷᠢᠭ ᠡᠷᠭᠦᠵᠦ 
ᠰᠢᠨ᠎ᠡ ᠮᠠᠨᠳᠤᠬᠤ ᠨᠠᠷᠠ ᠶ᠋ᠢ ᠳᠡᠷᠭᠡᠳᠡ ᠡᠴᠡ ᠨᠢ ᠠᠵᠢᠬᠤ ᠰᠠᠨ 
ᠴᠡᠴᠡᠭ ᠦ᠋ᠨ ᠵᠠᠮ ᠲᠠᠢ ᠲᠠᠯ᠎ᠠ ᠪᠠᠷ ᠤᠷᠲᠤ ᠶ᠋ᠢᠨ ᠳᠠᠭᠤᠤ ᠰᠢᠭ᠋ ᠤᠶᠠᠩᠭᠠᠯᠠᠵᠤ 
ᠴᠡᠪᠡᠷᠬᠡᠨ ᠬᠣᠩᠭᠣᠷ ᠪᠦᠰᠡᠭᠦᠢ ᠳ᠋ᠦ᠍ ᠨᠢ ᠳᠤᠷᠠᠯᠠᠬᠤ ᠰᠠᠨ᠃ 

ᠳᠣᠷᠣᠢ ᠪᠠᠨᠳᠢ ᠶ᠋ᠢᠨ ᠨᠤᠲᠤᠭ ᠢ᠋ᠶ᠋ᠠᠷ ᠮᠣᠷᠢᠨ ᠳᠡᠯ ᠳᠡᠭᠡᠷ᠎ᠡ ᠲᠠᠷᠴᠤᠭᠯᠠᠵᠤ 
ᠲᠣᠭ᠎ᠠ ᠵᠠᠰᠠᠭ ᠤ᠋ᠨ ᠣᠮᠣᠭ ᠢ᠋ ᠢᠰᠬᠡᠷᠬᠦ ᠰᠠᠨ 
ᠡᠭᠦᠯᠡᠨ ᠬᠡ ᠲᠡᠢ ᠲᠩᠷᠢ ᠳ᠋ᠦ᠍ ᠬᠤᠨ ᠤ᠋ ᠥᠳᠥ ᠰᠢᠭ ᠬᠥᠭᠡᠷᠴᠦ
ᠦᠵᠡᠮᠵᠢᠲᠦ ᠲᠡᠭᠦᠯᠳᠡᠷ ᠪᠦᠰᠡᠭᠦᠢ ᠳ᠋ᠦ᠍ ᠨᠢ ᠳᠤᠷᠠᠯᠠᠬᠤ ᠰᠠᠨ᠃

ᠤᠰᠤ ᠨᠠᠭᠤᠷ ᠤ᠋ᠨ ᠮᠠᠨᠳᠠᠯ ᠳ᠋ᠤ᠌ ᠮᠥᠩᠬᠡ ᠲᠩᠷᠢ ᠬᠥᠭᠡᠷᠴᠦ ᠴᠡᠩᠬᠡᠷᠲᠦᠨ᠎ᠡ
ᠠᠭᠤᠯᠠ ᠠᠭᠤᠢ ᠶ᠋ᠢᠨ ᠠᠮᠠ ᠨᠢ ᠡᠬᠡ ᠣᠷᠣᠨ ᠢ᠋ᠶ᠋ᠠᠨ ᠲᠡᠪᠡᠷᠢᠵᠦ ᠡᠩᠬᠦᠷᠡᠢᠯᠡᠨ᠎ᠡ
ᠴᠢᠨᠦᠨ ᠰᠦᠯᠳᠡ ᠰᠠᠯᠬᠢᠨ ᠤ᠋ ᠮᠣᠷᠢᠳ ᠡᠷ᠎ᠡ ᠶ᠋ᠢᠨ ᠬᠡᠢᠮᠣᠷᠢ ᠳᠠᠯᠠᠯᠤᠨ᠎ᠠ
ᠴᠣᠭ ᠲᠠᠢ ᠭᠠᠯ ᠦᠦᠷ ᠦ᠋ᠨ ᠭᠡᠭᠡ ᠰᠠᠢᠨ ᠡᠷᠡᠰ ᠦ᠋ᠨ ᠲᠠᠩᠭᠠᠷᠢᠭ ᠢ᠋ ᠰᠠᠨᠠᠭᠤᠯᠤᠨ᠎ᠠ᠃

ᠤᠶᠠᠩᠭᠠᠯᠠᠯ一
ᠡᠬᠡ ᠣᠷᠣᠨ ᠢ᠋ᠶ᠋ᠠᠨ ᠠᠮᠢᠰᠬᠤᠯᠯᠠᠬᠤ ᠲᠡᠳᠦᠢ ᠳ᠋ᠦ᠍ ᠪᠦᠬᠦ ᠪᠡᠶ᠎ᠡ ᠪᠡᠷ ᠮᠢᠨᠢ ᠨᠡᠪᠴᠢᠳᠡᠭ
ᠮᠢᠨᠦ ᠣᠷᠣᠰᠢᠬᠤ ᠴᠣᠷ ᠭᠠᠭᠴᠠ ᠰᠢᠯᠲᠠᠭᠠᠨ ᠭᠡᠵᠦ ᠳᠡᠭᠡᠳᠦᠯᠡᠳᠡᠭ
ᠠᠮᠤᠷ ᠠᠮᠤᠭᠤᠯᠠᠩ ᠣᠷᠣᠰᠢᠬᠤ ᠳ᠋ᠧᠪᠠᠵᠠᠨ ᠭᠡᠵᠦ ᠬᠠᠢᠷᠠᠯᠠᠳᠠᠭ
ᠠᠮᠠᠨ ᠤ᠋ ᠪᠡᠯᠭᠡ ᠲᠡᠢ ᠮᠣᠩᠭᠣᠯ ᠬᠥᠮᠦᠨ ᠦ᠌ ᠵᠢᠷᠭᠠᠯ ᠤ᠋ᠨ ᠥᠯᠥᠭᠡᠢ ᠭᠡᠵᠦ ᠡᠬᠡ ᠣᠷᠣᠨ ᠢ᠋ᠶ᠋ᠠᠨ ᠪᠠᠬᠠᠷᠬᠠᠳᠠᠭ᠃

ᠠᠯᠲᠠᠨ ᠳ᠋ᠠᠷ᠎ᠠ ᠶ᠋ᠢᠨ ᠭᠠᠨᠵᠢᠷ᠎ᠠ ᠶ᠋ᠢ ᠠᠨᠳᠠ ᠶ᠋ᠢᠨ ᠪᠦᠰᠡ ᠰᠢᠭ ᠲᠣᠭᠣᠷᠢᠵᠤ
ᠠᠩᠭᠢ ᠶ᠋ᠢᠨ ᠲᠩᠷᠢ ᠳ᠋ᠦ᠍ ᠨᠥᠬᠥᠳ ᠦ᠋ᠨ ᠴᠡᠴᠡ ᠶ᠋ᠢ ᠰᠢᠯᠭᠠᠬᠤ ᠰᠠᠨ
ᠠᠳᠤᠭᠤᠨ ᠤ᠋ ᠲᠠᠷ ᠲᠠᠢ ᠬᠥᠨᠳᠡᠢ ᠳ᠋ᠦ᠍ ᠬᠤᠯᠠᠨ ᠤ᠋ ᠲᠣᠭᠣᠰᠣ ᠰᠢᠭ᠋ ᠳᠡᠭᠳᠡᠵᠦ
ᠠᠮᠠᠷᠠᠭ ᠬᠣᠩᠭᠣᠷ ᠪᠦᠰᠡᠭᠦᠢ ᠳ᠋ᠦ᠍ ᠨᠢ ᠳᠤᠷᠠᠯᠠᠬᠤ ᠰᠠᠨ᠃

ᠭᠠᠩᠭ᠎ᠠ ᠨᠠᠭᠤᠷ ᠤ᠋ᠨ ᠳᠣᠯᠢᠶᠠᠨ ᠳ᠋ᠤ᠌ ᠠᠩᠭᠢᠷ ᠤ᠋ᠨ ᠬᠣᠣᠰ ᠰᠢᠭ᠋ ᠲᠣᠷᠨᠢᠵᠤ
ᠭᠠᠯ ᠲᠠᠢ ᠭᠡᠲᠡᠨ᠎ᠡ ᠴᠠᠬᠢᠬᠤ ᠣᠴᠢ ᠰᠢᠭ᠋ ᠠᠰᠠᠬᠤ ᠰᠠᠨ
ᠭᠠᠯᠪᠠ ᠶ᠋ᠢᠨ ᠰᠣᠷᠪᠢ ᠲᠠᠢ ᠲᠤᠯᠤᠭᠠᠳ ᠲᠤ᠌ ᠵᠡᠭᠡᠷ᠎ᠡ ᠶ᠋ᠢᠨ ᠰᠦᠷᠦᠭ ᠰᠢᠭ ᠴᠠᠬᠢᠯᠠᠵᠤ
ᠭᠣᠶᠣᠬᠠᠨ ᠬᠡᠭᠡᠨᠴᠢᠷ ᠪᠦᠰᠡᠭᠦᠢ ᠳ᠋ᠦ᠍ ᠨᠢ ᠳᠤᠷᠠᠯᠠᠬᠤ ᠰᠠᠨ᠃

ᠤᠰᠤ ᠨᠠᠭᠤᠷ ᠤ᠋ᠨ ᠮᠠᠨᠳᠠᠯ ᠳ᠋ᠤ᠌ ᠮᠥᠩᠬᠡ ᠲᠡᠭᠷᠢ ᠬᠥᠭᠡᠷᠴᠦ ᠴᠡᠩᠬᠡᠷᠲᠦᠨ᠎ᠡ
ᠠᠭᠤᠯᠠ ᠠᠭᠤᠢ ᠶ᠋ᠢᠨ ᠠᠮᠠ ᠨᠢ ᠡᠬᠡ ᠣᠷᠣᠨ ᠢ᠋ᠶ᠋ᠠᠨ ᠲᠡᠪᠡᠷᠢᠵᠦ ᠡᠩᠬᠦᠷᠡᠢᠯᠡᠨ᠎ᠡ
ᠴᠢᠨᠦᠨ ᠰᠦᠯᠳᠡ ᠰᠠᠯᠬᠢᠨ ᠤ᠋ ᠮᠣᠷᠢᠳ ᠡᠷ᠎ᠡ ᠶ᠋ᠢᠨ ᠬᠡᠢᠮᠣᠷᠢ ᠳᠠᠯᠠᠯᠤᠨ᠎ᠠ
ᠴᠣᠭ ᠲᠠᠢ ᠭᠠᠯ ᠦᠦᠷ ᠦ᠋ᠨ ᠭᠡᠭᠡ ᠰᠠᠢᠨ ᠡᠷᠡᠰ ᠦ᠋ᠨ ᠲᠠᠩᠭᠠᠷᠢᠭ ᠢ᠋ ᠰᠠᠨᠠᠭᠤᠯᠤᠨ᠎ᠠ᠃
ᠤᠰᠤ ᠨᠠᠭᠤᠷ ᠤ᠋ᠨ ᠮᠠᠨᠳᠠᠯ ᠳ᠋ᠤ᠌ ᠮᠥᠩᠬᠡ ᠲᠡᠭᠷᠢ ᠬᠥᠭᠡᠷᠴᠦ ᠴᠡᠩᠬᠡᠷᠲᠦᠨ᠎ᠡ
ᠠᠭᠤᠯᠠ ᠠᠭᠤᠢ ᠶ᠋ᠢᠨ ᠠᠮᠠ ᠨᠢ ᠡᠬᠡ ᠣᠷᠣᠨ ᠢ᠋ᠶ᠋ᠠᠨ ᠲᠡᠪᠡᠷᠢᠵᠦ ᠡᠩᠬᠦᠷᠡᠢᠯᠡᠨ᠎ᠡ
ᠴᠢᠨᠦᠨ ᠰᠦᠯᠳᠡ ᠰᠠᠯᠬᠢᠨ ᠤ᠋ ᠮᠣᠷᠢᠳ ᠡᠷ᠎ᠡ ᠶ᠋ᠢᠨ ᠬᠡᠢᠮᠣᠷᠢ ᠳᠠᠯᠠᠯᠤᠨ᠎ᠠ
ᠴᠣᠭ ᠲᠠᠢ ᠭᠠᠯ ᠦᠦᠷ ᠦ᠋ᠨ ᠭᠡᠭᠡ ᠰᠠᠢᠨ ᠡᠷᠡᠰ ᠦ᠋ᠨ ᠲᠠᠩᠭᠠᠷᠢᠭ ᠢ᠋ ᠰᠠᠨᠠᠭᠤᠯᠤᠨ᠎ᠠ᠃
ᠰᠠᠢᠨ ᠡᠷᠡᠰ ᠦ᠋ᠨ ᠲᠠᠩᠭᠠᠷᠢᠭ ᠢ᠋ ᠰᠠᠨᠠᠭᠤᠯᠤᠨ᠎ᠠ᠃

    ᠦᠰᠦᠭ ᠬᠠᠳᠠᠭᠴᠢ᠄ ᠵᠢᠷᠠᠨᠲᠠᠢ
    ᠦᠰᠦᠭ ᠠᠮᠢᠯᠠᠭᠤᠯᠤᠭᠴᠢ᠄ ᠤᠤᠭᠠᠨᠵᠢᠳ
    ᠬᠢᠨᠠᠭᠴᠢ᠄ ᠮᠡᠷᠭᠡᠨᠪᠢᠯᠢᠭ