ᠠᠪᠤ ᠳ᠋ᠠᠭᠠᠨ - ᠦᠭᠡ᠄ ᠰᠠᠩᠬᠦᠦ ᠂ ᠠᠶ᠎ᠠ᠄ ᠰᠤᠭᠠᠷᠠ᠂ ᠲᠠᠭᠤᠴᠢᠨ᠄ ᠮᠦᠩᠭᠦᠨ Аавдаа - үг᠄ Санхүү ᠂ ая᠄ Сугар᠂ дуучин᠄ Мөнгөн9>
ᠠᠪᠤ ᠳ᠋ᠠᠭᠠᠨ
ᠦᠭᠡ᠄ ᠰᠠᠩᠬᠦᠦ
ᠠᠶ᠎ᠠ᠄ ᠰᠤᠭᠠᠷᠠ
ᠳᠠᠭᠤᠴᠢᠨ᠄ ᠮᠥᠩᠭᠥᠨ
ᠰᠦᠮᠡᠢᠨ ᠰᠦᠮᠡᠢᠨ ᠠᠯᠤᠰ ᠲᠡᠷᠲᠡᠭᠡ ᠳ᠋ᠦ᠍
ᠰᠦᠷᠦᠭ ᠢ᠋ᠶ᠋ᠡᠨ ᠬᠠᠷᠢᠭᠤᠯᠵᠤ ᠶᠠᠪᠤᠭ᠎ᠠ ᠳᠠ
ᠪᠠᠶᠠᠨ ᠳᠠᠯᠠᠢ ᠶ᠋ᠢᠨ ᠤᠰᠤ ᠰᠢᠭ᠋
ᠪᠢᠯᠬᠠᠮ᠎ᠠ ᠰᠡᠳᠬᠢᠯᠲᠦ ᠠᠪᠤ ᠮᠢᠨᠢ
ᠰᠤᠷᠠᠭ ᠴᠢᠮᠡᠭᠡ ᠴᠢᠩᠨᠠᠨ
ᠬᠦᠦ ᠪᠡᠨ ᠬᠦᠯᠢᠶᠡᠨ ᠪᠠᠢᠭ᠎ᠠ ᠳᠠ
ᠬᠤᠨ ᠤ᠋ ᠰᠦᠷᠦᠭ ᠬᠤᠷᠠᠨ ᠴᠤᠭᠯᠠᠷᠠᠭᠰᠠᠨ
ᠬᠤᠯᠤᠰᠤᠲᠤ ᠨᠠᠭᠤᠷ ᠤ᠋ᠨ ᠡᠷᠭᠢ
ᠵᠣᠭᠰᠣᠭ᠎ᠠ ᠵᠠᠢ ᠦᠭᠡᠢ ᠪᠣᠳᠣᠭᠳᠠᠭᠰᠠᠨ
ᠥᠯᠥᠭᠡᠢ ᠲᠡᠨᠢᠭᠦᠨ ᠭᠠᠵᠠᠷ ᠠ᠋
ᠵᠢᠷᠣᠭ᠎ᠠ ᠬᠠᠯᠢᠭᠤᠨ ᠮᠣᠷᠢ ᠪᠠᠨ ᠤᠨᠤᠭᠰᠠᠨ
ᠡᠪᠦᠭᠡᠨ ᠠᠪᠤ ᠮᠢᠨᠢ ᠶ᠋ᠢᠨ ᠨᠤᠲᠤᠭ ᠳᠠ
ᠬᠠᠨ ᠲᠠᠢᠰᠢᠷᠢ ᠶ᠋ᠢᠨ ᠣᠷᠣᠢ ᠪᠠᠷ
ᠬᠠᠷᠢ ᠶ᠋ᠢᠨ ᠰᠢᠪᠠᠭᠤᠳ ᠪᠤᠴᠠᠯ᠎ᠠ ᠳᠠ
ᠬᠠᠢᠷᠠᠲᠠᠢ ᠪᠤᠭᠤᠷᠤᠯ ᠠᠪᠤ ᠳ᠋ᠠᠭᠠᠨ
ᠬᠠᠷᠢᠵᠤ ᠣᠴᠢᠭᠠᠳ ᠵᠣᠯᠭᠠᠨ᠎ᠠ ᠳᠠ
ᠬᠠᠢᠷᠠᠲᠠᠢ ᠪᠤᠭᠤᠷᠤᠯ ᠠᠪᠤ ᠮᠢᠨᠢ
ᠬᠦᠦ ᠪᠡᠨ ᠬᠦᠯᠢᠶᠡᠨ ᠰᠠᠭᠤᠭ᠎ᠠ ᠳᠠ
ᠬᠠᠢᠷᠠᠲᠠᠢ ᠪᠤᠭᠤᠷᠤᠯ ᠠᠪᠤ ᠳ᠋ᠠᠭᠠᠨ
ᠬᠠᠷᠢᠵᠤ ᠣᠴᠢᠭᠠᠳ ᠵᠣᠯᠭᠠᠨ᠎ᠠ ᠳᠠ
ᠬᠠᠢᠷᠠᠲᠠᠢ ᠪᠤᠭᠤᠷᠤᠯ ᠠᠪᠤ ᠮᠢᠨᠢ
ᠬᠦᠦ ᠪᠡᠨ ᠬᠦᠯᠢᠶᠡᠨ ᠰᠠᠭᠤᠭ᠎ᠠ ᠳᠠ
ᠦᠰᠦᠭ ᠬᠠᠲᠠᠭᠴᠢ᠄ ᠡᠷᠳᠡᠮᠲᠦ
ᠦᠰᠦᠭ ᠠᠮᠢᠯᠠᠭᠤᠯᠤᠭᠴᠢ᠄ ᠡᠷᠳᠡᠮᠲᠦ
ᠬᠢᠨᠠᠭᠴᠢ᠄ ᠪᠤᠤ ᠰᠠᠷᠠᠨ᠎ᠠ᠂ ᠪᠠᠭᠠᠨ᠎ᠠ
