ᠬᠠᠳᠠᠲᠤ ᠬᠤᠸᠠ- ᠪᠣᠯᠣᠳᠪᠠᠭᠠᠲᠤᠷ Khadat ukhaa-BoldbaatarХадат ухаа-Болдбаатар
ᠬᠠᠳᠠᠲᠤ ᠬᠤᠸᠠ
ᠮᠣᠩᠭᠣᠯ ᠠᠷᠠᠳ ᠤ᠋ᠨ ᠳᠠᠭᠤᠤ
ᠳᠠᠭᠤᠴᠢᠨ᠄ ᠪᠣᠯᠣᠳᠪᠠᠭᠠᠲᠤᠷ
ᠬᠠᠳᠠᠲᠤ ᠬᠤᠸᠠ ᠶ᠋ᠢᠨ ᠣᠷᠣᠢ ᠪᠠᠷ
ᠬᠠᠢᠯᠠᠰᠤ ᠶᠠᠭᠤᠨ ᠳ᠋ᠤ᠌ ᠪᠠᠨ ᠤᠷᠭᠤᠭ᠎ᠠ ᠪᠣᠢ
ᠬᠠᠢᠷᠠᠲᠠᠢ ᠠᠮᠠᠷᠠᠭ ᠴᠢᠮ᠎ᠠ ᠲᠠᠢ ᠪᠠᠨ
ᠬᠠᠪᠤᠷ ᠤ᠋ᠨ ᠰᠠᠷ᠎ᠠ ᠳ᠋ᠤ᠌ ᠪᠠᠨ ᠠᠭᠤᠯᠵᠠᠨ᠎ᠠ ᠳᠠ
ᠨᠠᠪᠴᠢᠲᠤ ᠬᠤᠸᠠ ᠶ᠋ᠢᠨ ᠣᠷᠣᠢ ᠪᠠᠷ
ᠨᠠᠮᠢᠷᠠᠭ᠎ᠠ ᠪᠣᠷᠣᠭ᠎ᠠ ᠱᠠᠭᠢᠨ᠎ᠠ ᠳᠠ
ᠨᠠᠰᠤ ᠨᠢ ᠪᠠᠭ᠎ᠠ ᠴᠢᠮ᠎ᠠ ᠲᠠᠢ ᠪᠠᠨ
ᠨᠠᠮᠤᠷ ᠤ᠋ᠨ ᠰᠠᠷ᠎ᠠ ᠳ᠋ᠤ᠌ ᠪᠠᠨ ᠠᠭᠤᠯᠵᠠᠨ᠎ᠠ ᠳᠠ
ᠪᠦᠳᠦᠭᠦᠨ ᠮᠣᠳᠣᠨ ᠤ᠋ ᠮᠥᠴᠢᠷ ᠳᠡᠭᠡᠷ᠎ᠡ
ᠪᠦᠷᠭᠦᠳ ᠰᠠᠭᠤᠭᠠᠳ ᠰᠦᠮᠡᠢᠵᠦ ᠪᠠᠢᠨ᠎ᠠ
ᠪᠦᠷᠢᠨ ᠢᠲᠡᠭᠡᠯᠲᠦ ᠴᠢᠮ᠎ᠠ ᠲᠠᠢ ᠪᠠᠨ
ᠪᠦᠭᠦᠳᠡ ᠶ᠋ᠢ ᠵᠥᠪᠯᠡᠭᠡᠳ ᠶᠠᠷᠢᠮᠠᠷ ᠪᠠᠢᠨ᠎ᠠ
ᠦᠰᠦᠭ ᠠᠮᠢᠯᠠᠭᠤᠯᠤᠭᠴᠢ᠄ ᠮᠥᠩᠭᠥᠨ
ᠦᠰᠦᠭ ᠬᠠᠲᠠᠭᠴᠢ᠄ ᠮᠥᠩᠭᠥᠨ
ᠬᠢᠨᠠᠭᠴᠢ᠄ ᠣᠳᠬᠠᠨᠰᠣ᠎ᠠ
