ᠪᠢ ᠲᠠᠢᠪᠤᠰᠢᠷᠠᠯ᠎ᠠ -ᠴ· ᠴᠢᠯᠠᠭᠤᠨᠪᠠᠲᠤ᠂ ᠠᠷᠢᠭᠤᠨ᠎ᠠ Bi taivshirlaa-Ts·Chuluunbat,AriunaaБи тайвширлаа-Ц·Чулуунбат,Ариунаа
ᠪᠢ ᠲᠠᠢᠪᠤᠰᠢᠷᠠᠯ᠎ᠠ
ᠰᠢᠯᠦᠭ᠄ ᠰ· ᠭᠦᠷᠦᠪᠠᠽᠠᠷ
ᠬᠥᠭᠵᠢᠮ᠄ ᠴ· ᠴᠢᠯᠠᠭᠤᠨᠪᠠᠲᠤ
ᠳᠠᠭᠤᠴᠢᠨ᠄ ᠴ· ᠴᠢᠯᠠᠭᠤᠨᠪᠠᠲᠤ᠂ ᠠᠷᠢᠭᠤᠨ᠎ᠠ
ᠨᠠᠮᠤᠷ ᠤ᠋ᠨ ᠰᠢᠷᠭᠠᠯ ᠨᠠᠪᠴᠢᠨ ᠳᠡᠭᠡᠷ᠎ᠡ
ᠭᠠᠭᠴᠠ ᠰᠠᠨᠳᠠᠯᠢ ᠪᠠᠢᠬᠤ ᠶᠤᠮ᠂
ᠮᠢᠨᠦ ᠬᠠᠢᠷᠠᠲᠠᠢ ᠬᠠᠨᠢ ᠮᠢᠨᠢ ᠲᠡᠨᠳᠡ
ᠬᠥᠮᠦᠨ ᠦ᠌ ᠡᠪᠦᠷ ᠲᠦ᠍ ᠵᠢᠷᠭᠠᠬᠤ ᠶᠤᠮ᠃
ᠬᠠᠷᠠᠴᠠᠨ ᠳ᠋ᠤ᠌ ᠪᠠᠨ ᠨᠢᠴᠦᠭᠦᠷᠡᠵᠦ
ᠤᠷᠤᠭᠤᠯ ᠳ᠋ᠤ᠌ ᠪᠠᠨ ᠠᠪᠲᠠᠭᠠᠳ᠂
ᠰᠠᠯᠬᠤ ᠴᠤ᠌ ᠶᠠᠩᠵᠤ ᠦᠭᠡᠢ᠂ ᠪᠦᠷ
ᠰᠣᠨᠣᠰᠬᠤ ᠴᠤ᠌ ᠶᠠᠩᠵᠤ ᠦᠭᠡᠢ᠃
ᠬᠠᠷᠠᠬᠤ ᠦᠭᠡᠢ ᠨᠢ ᠠ᠋!
ᠲᠡᠷᠡ ᠬᠣᠶᠠᠷ ᠨᠠᠮ᠎ᠠ ᠶ᠋ᠢ ᠬᠠᠷᠠᠬᠤ ᠦᠭᠡᠢ
ᠨᠢᠭᠤᠷ ᠤ᠋ᠨ ᠳᠡᠭᠡᠷ᠎ᠡ ᠮᠢᠨᠢ ᠢᠨᠠᠭᠯᠠᠭᠠᠳ᠂
ᠨᠢᠳᠦᠨ ᠳᠡᠭᠡᠷ᠎ᠡ ᠮᠢᠨᠢ ᠦᠨᠦᠰᠦᠯᠴᠡᠨᠡ᠃
ᠨᠠᠮᠤᠷ ᠤ᠋ᠨ ᠰᠠᠷᠠᠯ ᠮᠠᠨᠠᠨ ᠳᠤᠮᠳᠠ
ᠡᠷᠬᠡᠯᠡᠨ ᠵᠣᠭᠰᠣᠬᠤ ᠶᠤᠮ·
ᠡᠩ ᠦᠭᠡᠢ ᠬᠠᠢᠷᠠᠲᠠᠢ ᠬᠠᠨᠢ ᠮᠢᠨᠢ ᠴᠢ᠂
ᠬᠡᠨ ᠲᠡᠢ ᠪᠠᠢᠬᠤ ᠨᠢ ᠡᠨᠡ ᠪᠣᠢ!
ᠵᠢᠷᠭᠠᠯ ᠳ᠋ᠤ᠌ ᠪᠠᠨ ᠠᠭᠤᠰᠤᠭᠠᠳ
ᠬᠦᠰᠡᠯ ᠳ᠋ᠦ᠍ ᠪᠡᠨ ᠮᠠᠩᠰᠢᠭᠤᠷᠠᠭᠠᠳ᠂
ᠪᠦᠷ ᠬᠠᠭᠠᠴᠠᠬᠤ ᠴᠦ᠍ ᠶᠠᠩᠵᠤ ᠦᠭᠡᠢ
ᠦᠨᠡᠨ ᠵᠢᠪᠡᠭᠦᠨ ᠪᠠᠢᠯ᠎ᠠ᠃
ᠰᠠᠯᠬᠤ ᠦᠭᠡᠢ ᠨᠢ ᠠ᠋᠂ ᠲᠡᠷᠡ ᠬᠣᠶᠠᠷ
ᠶᠡᠷᠦ ᠳ᠋ᠦ᠍ ᠪᠡᠨ ᠴᠦ᠍ ᠰᠠᠯᠬᠤ ᠦᠭᠡᠢ᠂
ᠨᠢᠭᠤᠷ ᠤ᠋ᠨ ᠳᠡᠭᠡᠷ᠎ᠡ ᠮᠢᠨᠢ ᠢᠨᠠᠭᠯᠠᠭᠠᠳ
ᠨᠢᠳᠦᠨ ᠳᠡᠭᠡᠷ᠎ᠡ ᠮᠢᠨᠢ ᠴᠢ!
ᠬᠠᠢᠷᠠᠯᠠᠵᠤ ᠳᠠᠰᠤᠭᠰᠠᠨ ᠬᠠᠨᠢ ᠮᠢᠨᠢ ᠴᠢ
ᠬᠠᠷᠠᠳᠠᠵᠤ ᠰᠡᠷᠢᠭᠰᠡᠨ ᠵᠡᠭᠦᠳᠦ ᠮᠢᠨᠢ ᠴᠢ
ᠦᠨᠦᠰᠴᠦ ᠠᠷᠭᠠᠳᠠᠭᠰᠠᠨ ᠬᠠᠨᠢ ᠮᠢᠨᠢ ᠴᠢ
ᠦᠷᠭᠦᠯᠵᠢ ᠬᠠᠷᠠᠮᠨᠠᠬᠤ ᠬᠠᠢᠷ᠎ᠠ ᠮᠢᠨᠢ ᠴᠢ
ᠵᠡᠭᠦᠳᠦ ᠮᠢᠨᠢ ᠪᠢ ᠲᠠᠢᠪᠤᠰᠢᠷᠠᠯ᠎ᠠ᠃
ᠬᠠᠴᠢᠨ ᠵᠡᠭᠦᠳᠦᠨ ᠡᠴᠡ ᠭᠣᠮᠣᠳᠠᠵᠤ ᠰᠡᠷᠢᠬᠦ ᠳ᠋ᠦ᠍
ᠬᠠᠨᠢ ᠮᠢᠨᠢ ᠳᠡᠷᠭᠡᠳᠡ ᠪᠠᠢᠬᠤ ᠶᠤᠮ᠂
ᠰᠢᠪᠡᠨᠡᠨ ᠬᠡᠯᠡᠬᠦ ᠤᠷᠤᠭᠤᠯ ᠨᠢ
ᠬᠥᠮᠦᠨ ᠦ᠌ ᠬᠢ ᠮᠡᠲᠦ ᠰᠠᠨᠠᠭᠳᠠᠯ᠎ᠠ᠃
ᠵᠡᠭᠦᠳᠦᠨ ᠳ᠋ᠦ᠍ ᠪᠡᠨ ᠦᠨᠡᠮᠰᠢᠵᠦ
ᠵᠢᠷᠦᠬᠡᠨ ᠳ᠋ᠦ᠍ ᠪᠡᠨ ᠳᠠᠪᠴᠢᠳᠠᠭᠠᠳ᠂
ᠲᠠᠢᠳᠬᠤᠷᠠᠬᠤ ᠴᠦ᠍ ᠶᠠᠩᠵᠤ ᠦᠭᠡᠢ
ᠲᠠᠢᠪᠤᠰᠢᠷᠠᠬᠤ ᠴᠦ᠍ ᠠᠷᠭ᠎ᠠ ᠦᠭᠡᠢ᠃
ᠮᠠᠷᠲᠠᠬᠤ ᠦᠭᠡᠢ ᠨᠢ ᠠ᠋!
ᠤᠷᠢᠳᠤ ᠰᠥᠨᠢ ᠶ᠋ᠢᠨ ᠵᠢᠪᠡᠭᠦᠨ ᠵᠡᠭᠦᠳᠦ ᠶ᠋ᠢ
ᠵᠢᠷᠦᠬᠡ ᠶ᠋ᠢ ᠮᠢᠨᠢ ᠵᠣᠪᠠᠭᠠᠭᠰᠠᠨ
ᠵᠡᠭᠦᠳᠦ ᠪᠠᠢᠭᠰᠠᠨ ᠨᠢ ᠶᠠᠭᠠᠬᠢᠮᠤᠢ᠃
ᠬᠠᠢᠷᠠᠯᠠᠵᠤ ᠳᠠᠰᠤᠭᠰᠠᠨ ᠬᠠᠨᠢ ᠮᠢᠨᠢ ᠴᠢ
ᠬᠠᠷᠠᠳᠠᠵᠤ ᠰᠡᠷᠢᠭᠰᠡᠨ ᠵᠡᠭᠦᠳᠦ ᠮᠢᠨᠢ ᠴᠢ
ᠦᠨᠦᠰᠴᠦ ᠠᠷᠭᠠᠳᠠᠭᠰᠠᠨ ᠬᠠᠨᠢ ᠮᠢᠨᠢ ᠴᠢ
ᠦᠷᠭᠦᠯᠵᠢ ᠬᠠᠷᠠᠮᠨᠠᠬᠤ ᠬᠠᠢᠷ᠎ᠠ ᠮᠢᠨᠢ ᠴᠢ
ᠵᠡᠭᠦᠳᠦ ᠮᠢᠨᠢ ᠪᠢ ᠲᠠᠢᠪᠤᠰᠢᠷᠠᠯ᠎ᠠ᠃
ᠬᠠᠢᠷᠠᠯᠠᠵᠤ ᠳᠠᠰᠤᠭᠰᠠᠨ ᠬᠠᠨᠢ ᠮᠢᠨᠢ ᠴᠢ
ᠬᠠᠷᠠᠳᠠᠵᠤ ᠰᠡᠷᠢᠭᠰᠡᠨ ᠵᠡᠭᠦᠳᠦ ᠮᠢᠨᠢ ᠴᠢ
ᠦᠨᠦᠰᠴᠦ ᠠᠷᠭᠠᠳᠠᠭᠰᠠᠨ ᠬᠠᠨᠢ ᠮᠢᠨᠢ ᠴᠢ
ᠦᠷᠭᠦᠯᠵᠢ ᠬᠠᠷᠠᠮᠨᠠᠬᠤ ᠬᠠᠢᠷ᠎ᠠ ᠮᠢᠨᠢ ᠴᠢ
ᠵᠡᠭᠦᠳᠦ ᠮᠢᠨᠢ ᠪᠢ ᠲᠠᠢᠪᠤᠰᠢᠷᠠᠯ᠎ᠠ
ᠴᠢ ᠪᠠᠰᠠ ᠵᠡᠭᠦᠳᠦᠯᠡᠭᠰᠡᠨ ᠤᠤ
ᠵᠡᠭᠦᠳᠦ ᠪᠠᠢᠭᠰᠠᠨ ᠨᠢ ᠶᠠᠭᠠᠬᠢᠮᠤᠢ
ᠵᠡᠭᠦᠳᠦ ᠵᠡᠭᠦᠳᠦ ᠪᠠᠢᠯ᠎ᠠ᠃
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠳᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
