《ᠮᠣᠩᠭᠣᠯ ᠤ᠋ᠨ ᠨᠢᠭᠤᠴᠠ ᠲᠣᠪᠴᠢᠶᠠᠨ》 ᠠᠷᠪᠠᠨ ᠬᠣᠶᠠᠳᠤᠭᠠᠷ ᠪᠦᠯᠦᠭ ᠂ ᠴᠢᠩᠭᠢᠰ ᠦ᠋ᠨ ᠨᠠᠰᠤ ᠪᠠᠷᠠᠭᠰᠠᠨ ᠪᠠ ᠥᠭᠡᠳᠡᠢ ᠶ᠋ᠢᠨ ᠬᠠᠭᠠᠨ ᠪᠣᠯᠤᠭᠰᠠᠨ ᠨᠢЧингисийн нас барсан ба Өгэдэй хаан болсон нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠤ᠋ᠨ ᠨᠢᠭᠤᠴᠠ ᠲᠣᠪᠴᠢᠶᠠᠨ》 ᠠᠷᠪᠠᠨ ᠬᠣᠶᠠᠳᠤᠭᠠᠷ ᠪᠦᠯᠦᠭ ᠂ ᠴᠢᠩᠭᠢᠰ ᠦ᠋ᠨ ᠨᠠᠰᠤ ᠪᠠᠷᠠᠭᠰᠠᠨ ᠪᠠ ᠥᠭᠡᠳᠡᠢ ᠶ᠋ᠢᠨ ᠬᠠᠭᠠᠨ ᠪᠣᠯᠤᠭᠰᠠᠨ ᠨᠢЧингисийн нас барсан ба Өгэдэй хаан болсон нь

《ᠮᠣᠩᠭᠣᠯ ᠤ᠋ᠨ ᠨᠢᠭᠤᠴᠠ ᠲᠣᠪᠴᠢᠶᠠᠨ》 ᠠᠷᠪᠠᠨ ᠬᠣᠶᠠᠳᠤᠭᠠᠷ ᠪᠦᠯᠦᠭ ᠂ ᠴᠢᠩᠭᠢᠰ ᠦ᠋ᠨ ᠨᠠᠰᠤ ᠪᠠᠷᠠᠭᠰᠠᠨ ᠪᠠ ᠥᠭᠡᠳᠡᠢ ᠶ᠋ᠢᠨ ᠬᠠᠭᠠᠨ ᠪᠣᠯᠤᠭᠰᠠᠨ ᠨᠢЧингисийн нас барсан ба Өгэдэй хаан болсон нь

ᠠᠩᠭᠢᠯᠠᠯ:ᠲᠡᠦᠬᠡ ᠰᠣᠶᠣᠯ
2023-11-03

2354

 
265᠂ ᠲᠡᠷᠡ ᠡᠪᠦᠯ ᠡᠪᠦᠯᠵᠢᠵᠦ᠂ ᠲᠠᠩᠭᠤᠳ ᠢᠷᠭᠡᠨ ᠳ᠋ᠦ᠍ ᠮᠣᠷᠢᠯᠠᠶ᠎ᠠ ᠭᠡᠵᠦ ᠴᠡᠷᠢᠭ ᠢ᠋ᠶ᠋ᠡᠨ ᠰᠢᠨ᠎ᠡ ᠪᠡᠷ ᠲᠣᠭᠠᠯᠠᠨ ᠪᠦᠷᠢᠳᠬᠡᠵᠦ᠂ ᠨᠣᠬᠠᠢ ᠵᠢᠯ ᠦ᠋ᠨ (1226 ᠣᠨ) ᠨᠠᠮᠤᠷ ᠴᠢᠩᠭᠢᠰ ᠬᠠᠭᠠᠨ᠂ ᠲᠠᠩᠭᠤᠳ ᠢᠷᠭᠡᠨ ᠲᠡᠢ ᠪᠠᠢᠯᠳᠤᠬᠤ ᠪᠠᠷ ᠮᠣᠷᠳᠠᠪᠠ᠃ ᠬᠠᠲᠤᠳ ᠠ᠋ᠴᠠ ᠶᠢᠰᠤᠢ ᠬᠠᠲᠤᠨ ᠢ᠋ ᠠᠪᠴᠤ ᠶᠠᠪᠤᠪᠠ᠃ ᠵᠠᠮ ᠤ᠋ᠨ ᠵᠠᠭᠤᠷ᠎ᠠ ᠡᠪᠦᠯ᠂  ᠠᠷᠤ ᠪᠤᠬ᠎ᠠ ᠳ᠋ᠤ᠌ ᠣᠯᠠᠨ ᠬᠤᠯᠠᠨ ᠠᠪᠠᠯᠠᠬᠤ ᠳ᠋ᠤ᠌ ᠴᠢᠩᠭᠢᠰ ᠬᠠᠭᠠᠨ᠂ ᠵᠣᠰᠣᠲᠤ (ᠲᠣᠯᠪᠣᠲᠤ) ᠪᠣᠷᠣ ᠮᠣᠷᠢ ᠶ᠋ᠢ ᠤᠨᠤᠵᠤ ᠶᠠᠪᠤᠪᠠ᠃ ᠣᠯᠠᠨ ᠬᠤᠯᠠᠨ ᠳᠠᠭᠠᠷᠢᠵᠤ ᠢᠷᠡᠬᠦ ᠳ᠋ᠦ᠍ ᠵᠣᠰᠣᠲᠤ ᠪᠣᠷᠣ ᠮᠣᠷᠢ ᠦᠷᠭᠦᠵᠦ ᠴᠢᠩᠭᠢᠰ ᠬᠠᠭᠠᠨ ᠢ᠋ ᠤᠨᠠᠭᠠᠪᠠᠯ᠂ ᠬᠠᠭᠠᠨ ᠤ᠋ ᠪᠡᠶ᠎ᠡ ᠮᠠᠰᠢ ᠴᠢᠯᠡᠭᠡᠷᠬᠡᠵᠦ ᠴᠤᠭᠤᠷᠬᠠᠳ ᠭᠡᠳᠡᠭ ᠭᠠᠵᠠᠷ ᠪᠠᠭᠤᠪᠠ᠃
ᠲᠡᠷᠡ ᠰᠥᠨᠢ ᠬᠣᠨᠣᠭᠠᠳ ᠥᠷᠯᠥᠭᠡ ᠶᠢᠰᠣᠢ ᠬᠠᠲᠤᠨ ᠥᠭᠦᠯᠡᠷᠦᠨ᠄ 《ᠬᠥᠪᠡᠭᠦᠳ ᠨᠣᠶᠠᠳ ᠬᠡᠯᠡᠯᠴᠡᠭᠲᠦᠨ! ᠬᠠᠭᠠᠨ ᠤ᠋ ᠪᠡᠶ᠎ᠡ ᠰᠥᠨᠢ ᠶᠡᠬᠡ ᠬᠠᠯᠠᠭᠤᠷᠠᠵᠤ ᠬᠣᠨᠣᠪᠠ》 ᠭᠡᠪᠡ᠃ ᠬᠥᠪᠡᠭᠦᠳ ᠨᠣᠶᠠᠳ ᠬᠤᠷᠠᠯᠳᠤᠭᠰᠠᠨ ᠳ᠋ᠤ᠌ ᠬᠣᠩᠬᠣᠲᠠᠨ ᠤ᠋ ᠲᠤᠯᠤᠨ ᠴᠡᠷᠪᠢ ᠥᠭᠦᠯᠡᠷᠦᠨ᠄ 《ᠲᠠᠩᠭᠤᠳ ᠢᠷᠭᠡᠨ᠂ ᠪᠠᠢᠭᠰᠠᠨ ᠭᠠᠵᠠᠷ ᠲᠤ᠌ ᠪᠠᠨ ᠪᠠᠢᠷᠢᠨ ᠨᠤᠲᠤᠭᠯᠠᠳᠠᠭ᠂ ᠰᠢᠪᠡᠷ ᠬᠣᠲᠠᠨ ᠳ᠋ᠠᠭᠠᠨ ᠰᠢᠪᠠᠯᠳᠤᠨ ᠰᠠᠭᠤᠳᠠᠭ ᠲᠤᠯᠠ ᠪᠠᠢᠷᠢᠨ ᠨᠤᠲᠤᠭ᠂ ᠰᠢᠪᠠᠷ ᠬᠣᠲᠠ ᠪᠠᠨ ᠬᠠᠶᠠᠵᠤ ᠲᠡᠳᠡ ᠬᠠᠮᠢᠭ᠎ᠠ ᠣᠴᠢᠬᠤ ᠪᠣᠢ? ᠪᠢᠳᠡ ᠪᠤᠴᠠᠵᠤ᠂ ᠬᠠᠭᠠᠨ ᠤ᠋ ᠪᠡᠶ᠎ᠡ ᠶ᠋ᠢ ᠰᠠᠢᠵᠢᠷᠠᠭᠤᠯᠤᠨ᠂ ᠵᠢᠴᠢ ᠳᠠᠬᠢᠨ ᠪᠠᠢᠯᠳᠤᠬᠤ ᠪᠠᠷ ᠮᠣᠷᠳᠠᠶ᠎ᠠ!》 ᠭᠡᠪᠡᠯ᠂ ᠬᠥᠪᠡᠭᠦᠳ ᠨᠣᠶᠠᠳ ᠴᠥᠮ ᠢ᠋ᠶ᠋ᠡᠷ ᠲᠡᠷᠡ ᠦᠭᠡ ᠶ᠋ᠢ ᠵᠥᠪᠰᠢᠶᠡᠷᠡᠵᠦ᠂ ᠴᠢᠩᠭᠢᠰ ᠬᠠᠭᠠᠨ ᠳ᠋ᠤ᠌ ᠠᠢᠯᠠᠳᠬᠠᠪᠠᠯ ᠴᠢᠩᠭᠢᠰ ᠬᠠᠭᠠᠨ ᠥᠭᠦᠯᠡᠷᠦᠨ᠄ 《ᠲᠠᠩᠭᠤᠳ ᠢᠷᠭᠡᠨ ᠪᠢᠳᠡᠨ ᠢ᠋ ᠵᠢᠷᠦᠬᠡ ᠰᠢᠨᠲᠠᠷᠠᠵᠤ ᠪᠤᠴᠠᠪᠠ ᠭᠡᠬᠦ ᠪᠣᠯᠤᠨ᠎ᠠ᠃ ᠪᠢᠳᠡ ᠡᠯᠴᠢ ᠢᠯᠡᠭᠡᠵᠦ᠂ ᠮᠥᠨ ᠡᠯᠴᠢ ᠶ᠋ᠢ ᠢᠷᠡᠲᠡᠯ᠎ᠡ ᠡᠨᠳᠡ ᠴᠤᠭᠤᠷᠬᠠᠳ ᠲᠤ᠌ ᠪᠡᠶ᠎ᠡ ᠪᠡᠨ ᠰᠤᠪᠢᠯᠠᠵᠤ ᠪᠠᠢᠭᠠᠳ ᠲᠠᠩᠭ᠋ᠣᠳ ᠤ᠋ᠨ ᠬᠡᠯᠡᠬᠦ ᠦᠭᠡ ᠶ᠋ᠢ ᠰᠣᠨᠣᠰᠴᠤ ᠪᠤᠴᠠᠪᠠᠯ ᠪᠣᠯᠤᠨ᠎ᠠ》 ᠭᠡᠵᠦ ᠡᠯᠴᠢ ᠶ᠋ᠢ ᠲᠣᠮᠢᠯᠠᠭᠠᠳ ᠳᠠᠭᠤᠤ ᠪᠠᠷᠢᠭᠤᠯᠵᠤ (ᠠᠯᠪᠠᠨ ᠪᠢᠴᠢᠭ ᠨᠢ ᠶᠡᠬᠡ ᠲᠥᠯᠥᠪ ᠰᠢᠯᠦᠭ ᠪᠥᠭᠡᠳ ᠴᠡᠭᠡᠵᠢᠯᠡᠪᠡᠴᠦ ᠠᠮᠠᠷᠬᠠᠨ ᠲᠤᠯᠠ ᠳᠠᠭᠤᠤ ᠭᠡᠵᠦ ᠨᠡᠷᠡᠯᠡᠭᠰᠡᠨ) ᠬᠡᠯᠡᠭᠦᠯᠦᠭᠰᠡᠨ ᠨᠢ᠄ 《ᠤᠷᠢᠳᠠ ᠲᠠᠩᠭ᠋ᠣᠳ ᠢᠷᠭᠡᠳ ᠪᠠᠷᠠᠭᠤᠨ ᠭᠠᠷ ᠪᠣᠯᠵᠤ ᠲᠤᠰᠠᠯᠠᠶ᠎ᠠ! ᠭᠡᠵᠦ ᠪᠤᠷᠬᠠᠨ ᠴᠢ ᠬᠡᠯᠡᠭᠰᠡᠨ ᠪᠢᠯᠡ᠃ ᠴᠢᠨᠦ ᠲᠡᠷᠡ ᠦᠭᠡ ᠶ᠋ᠢᠨ ᠶᠣᠰᠣᠭᠠᠷ ᠪᠢᠳᠡ ᠰᠠᠷᠲᠠᠭᠤᠯ ᠢᠷᠭᠡᠨ ᠢ᠋ ᠡᠷᠬᠡᠨ ᠳ᠋ᠡᠭᠡᠨ ᠣᠷᠣᠭᠤᠯᠬᠤ ᠪᠠᠷ ᠮᠣᠷᠳᠠᠬᠤ ᠳ᠋ᠠᠭᠠᠨ ᠴᠢᠮ᠎ᠠ ᠳ᠋ᠤ᠌ ᠮᠡᠳᠡᠭᠳᠡᠪᠡᠯ᠂ ᠪᠤᠷᠬᠠᠨ ᠴᠢ ᠬᠡᠯᠡᠭᠰᠡᠨ ᠦᠭᠡᠨ ᠳ᠋ᠡᠭᠡᠨ ᠬᠦᠷᠦᠭᠰᠡᠨ ᠦᠭᠡᠢ᠃ ᠴᠡᠷᠢᠭ ᠴᠦ᠍ ᠥᠭᠭᠰᠡᠨ ᠦᠭᠡᠢ᠂ ᠬᠠᠷᠢᠨ ᠶᠡᠬᠡ ᠦᠭᠡ ᠪᠡᠷ ᠳᠠᠭᠠᠷᠢᠭᠰᠠᠨ ᠪᠢᠯᠡ᠃ ᠲᠡᠷᠡ ᠦᠶ᠎ᠡ ᠳ᠋ᠦ᠍ ᠪᠢᠳᠡ ᠥᠭᠡᠷ᠎ᠡ ᠤᠯᠤᠰ ᠲᠤ᠌ ᠵᠣᠷᠢᠭᠰᠠᠨ ᠲᠤᠯᠠ ᠳᠠᠷᠠᠭ᠎ᠠ ᠤᠴᠢᠷ ᠢ᠋ᠶ᠋ᠠᠨ ᠣᠯᠤᠯᠴᠠᠶ᠎ᠠ ᠭᠡᠵᠦ ᠰᠠᠷᠲᠠᠭᠤᠯ ᠢᠷᠭᠡᠨ ᠳ᠋ᠦ᠍ ᠮᠣᠷᠢᠯᠠᠵᠤ᠂ ᠮᠥᠩᠬᠡ ᠲᠡᠭᠷᠢ ᠳ᠋ᠦ᠍ ᠢᠪᠡᠭᠡᠭᠳᠡᠵᠦ᠂ ᠰᠠᠷᠲᠠᠭᠤᠯ ᠢᠷᠭᠡᠨ ᠢ᠋ ᠡᠷᠬᠡᠨ ᠳ᠋ᠡᠭᠡᠨ ᠣᠷᠣᠭᠤᠯᠵᠤ᠂ ᠣᠳᠣ ᠪᠤᠷᠬᠠᠨ ᠴᠢᠮ᠎ᠠ ᠲᠠᠢ ᠤᠴᠢᠷ ᠢ᠋ᠶ᠋ᠠᠨ ᠣᠯᠤᠯᠴᠠᠶ᠎ᠠ ᠭᠡᠵᠦ ᠢᠷᠡᠪᠡ》 ᠭᠡᠵᠦ ᠢᠯᠡᠭᠡᠪᠡᠯ᠂ ᠪᠤᠷᠬᠠᠨ ᠥᠭᠦᠯᠡᠷᠦᠨ᠄ 《ᠳᠠᠭᠠᠷᠢᠬᠤ ᠮᠠᠭᠤ ᠦᠭᠡ ᠶ᠋ᠢ ᠪᠢ ᠬᠡᠯᠡᠭᠰᠡᠨ ᠦᠭᠡᠢ》 ᠭᠡᠪᠡ᠃ ᠠᠱᠠ ᠭᠣᠮᠪᠣ ᠥᠭᠦᠯᠡᠷᠦᠨ᠄ 《ᠳᠠᠭᠠᠷᠢᠬᠤ ᠦᠭᠡ ᠶ᠋ᠢ ᠪᠢ ᠬᠡᠯᠡᠭᠰᠡᠨ᠃ ᠣᠳᠣ ᠮᠣᠩᠭ᠋ᠣᠯᠴᠣᠳ ᠲᠠ ᠨᠠᠷ ᠪᠠᠢᠯᠳᠤᠵᠤ ᠰᠤᠷᠤᠭᠠᠳ ᠪᠠᠢᠯᠳᠤᠶ᠎ᠠ! ᠭᠡᠪᠡᠯ ᠮᠢᠨᠦ ᠪᠦᠬᠦ ᠠᠯᠠᠱᠠ ᠨᠤᠲᠤᠭ ᠲᠤ᠌ ᠲᠠᠷᠠᠮ (ᠬᠠᠨᠠᠲᠤ) ᠭᠡᠷ ᠲᠡᠢ᠂ ᠲᠡᠮᠡᠭᠡᠨ ᠠᠴᠢᠶ᠎ᠠ ᠲᠠᠢ ᠬᠥᠮᠦᠰ ᠪᠣᠢ ᠃ ᠠᠯᠠᠱᠠ ᠳ᠋ᠤ᠌ ᠠᠶᠠᠯᠠᠵᠤ ᠨᠠᠳᠠ ᠳ᠋ᠤ᠌ ᠢᠷᠡᠭᠲᠦᠨ! ᠲᠡᠨᠳᠡ ᠪᠠᠢᠯᠳᠤᠶ᠎ᠠ! ᠠᠯᠲᠠ᠂ ᠮᠥᠩᠭᠥ᠂ ᠠᠭᠤᠷᠰᠤ᠂ ᠲᠠᠸᠠᠷ ᠬᠡᠷᠡᠭᠲᠡᠢ ᠪᠣᠯ ᠢᠷᠭᠠᠢ (ᠨᠢᠩᠰᠢᠶᠠ)᠂ ᠡᠷᠵᠢᠤ (ᠰᠢᠯᠢᠶᠠᠩ ) ᠬᠣᠲᠠᠨ ᠳ᠋ᠤ᠌ ᠢᠷᠡᠭᠲᠦᠨ!》 ᠭᠡᠵᠦ ᠢᠯᠡᠭᠡᠵᠡᠢ᠃ ᠡᠨᠡ ᠦᠭᠡ ᠶ᠋ᠢ ᠴᠢᠩᠭᠢᠰ ᠬᠠᠭᠠᠨ ᠳ᠋ᠤ᠌ ᠰᠣᠨᠣᠰᠬᠠᠪᠠᠯ᠂ ᠴᠢᠩᠭᠢᠰ ᠬᠠᠭᠠᠨ ᠪᠡᠶ᠎ᠡ ᠶᠡᠬᠡ ᠬᠠᠯᠠᠭᠤᠨ ᠲᠠᠢ ᠪᠠᠷ ᠥᠭᠦᠯᠡᠷᠦᠨ᠄ 《ᠵᠠ ᠲᠡᠷᠡ ᠪᠢᠰᠢᠦ᠃ ᠲᠡᠳᠡ ᠡᠢᠮᠦ ᠶᠡᠬᠡ ᠦᠭᠡ ᠬᠡᠯᠡᠵᠦ ᠪᠠᠢᠬᠤ ᠳ᠋ᠤ᠌ ᠪᠢᠳᠡ ᠶᠠᠭᠠᠬᠢᠵᠤ ᠪᠤᠴᠠᠵᠤ ᠪᠣᠯᠤᠨ᠎ᠠ? ᠦᠬᠦᠪᠡᠴᠦ ᠲᠡᠷᠡ ᠶᠡᠬᠡ ᠦᠭᠡ ᠶ᠋ᠢ ᠵᠦᠭᠡᠷ ᠣᠷᠬᠢᠬᠤ ᠦᠭᠡᠢ᠃ ᠮᠥᠩᠬᠡ ᠲᠡᠭᠷᠢ ᠴᠢ ᠮᠡᠳᠡ!》 ᠭᠡᠵᠦ ᠴᠢᠩᠭᠢᠰ ᠬᠠᠭᠠᠨ ᠠᠯᠠᠱᠠ ᠶ᠋ᠢ ᠵᠣᠷᠢᠵᠤ ᠬᠦᠷᠦᠭᠡᠳ ᠠᠱᠠ ᠭᠣᠮᠪᠣ ᠲᠠᠢ ᠪᠠᠢᠯᠳᠤᠵᠤ᠂ ᠠᠯᠠᠱᠠ ᠳ᠋ᠤ᠌ ᠪᠦᠰᠡᠯᠡᠵᠦ ᠠᠱᠠ ᠭᠣᠮᠪᠣ ᠶ᠋ᠢ ᠪᠠᠷᠢᠵᠤ ᠲᠡᠭᠦᠨ ᠦ᠌ ᠲᠡᠷᠡᠮ ᠭᠡᠷ ᠲᠡᠢ᠂ ᠲᠡᠮᠡᠭᠡᠨ ᠠᠴᠢᠶ᠎ᠠ ᠲᠠᠢ ᠢᠷᠭᠡᠨ ᠢ᠋ ᠦᠨᠡᠰᠦᠨ ᠲᠣᠪᠷᠣᠭ ᠪᠣᠯᠲᠠᠯ᠎ᠠ ᠲᠡᠯᠡᠵᠦ ᠰᠦᠢᠳᠬᠡᠪᠡ᠃ 《ᠲᠠᠩᠭᠤᠳ ᠤ᠋ᠨ ᠣᠮᠣᠭ ᠲᠠᠢ ᠳᠤᠭᠤᠯᠭᠠᠷ ᠭᠤᠸᠠᠢ ᠶ᠋ᠢ ᠨᠢ ᠬᠢᠳᠤᠵᠤ ᠣᠷᠣᠵᠤ ᠳᠠᠭᠠᠭᠰᠠᠳ ᠢ᠋ ᠮᠠᠨ ᠤ᠋ ᠴᠡᠷᠢᠭ ᠦ᠋ᠳ ᠳᠤᠷ᠎ᠠ ᠪᠠᠷ ᠪᠠᠷᠢᠵᠤ ᠣᠯᠵᠠᠯᠠᠵᠤ ᠠᠪᠣᠳᠣᠭᠠᠢ!》 ᠭᠡᠵᠦ ᠵᠠᠷᠯᠢᠭ ᠪᠣᠯᠪᠠ᠃
266᠂ ᠴᠢᠩᠭᠢᠰ ᠬᠠᠭᠠᠨ᠂ ᠴᠠᠰᠤᠲᠤ ᠠᠭᠤᠯᠠᠨ ᠳ᠋ᠤ᠌ ᠵᠤᠰᠠᠵᠤ᠂ ᠴᠡᠷᠢᠭ ᠢ᠋ᠶ᠋ᠡᠨ ᠶᠠᠪᠤᠭᠤᠯᠵᠤ᠂ ᠠᠱᠠ ᠭᠣᠮᠪᠣ ᠶ᠋ᠢ ᠳᠠᠭᠠᠵᠤ ᠠᠭᠤᠯᠠᠨ ᠳ᠋ᠤ᠌ ᠳᠤᠲᠠᠭᠠᠨ ᠪᠥᠬᠥᠭᠰᠡᠨ ᠲᠡᠷᠡᠮ ᠭᠡᠷᠲᠡᠨ᠂ ᠲᠡᠮᠡᠭᠡᠨ ᠠᠴᠢᠶᠠᠳᠠᠨ ᠲᠠᠩᠭ᠋ᠣᠳ ᠢ᠋ ᠬᠣᠷᠢᠶᠠᠨ ᠡᠵᠡᠯᠡᠵᠦ ᠠᠪᠪᠠ᠃ ᠲᠡᠨᠳᠡ ᠡᠴᠡ ᠪᠣᠭᠣᠷᠴᠤ ᠮᠤᠬᠤᠯᠠᠢ ᠬᠣᠶᠠᠷ ᠲᠤ᠌ 《ᠲᠠᠩᠭᠤᠳ ᠢᠷᠭᠡᠨ ᠡᠴᠡ ᠴᠢᠳᠠᠯ ᠤ᠋ᠨ ᠬᠢᠷᠢ ᠪᠡᠷ ᠠᠪᠣᠳᠣᠭᠠᠢ!》 ᠭᠡᠵᠦ ᠰᠣᠶᠣᠷᠬᠠᠭᠠᠳ ᠵᠠᠷᠯᠢᠭ ᠪᠣᠯᠤᠷᠤᠨ᠄ 《ᠪᠣᠭᠣᠷᠴᠤ ᠮᠤᠬᠤᠯᠠᠢ ᠬᠣᠶᠠᠷ ᠲᠤ᠌ ᠬᠢᠲᠠᠳ ᠢᠷᠭᠡᠨ ᠡᠴᠡ ᠰᠣᠶᠣᠷᠬᠠᠵᠤ ᠡᠰᠡ ᠥᠭᠭᠦᠭᠰᠡᠨ ᠪᠢᠯᠡ᠃ ᠬᠢᠲᠠᠳ ᠢᠷᠭᠡᠨ ᠦ᠌ ᠵᠢᠶᠦ᠋ᠨ ᠢ᠋ ᠲᠠ ᠬᠣᠶᠠᠷ ᠠᠳᠠᠯᠢ ᠬᠤᠪᠢᠶᠠᠵᠤ ᠠᠪᠤᠭᠲᠤᠨ! ᠲᠡᠳᠡᠨ ᠦ᠌ ᠰᠠᠢᠨ ᠡᠷᠡᠰ ᠢ᠋ᠶ᠋ᠡᠷ ᠰᠢᠪᠠᠭᠤ ᠪᠠᠨ ᠪᠠᠷᠢᠭᠤᠯᠵᠤ ᠳᠠᠭᠠᠭᠤᠯᠵᠤ ᠶᠠᠪᠤᠭᠲᠤᠨ! ᠰᠠᠢᠬᠠᠨ ᠬᠡᠦᠬᠡᠨ ᠢ᠋ᠶ᠋ᠡᠷ ᠨᠢ ᠡᠬᠡᠨᠡᠷ ᠦ᠋ᠳ ᠦ᠋ᠨ ᠢ᠋ᠶ᠋ᠡᠨ ᠬᠣᠷᠮᠣᠢ ᠶ᠋ᠢ ᠵᠠᠰᠠᠭᠤᠯᠵᠤ ᠶᠠᠪᠤᠭᠲᠤᠨ! ᠬᠢᠲᠠᠳ ᠢᠷᠭᠡᠨ ᠦ᠌ ᠠᠯᠲᠠᠨ ᠬᠠᠭᠠᠨ ᠤ᠋ ᠢᠲᠡᠭᠡᠯᠲᠦ ᠢᠨᠠᠭ ᠤ᠋ᠳ ᠨᠢ ᠮᠣᠩᠭ᠋ᠣᠯ ᠤ᠋ᠨ ᠡᠪᠦᠭᠡ ᠡᠴᠢᠭᠡ ᠶ᠋ᠢ ᠬᠣᠣᠷᠯᠠᠭᠰᠠᠨ ᠬᠠᠷ᠎ᠠ ᠬᠢᠲᠠᠳ ᠤ᠋ᠨ ᠵᠢᠶᠦ᠋ᠨ ᠪᠠᠢᠭᠰᠠᠨ ᠪᠢᠯᠡ᠃ ᠣᠳᠣ ᠮᠢᠨᠦ ᠢᠲᠡᠭᠡᠯᠲᠦ ᠢᠨᠠᠭ ᠨᠥᠬᠥᠳ ᠪᠣᠭᠣᠷᠴᠤ ᠮᠤᠬᠤᠯᠠᠢ ᠲᠠ ᠬᠣᠶᠠᠷ ᠪᠢᠰᠢᠦ!》 ᠭᠡᠵᠦ ᠵᠠᠷᠯᠢᠭ ᠪᠣᠯᠪᠠ᠃
267᠂ ᠴᠢᠩᠭᠢᠰ ᠬᠠᠭᠠᠨ᠂ ᠴᠠᠰᠤᠲᠤ ᠠᠭᠤᠯᠠᠨ ᠠ᠋ᠴᠠ ᠬᠥᠳᠡᠯᠵᠦ᠂ ᠢᠷᠭᠠᠢ ᠬᠣᠲᠠ ᠳ᠋ᠤ᠌ ᠪᠠᠭᠤᠵᠤ᠂ ᠶᠠᠷᠭᠠᠢ ᠬᠣᠲᠠ ᠠ᠋ᠴᠠ ᠬᠥᠳᠡᠯᠵᠦ᠂ ᠲᠦᠷᠢᠮᠡᠬᠡᠢ ᠬᠣᠲᠠ ᠶ᠋ᠢ ᠡᠪᠳᠡᠵᠦ ᠪᠠᠢᠬᠤ ᠳ᠋ᠤ᠌ ᠪᠤᠷᠬᠠᠨ᠂ ᠴᠢᠩᠭᠢᠰ ᠬᠠᠭᠠᠨ ᠲᠠᠢ ᠠᠭᠤᠯᠵᠠᠬᠤ ᠪᠠᠷ ᠢᠷᠡᠪᠡ᠃ ᠲᠡᠨᠳᠡ ᠪᠤᠷᠬᠠᠨ ᠠᠭᠤᠯᠵᠠᠵᠤ ᠠᠯᠲᠠᠨ ᠰᠦᠮ᠎ᠡ ᠲᠡᠷᠢᠭᠦᠲᠡᠨ ᠠᠯᠲᠠᠨ ᠮᠥᠩᠭᠥᠨ ᠠᠶᠠᠭ᠎ᠠ ᠰᠠᠪᠠ ᠶᠢᠰᠦᠨ ᠶᠢᠰᠦ᠂ ᠬᠥᠪᠡᠭᠦᠳ ᠥᠬᠢᠳ ᠶᠢᠰᠦᠨ ᠶᠢᠰᠦ᠂ ᠮᠣᠷᠢ ᠲᠡᠮᠡᠭᠡ ᠶᠢᠰᠦᠨ ᠶᠢᠰᠦ᠂ ᠡᠯᠳᠡᠪ ᠵᠦᠢᠯ ᠲᠤᠰ ᠪᠦᠷᠢ ᠶᠢᠰᠦᠨ ᠶᠢᠰᠦ ᠶ᠋ᠢ ᠪᠡᠯᠡᠭᠯᠡᠨ ᠠᠭᠤᠯᠵᠠᠬᠤ ᠳ᠋ᠤ᠌ ᠪᠤᠷᠬᠠᠨ ᠢ᠋ ᠡᠭᠦᠳᠡᠨ ᠦ᠌ ᠭᠠᠳᠠᠨ᠎ᠠ ᠪᠠᠷᠠᠭᠠᠯᠠᠬᠠᠭᠣᠯᠪᠠ᠃ ᠲᠡᠷᠡ ᠠᠭᠤᠯᠵᠠᠬᠤ ᠦᠶ᠎ᠡ ᠳ᠋ᠦ᠍ ᠴᠢᠩᠭᠢᠰ ᠬᠠᠭᠠᠨ ᠤ᠋ ᠳᠣᠲᠣᠷ᠎ᠠ ᠮᠠᠭᠤᠬᠠᠢ ᠪᠣᠯᠪᠠ᠃ ᠲᠡᠭᠦᠨ ᠡᠴᠡ ᠬᠣᠢᠰᠢ ᠭᠤᠷᠪᠠᠳᠤᠭᠠᠷ ᠡᠳᠦᠷ ᠴᠢᠩᠭᠢᠰ ᠬᠠᠭᠠᠨ ᠵᠠᠷᠯᠢᠭ ᠪᠣᠯᠵᠤ᠂ ᠢᠯᠠᠬᠤ ᠪᠤᠷᠬᠠᠨ ᠳ᠋ᠤ᠌ ᠰᠢᠳᠤᠷᠭᠤ ᠨᠡᠷ᠎ᠡ ᠶ᠋ᠢ ᠥᠭᠴᠦ᠂ ᠢᠯᠠᠬᠤ ᠪᠤᠷᠬᠠᠨ ᠢ᠋ ᠰᠢᠳᠤᠷᠭᠤ ᠶ᠋ᠢ ᠢᠷᠡᠭᠦᠯᠦᠭᠡᠳ ᠴᠢᠩᠭᠢᠰ ᠬᠠᠭᠠᠨ᠂ ᠢᠯᠠᠬᠤ ᠶ᠋ᠢ ᠲᠤᠯᠤᠨ ᠴᠢᠷᠪᠢ ᠭᠠᠷᠳᠠᠵᠤ ᠨᠥᠭᠴᠢᠭᠡᠲᠦᠭᠡᠢ! ᠭᠡᠵᠦ ᠵᠠᠷᠯᠢᠭ ᠪᠣᠯᠪᠠ᠃ ᠲᠤᠯᠤᠨ ᠴᠡᠷᠪᠢ᠂ ᠢᠯᠠᠬᠤ ᠶ᠋ᠢ ᠭᠠᠷᠳᠠᠵᠤ ᠲᠣᠨᠢᠯᠭᠠᠪᠠ ᠭᠡᠵᠦ ᠠᠢᠯᠠᠳᠬᠠᠪᠠᠯ᠂ ᠴᠢᠩᠭᠢᠰ ᠬᠠᠭᠠᠨ ᠵᠠᠷᠯᠢᠭ ᠪᠣᠯᠤᠷᠤᠨ᠄ 《ᠲᠠᠩᠭᠤᠳ ᠤᠯᠤᠰ ᠲᠠᠢ ᠤᠴᠢᠷ ᠢ᠋ᠶ᠋ᠠᠨ ᠣᠯᠤᠯᠴᠠᠬᠤ ᠭᠡᠵᠦ ᠢᠷᠡᠬᠦ ᠵᠠᠮ ᠳ᠋ᠤ᠌ ᠠᠷᠪᠣᠬ᠎ᠠ ᠳ᠋ᠤ᠌ ᠬᠤᠯᠠᠨ ᠠᠪᠠᠯᠠᠵᠤ ᠡᠪᠡᠳᠦᠭᠰᠡᠨ ᠪᠡᠶ᠎ᠡ ᠶ᠋ᠢ ᠮᠢᠨᠢ ᠠᠨᠠᠭᠠᠶ᠎ᠠ ᠭᠡᠵᠦ ᠠᠮᠢ ᠪᠡᠶ᠎ᠡ ᠶ᠋ᠢ ᠮᠢᠨᠢ ᠬᠠᠢᠷᠠᠯᠠᠵᠤ ᠦᠭᠡ ᠳᠤᠷᠠᠳᠬᠠᠭᠰᠠᠨ ᠲᠤᠯᠤᠨ ᠴᠢ ᠮᠥᠨ ᠪᠢᠵᠡ᠃ ᠳᠠᠢᠰᠤᠨ ᠬᠥᠮᠦᠨ ᠦ᠌ ᠬᠣᠣᠷᠲᠤ ᠦᠭᠡᠨ ᠳ᠋ᠦ᠍ ᠬᠣᠷᠣᠰᠴᠤ ᠶᠠᠪᠤᠭᠠᠳ ᠮᠥᠩᠬᠡ ᠲᠡᠭᠷᠢ ᠶ᠋ᠢᠨ ᠬᠦᠴᠦ ᠨᠡᠮᠡᠭᠰᠡᠨ ᠦ᠌ ᠠᠴᠢ ᠪᠠᠷ ᠳᠠᠢᠰᠤᠨ ᠢ᠋ ᠭᠠᠷ ᠲᠠᠭᠠᠨ ᠣᠷᠣᠭᠤᠯᠵᠤ ᠥᠰᠢᠶ᠎ᠡ ᠪᠡᠨ ᠠᠪᠪᠠ ᠪᠢᠳᠡ᠃ ᠢᠯᠠᠬᠤ ᠶ᠋ᠢᠨ ᠠᠪᠴᠢᠷᠠᠭᠰᠠᠨ ᠨᠡᠭᠦᠳᠡᠯ ᠦ᠋ᠨ ᠬᠠᠷᠰᠢ (ᠲᠠᠭᠰᠢᠶ᠎ᠠ ᠤᠷᠲᠤ)᠂ ᠠᠶᠠᠭ᠎ᠠ ᠰᠠᠪᠠ ᠰᠡᠯᠲᠡ ᠶ᠋ᠢ ᠲᠤᠯᠤᠨ ᠴᠢ ᠠᠪᠣᠳᠣᠭᠠᠢ!》 ᠭᠡᠵᠦ ᠵᠠᠷᠯᠢᠭ ᠪᠣᠯᠪᠠ᠃
268᠂ ᠲᠠᠩᠭᠤᠳ ᠤᠯᠤᠰ ᠢ᠋ ᠡᠵᠡᠯᠡᠵᠦ᠂ ᠢᠯᠠᠬᠤ ᠪᠤᠷᠬᠠᠨ ᠳ᠋ᠤ᠌ ᠰᠢᠳᠤᠷᠭᠤ ᠨᠡᠷ᠎ᠡ ᠦᠭᠭᠡᠳ ᠲᠡᠭᠦᠨ ᠢ᠋ ᠲᠣᠨᠢᠯᠭᠠᠵᠤ᠂ ᠲᠠᠩᠭᠤᠳ ᠢᠷᠭᠡᠨ ᠢ᠋ ᠤᠭ ᠤᠳᠤᠮ ᠢ᠋ᠶ᠋ᠠᠷ ᠨᠢ ᠬᠦᠷᠲᠡᠯ᠎ᠡ ᠮᠣᠬᠣᠯ ᠮᠣᠰᠬᠢᠯ ᠦᠭᠡᠢ ᠪᠣᠯᠭᠠᠵᠤ (ᠦᠷ᠎ᠡ ᠦᠯᠡᠳᠡᠭᠳᠡᠯ ᠦᠭᠡᠢ ᠪᠣᠯᠭᠠᠵᠤ ᠡᠭᠦᠨ ᠢ᠋ ᠲᠡᠮᠳᠡᠭᠯᠡᠬᠦ ᠶ᠋ᠢᠨ ᠤᠴᠢᠷ) ᠢᠳᠡᠭᠡᠨ ᠤᠮᠳᠠ ᠪᠠᠨ ᠢᠳᠡᠵᠦ ᠤᠤᠭᠤᠭᠠᠳ᠄ 《 ᠮᠣᠬᠣᠯ ᠮᠣᠰᠬᠢᠯ ᠦᠭᠡᠢ ᠪᠣᠯᠤᠭᠰᠠᠨ ᠭᠡᠵᠦ ᠬᠡᠯᠡᠵᠦ ᠲᠡᠭᠦᠰᠬᠡᠵᠦ ᠪᠠᠢ!》 ᠭᠡᠵᠦ ᠵᠠᠷᠯᠢᠭ ᠪᠣᠯᠪᠠ᠃ ᠲᠠᠩᠭ᠋ᠣᠳ ᠤᠯᠤᠰ᠂ ᠦᠭᠡ ᠪᠡᠨ ᠪᠠᠲᠤᠯᠠᠵᠤ ᠬᠡᠯᠡᠭᠡᠳ ᠲᠡᠷᠡ ᠦᠭᠡᠨ ᠳ᠋ᠡᠭᠡᠨ ᠬᠦᠷᠦᠭᠰᠡᠨ ᠦᠭᠡᠢ ᠲᠤᠯᠠ ᠳᠠᠬᠢᠨ ᠪᠠᠢᠯᠳᠤᠬᠤ ᠪᠠᠷ ᠶᠠᠪᠤᠵᠤ᠂ ᠲᠠᠩᠭᠤᠳ ᠤᠯᠤᠰ ᠢ᠋ ᠰᠥᠨᠥᠭᠡᠨ ᠳᠠᠷᠤᠭᠠᠳ ᠭᠠᠬᠠᠢ ᠵᠢᠯ (1227 ᠣᠨ) 7 ᠰᠠᠷᠠᠢᠨ 12 ᠲᠤ᠌ ᠲᠦᠷᠢᠮᠡᠬᠡᠢ ᠪᠠᠯᠭᠠᠰᠤᠨ ᠳ᠋ᠤ᠌ ᠴᠢᠩᠭᠢᠰ ᠬᠠᠭᠠᠨ᠂ ᠲᠡᠭᠷᠢ ᠳ᠋ᠦ᠍ ᠬᠠᠯᠢᠪᠠ᠃ ᠬᠠᠯᠢᠬᠤ ᠶ᠋ᠢᠨ ᠡᠮᠦᠨ᠎ᠡ᠂ ᠲᠠᠩᠭᠤᠳ ᠢᠷᠭᠡᠨ ᠡᠴᠡ ᠮᠠᠰᠢ ᠣᠯᠠᠨ ᠢ᠋ ᠶᠢᠰᠣᠢ ᠬᠠᠲᠤᠨ ᠳ᠋ᠤ᠌ ᠥᠭᠪᠡ᠃ ᠡᠵᠡᠨ ᠦ᠌ ᠠᠯᠲᠠᠨ ᠬᠡᠭᠦᠷ ᠢ᠋ ᠬᠠᠰᠠᠭ ᠲᠡᠷᠭᠡᠨ ᠳ᠋ᠦ᠍ ᠲᠡᠭᠡᠭᠡᠵᠦ ᠬᠠᠷᠢᠨ ᠥᠭᠡᠳᠡ ᠪᠣᠯᠤᠨ ᠢᠷᠡᠬᠦ ᠳ᠋ᠦ᠍ ᠰᠥᠨᠢᠳ ᠦ᠋ᠨ ᠬᠢᠯᠦᠬᠡᠳᠡᠢ ᠪᠠᠭᠠᠲᠤᠷ ᠮᠠᠭᠲᠠᠨ ᠰᠢᠯᠦᠭᠯᠡᠭᠰᠡᠨ ᠨᠢ᠄
《ᠬᠠᠮᠤᠭ ᠤ᠋ᠨ ᠬᠠᠭᠠᠨ᠂ ᠤᠯᠤᠰ ᠤ᠋ᠨ ᠡᠵᠡᠨ ᠮᠢᠨᠢ
ᠬᠠᠷᠴᠠᠭᠠᠢ ᠰᠢᠪᠠᠭᠤᠨ ᠤ᠋ ᠵᠢᠭᠦᠷ ᠪᠣᠯᠤᠨ ᠣᠳᠪᠠ
ᠬᠠᠩᠭᠢᠨᠠᠬᠤ ᠲᠡᠷᠭᠡᠨ ᠦ᠌ ᠲᠡᠭᠡᠭᠡᠰᠢ ᠪᠣᠯᠤᠨ ᠣᠳᠪᠠ
ᠵᠢᠷᠭᠢᠬᠦ ᠰᠢᠪᠠᠭᠤᠨ ᠤ᠋ ᠵᠢᠭᠦᠷ ᠪᠣᠯᠤᠨ ᠣᠳᠪᠠ
ᠵᠢᠭᠳᠡᠷᠡᠬᠦ ᠲᠡᠷᠭᠡᠨ ᠦ᠌ ᠠᠴᠢᠶ᠎ᠠ ᠪᠣᠯᠤᠨ ᠣᠳᠪᠠ》
ᠭᠡᠵᠦ ᠮᠠᠭᠲᠠᠨ ᠳᠠᠭᠤᠯᠠᠪᠠ᠃
ᠮᠤᠨᠠ ᠶ᠋ᠢᠨ ᠬᠥᠬᠡᠪᠦᠷ ᠲᠦ᠍ ᠬᠠᠰᠠᠭ ᠲᠡᠷᠭᠡ ᠪᠤᠯᠤ ᠳ᠋ᠤ᠌ ᠬᠦᠷᠲᠡᠯ᠎ᠡ ᠰᠢᠭᠢᠳᠴᠦ ᠲᠠᠪᠤᠨ ᠬᠦᠯᠦᠭ ᠢ᠋ᠶ᠋ᠡᠷ ᠲᠠᠲᠠᠵᠤ ᠬᠥᠳᠡᠯᠦᠨ ᠶᠠᠳᠠᠵᠤ᠂ ᠬᠥᠷ ᠶᠡᠬᠡ ᠤᠯᠤᠰ ᠵᠣᠪᠠᠬᠤ ᠳ᠋ᠤ᠌ ᠰᠥᠨᠢᠳ ᠦ᠋ᠨ ᠬᠢᠯᠦᠬᠡᠳᠡᠢ ᠪᠠᠭᠠᠲᠤᠷ ᠥᠴᠢᠷᠦᠨ᠄
《ᠬᠥᠬᠡ ᠮᠥᠩᠬᠡ ᠲᠡᠭᠷᠢ ᠡᠴᠡ ᠵᠠᠶᠠᠭ᠎ᠠ ᠪᠠᠷ ᠲᠥᠷᠥᠭᠰᠡᠨ ᠬᠦᠯᠦᠭ ᠪᠣᠭᠳᠠ ᠡᠵᠡᠨ ᠮᠢᠨᠢ! ᠬᠥᠷ ᠶᠡᠬᠡ ᠤᠯᠤᠰ ᠢ᠋ᠶ᠋ᠠᠨ ᠣᠷᠬᠢᠵᠤ ᠣᠳᠪᠠ ᠤᠤ᠂ ᠴᠢ?
ᠲᠦᠪᠰᠢᠳᠬᠡᠨ ᠪᠠᠢᠭᠤᠯᠤᠭᠰᠠᠨ ᠤᠯᠤᠰ ᠲᠥᠷᠥ ᠴᠢᠨᠢ ᠲᠡᠭᠦᠰ ᠵᠠᠶᠠᠭᠠᠲᠤ ᠬᠠᠲᠤᠳ ᠬᠥᠪᠡᠭᠦᠳ ᠴᠢᠨᠢ ᠲᠥᠷᠥᠭᠰᠡᠨ ᠶᠡᠬᠡ ᠭᠠᠵᠠᠷ ᠤᠰᠤ ᠴᠢᠨᠢ ᠲᠡᠮᠦᠵᠢᠨ ᠡᠵᠡᠨ ᠴᠢᠮ᠎ᠠ ᠶ᠋ᠢ ᠬᠦᠯᠢᠶᠡᠵᠦ ᠪᠠᠢᠨ᠎ᠠ᠂ ᠠᠷᠢᠭᠤᠨ ᠢ᠋ᠶ᠋ᠠᠷ ᠪᠠᠢᠭᠤᠯᠤᠭᠰᠠᠨ ᠲᠥᠷᠥ ᠴᠢᠨᠢ ᠠᠯᠪᠠᠲᠤ ᠣᠯᠠᠨ ᠤᠯᠤᠰ ᠴᠢᠨᠢ ᠠᠮᠠᠷᠠᠭ ᠬᠠᠲᠤᠳ ᠬᠥᠪᠡᠭᠦᠳ ᠴᠢᠨᠢ ᠠᠯᠲᠠᠨ ᠤᠷᠲᠤ ᠬᠠᠷᠰᠢ ᠴᠢᠨᠢ ᠠᠯᠤᠰ ᠭᠠᠵᠠᠷ ᠪᠢᠯᠡ᠂ ᠤᠳᠤᠷᠢᠳᠤᠨ ᠪᠠᠢᠭᠤᠯᠤᠭᠰᠠᠨ ᠲᠥᠷᠥ ᠴᠢᠨᠢ ᠤᠴᠠᠷᠠᠭᠰᠠᠨ ᠬᠠᠲᠤᠳ ᠬᠥᠪᠡᠭᠦᠳ ᠴᠢᠨᠢ ᠤᠷᠤᠭ ᠡᠯᠢᠭᠡᠨ ᠮᠣᠩᠭ᠋ᠣᠯ ᠴᠢᠨᠢ ᠤᠯᠤᠰ ᠣᠯᠠᠨ ᠢᠷᠭᠡᠨ ᠴᠢᠨᠢ ᠤᠨᠠᠭᠰᠠᠨ ᠳᠡᠯᠢᠭᠦᠨ ᠪᠣᠯᠳᠠᠭ ᠴᠢᠨᠢ ᠲᠡᠨᠳᠡ ᠬᠣᠯᠠ ᠪᠠᠢᠨ᠎ᠠ᠂ ᠬᠡᠭᠡᠷ ᠠᠵᠢᠷᠭᠠᠨ ᠤ᠋ ᠬᠥᠬᠥᠯ ᠢ᠋ᠶ᠋ᠡᠷ ᠬᠢᠭᠰᠡᠨ ᠬᠢᠭᠢᠷᠢ ᠲᠤᠭ ᠰᠦᠯᠳᠡ ᠴᠢᠨᠢ ᠬᠡᠩᠭᠡᠷᠭᠡ ᠪᠦᠷᠢᠶ᠎ᠡ ᠤᠷᠢᠶ᠎ᠠ ᠴᠢᠨᠢ ᠬᠡᠯᠡᠬᠦ ᠦᠭᠡᠢ ᠪᠦᠭᠦᠳᠡ ᠤᠯᠤᠰ ᠴᠢᠨᠢ ᠬᠡᠷᠦᠯᠦᠨ ᠦ᠌ ᠬᠥᠳᠡᠭᠡ ᠠᠷᠠᠯ ᠴᠢᠨᠢ ᠲᠡᠨᠳᠡ ᠪᠢᠯᠡ᠂ ᠡᠵᠡᠨ ᠮᠢᠨᠢ! ᠪᠦᠲᠦᠬᠦ ᠶ᠋ᠢᠨ ᠤᠷᠢᠳ ᠤᠴᠠᠷᠠᠭᠰᠠᠨ ᠪᠥᠷᠳᠡᠭᠡᠯᠵᠢᠨ ᠰᠡᠴᠡᠨ ᠬᠠᠲᠤᠨ ᠴᠢᠨᠢ ᠪᠤᠶᠠᠨᠲᠤ ᠭᠠᠵᠠᠷ ᠨᠤᠲᠤᠭ ᠴᠢᠨᠢ ᠪᠣᠭᠣᠷᠴᠤ ᠮᠤᠬᠤᠯᠠᠢ ᠨᠥᠬᠥᠳ ᠴᠢᠨᠢ ᠪᠤᠯᠲᠤ ᠶᠡᠬᠡ ᠤᠯᠤᠰ ᠴᠢᠨᠢ ᠲᠡᠨᠳᠡ ᠪᠢᠯᠡ᠂ ᠡᠵᠡᠨ ᠮᠢᠨᠢ! ᠬᠤᠪᠢᠯᠭᠠᠨ ᠢ᠋ᠶ᠋ᠠᠷ ᠤᠴᠠᠷᠠᠭᠰᠠᠨ ᠬᠤᠯᠠᠨ ᠬᠠᠲᠤᠨ ᠴᠢᠨᠢ ᠬᠤᠭᠤᠷ ᠴᠣᠭᠣᠷ ᠬᠥᠭ ᠳᠠᠭᠤᠤ ᠴᠢᠨᠢ ᠬᠣᠲᠠᠯᠠ ᠪᠦᠭᠦᠳᠡ ᠤᠯᠤᠰ ᠴᠢᠨᠢ ᠬᠤᠲᠤᠭᠲᠤ ᠡᠷᠬᠢᠮ ᠭᠠᠵᠠᠷ ᠤᠰᠤ ᠴᠢᠨᠢ ᠲᠡᠨᠳᠡ ᠪᠢᠯᠡ᠂ ᠡᠵᠡᠨ ᠮᠢᠨᠢ! ᠬᠠᠷᠭᠤᠨ᠎ᠠ ᠠᠭᠤᠯᠠ ᠶ᠋ᠢ ᠳᠤᠯᠠᠭᠠᠨ ᠭᠡᠵᠦ ᠬᠠᠷᠢ ᠲᠠᠩᠭ᠋ᠣᠳ ᠢ᠋ ᠣᠯᠠᠨ ᠭᠡᠵᠦ ᠬᠠᠲᠤᠳ ᠥᠬᠢᠳ ᠢ᠋ ᠭᠤᠸ᠎ᠠ ᠭᠡᠵᠦ ᠬᠠᠮᠤᠭ ᠮᠣᠩᠭ᠋ᠣᠯ ᠢ᠋ᠶ᠋ᠠᠨ ᠮᠠᠷᠲᠠᠪᠠ ᠤᠤ ᠬᠠᠢᠷᠠᠲᠤ ᠡᠵᠡᠨ ᠮᠢᠨᠢ! ᠬᠠᠯᠠᠭᠤᠨ ᠠᠮᠢ ᠶ᠋ᠢ ᠴᠢᠨᠢ ᠠᠯᠳᠠᠪᠠᠴᠤ ᠬᠠᠰ ᠡᠷᠳᠡᠨᠢ ᠮᠡᠲᠦ ᠬᠡᠭᠦᠷ ᠢ᠋ ᠴᠢᠨᠢ ᠬᠠᠮᠠᠭᠠᠯᠠᠨ ᠠᠪᠴᠤ ᠬᠠᠷᠢᠶ᠎ᠠ ᠡᠵᠡᠨ ᠮᠢᠨᠢ! ᠬᠠᠲᠤᠨ ᠪᠥᠷᠳᠡᠭᠡᠯᠵᠢᠨ ᠳ᠋ᠦ᠍ ᠴᠢᠨᠢ ᠦᠵᠡᠭᠦᠯᠦᠶ᠎ᠡ ᠬᠠᠮᠤᠭ ᠤᠯᠤᠰ ᠲᠤ᠌ ᠴᠢᠨᠢ ᠬᠦᠷᠭᠡᠶ᠎ᠡ》 ᠭᠡᠵᠦ ᠥᠴᠢᠪᠡᠯ ᠬᠠᠭᠠᠨ ᠡᠵᠡᠨ ᠡᠨᠡᠷᠢᠨ ᠰᠣᠶᠣᠷᠬᠠᠪᠠ᠃
ᠬᠠᠰᠠᠭ ᠲᠡᠷᠭᠡ ᠬᠠᠩᠭᠢᠷᠠᠰᠠᠨ ᠬᠥᠳᠡᠯᠪᠡ ᠬᠠᠮᠤᠭ ᠤᠯᠤᠰ ᠪᠠᠶᠠᠰᠬᠤᠯᠠᠩᠲᠤ ᠪᠣᠯᠪᠠ ᠬᠠᠨ ᠶᠡᠬᠡ ᠭᠠᠵᠠᠷ ᠲᠡᠨᠳᠡ ᠬᠦᠷᠪᠡ ᠬᠠᠮᠤᠭ ᠤ᠋ᠨ ᠮᠥᠩᠬᠡ ᠶ᠋ᠢ ᠲᠡᠨᠳᠡ ᠣᠷᠣᠰᠢᠭᠤᠯᠵᠤ ᠬᠠᠭᠠᠨ ᠵᠠᠢᠰᠠᠩ ᠤ᠋ᠳ ᠤ᠋ᠨ ᠲᠤᠯᠭᠠᠭᠤᠷᠢ ᠪᠣᠯᠵᠤ ᠬᠠᠮᠤᠭ ᠤᠯᠤᠰ ᠤ᠋ᠨ ᠰᠢᠲᠦᠭᠡᠨ ᠪᠣᠯᠤᠭᠠᠳ ᠨᠢᠮᠡᠨ ᠴᠠᠭᠠᠨ ᠭᠡᠷ ᠪᠣᠯᠪᠠ ᠵᠠ ᠃ ᠡᠨᠡ ᠶᠡᠬᠡ ᠤᠯᠤᠰ ᠲᠤ᠌ ᠲᠤᠩᠬᠠᠭ ᠵᠠᠷᠯᠠᠵᠤ ᠡᠮᠦᠰᠦᠭᠰᠡᠨ ᠴᠠᠮᠴᠠ᠂ ᠥᠷᠭᠥᠭᠡ ᠭᠡᠷ ᠣᠷᠢᠶᠠᠭᠰᠠᠨ ᠣᠢᠮᠣᠰᠤ ᠶ᠋ᠢ ᠲᠡᠨᠳᠡ ᠣᠩᠬᠣᠯᠠᠪᠠ᠃
ᠦᠨᠡᠨ ᠬᠡᠭᠦᠷ ᠢ᠋ ᠨᠢ ᠵᠠᠷᠢᠮ ᠤ᠋ᠳ ᠪᠤᠷᠬᠠᠨ ᠬᠠᠯᠳᠤᠨ ᠳ᠋ᠤ᠌ ᠣᠩᠬᠣᠯᠠᠪᠠ ᠭᠡᠬᠦ᠂ ᠵᠠᠷᠢᠮ ᠤ᠋ᠳ ᠠᠯᠲᠠᠢ ᠬᠠᠨ ᠤ᠋ ᠠᠷᠤ ᠳ᠋ᠤ᠌᠂ ᠬᠡᠨᠲᠡᠢ ᠬᠠᠨ ᠤ᠋ ᠥᠪᠥᠷ ᠲᠦ᠍ ᠶᠡᠬᠡ ᠬᠥᠲᠥᠭ ᠨᠡᠷᠡᠲᠦ ᠭᠠᠵᠠᠷ ᠣᠩᠬᠣᠯᠠᠪᠠ ᠭᠡᠬᠦ ᠪᠣᠢ᠃
269᠂ ᠬᠤᠯᠤᠭᠠᠨ᠎ᠠ ᠵᠢᠯ (1228 ᠣᠨ) ᠴᠠᠭᠠᠲᠠᠢ᠂ ᠪᠠᠲᠤ ᠲᠡᠷᠢᠭᠦᠲᠡᠨ ᠪᠠᠷᠠᠭᠤᠨ ᠭᠠᠷ ᠢ᠋ ᠡᠵᠡᠯᠡᠭᠰᠡᠨ ᠬᠥᠪᠡᠭᠦᠳ᠂  ᠣᠳᠴᠢᠭᠢᠨ ᠨᠣᠶᠠᠨ᠂ ᠶᠡᠬᠦ ᠂ ᠶᠢᠰᠦᠢ᠌ᠭᠡ ᠲᠡᠷᠢᠭᠦᠲᠡᠨ ᠵᠡᠭᠦᠨ ᠭᠠᠷ ᠢ᠋ ᠡᠵᠡᠯᠡᠭᠰᠡᠨ ᠬᠥᠪᠡᠭᠦᠳ᠂ ᠲᠤᠯᠤᠢ ᠲᠡᠷᠢᠭᠦᠲᠡᠨ ᠭᠣᠣᠯ ᠢ᠋ ᠡᠵᠡᠯᠡᠭᠰᠡᠨ ᠬᠥᠪᠡᠭᠦᠳ ᠥᠬᠢᠳ᠂ ᠲᠦᠮᠡᠨ ᠦ᠌ ᠨᠣᠶᠠᠳ᠂ ᠮᠢᠩᠭᠠᠨ ᠤ᠋ ᠨᠣᠶᠠᠳ ᠪᠦᠭᠦᠳᠡᠭᠡᠷ ᠬᠡᠷᠦᠯᠦᠨ ᠦ᠌ ᠬᠥᠳᠡᠭᠡ ᠠᠷᠠᠯ ᠳ᠋ᠤ᠌ (ᠣᠳᠣ ᠶ᠋ᠢᠨ ᠪᠠᠶᠠᠨ ᠤᠯᠠᠭᠠᠨ) ᠬᠤᠷᠠᠵᠤ᠂ ᠴᠢᠩᠭᠢᠰ ᠬᠠᠭᠠᠨ ᠤ᠋ ᠭᠡᠷᠢᠶᠡᠰᠦᠯᠡᠭᠰᠡᠨ ᠵᠠᠷᠯᠢᠭ ᠤ᠋ᠨ ᠶᠣᠰᠣ ᠪᠠᠷ ᠥᠭᠡᠳᠡᠢ ᠶ᠋ᠢ ᠬᠠᠭᠠᠨ ᠡᠷᠭᠦᠮᠵᠢᠯᠡᠪᠡ᠃ ᠴᠠᠭᠠᠲᠠᠢ ᠠᠬ᠎ᠠ᠂ ᠥᠭᠡᠳᠡᠢ ᠳᠡᠭᠦᠦ ᠪᠡᠨ ᠬᠠᠭᠠᠨ ᠡᠷᠭᠦᠮᠵᠢᠯᠡᠭᠡᠳ ᠴᠢᠩᠭᠢᠰ ᠬᠠᠭᠠᠨ ᠡᠴᠢᠭᠡ ᠶ᠋ᠢᠨ ᠠᠯᠲᠠᠨ ᠠᠮᠢ ᠶ᠋ᠢ ᠰᠠᠬᠢᠵᠤ ᠪᠠᠢᠭᠰᠠᠨ ᠬᠡᠪᠲᠡᠭᠦᠯ᠂ ᠬᠣᠷᠴᠢᠨ᠂ ᠮᠢᠩᠭᠠᠨ ᠲᠣᠷᠬᠠᠭ ᠤ᠋ᠳ ᠬᠠᠭᠠᠨ ᠡᠴᠢᠭᠡ ᠶ᠋ᠢᠨ ᠰᠢᠳᠠᠷ ᠶᠠᠪᠤᠭᠰᠠᠨ ᠥᠮᠴᠢ ᠲᠦᠮᠡᠨ ᠬᠡᠰᠢᠭᠲᠡᠨ ᠢ᠋ ᠴᠠᠭᠠᠲᠠᠢ ᠲᠤᠯᠤᠢ ᠬᠣᠶᠠᠷ᠂ ᠥᠭᠡᠳᠡᠢ ᠬᠠᠭᠠᠨ ᠳ᠋ᠤ᠌ ᠥᠭᠪᠡ᠃ ᠭᠣᠣᠯ ᠤ᠋ᠨ ᠤᠯᠤᠰ ᠢ᠋ ᠮᠥᠨ ᠶᠣᠰᠣ ᠪᠠᠷ ᠥᠭᠡᠳᠡᠢ ᠬᠠᠭᠠᠨ ᠳ᠋ᠤ᠌ ᠥᠭᠪᠡ᠃
270᠂ ᠥᠭᠡᠳᠡᠢ᠂ ᠬᠠᠭᠠᠨ ᠡᠷᠭᠦᠮᠵᠢᠯᠡᠭᠳᠡᠭᠡᠳ ᠰᠢᠳᠠᠷ ᠪᠠᠷ᠎ᠠ ᠪᠣᠯᠬᠤ ᠲᠦᠮᠡᠨ ᠬᠡᠰᠢᠭᠲᠡᠨ᠂ ᠭᠣᠣᠯ ᠤ᠋ᠨ ᠤᠯᠤᠰ ᠢ᠋ ᠥᠪᠡᠷ ᠢ᠋ᠶ᠋ᠡᠨ ᠵᠠᠬᠢᠷᠴᠤ ᠤᠷᠢᠳᠠᠪᠡᠷ ᠴᠠᠭᠠᠲᠠᠢ ᠠᠬ᠎ᠠ ᠲᠠᠢ ᠵᠥᠪᠯᠡᠭᠡᠳ᠂ ᠴᠢᠩᠭᠢᠰ ᠬᠠᠭᠠᠨ ᠡᠴᠢᠭᠡ ᠶ᠋ᠢᠨ ᠳᠠᠭᠤᠰᠬᠠᠭ᠎ᠠ ᠦᠭᠡᠢ ᠪᠠᠭᠳᠠᠳ᠋ ᠤᠯᠤᠰ ᠤ᠋ᠨ ᠬᠠᠯᠢᠫ ᠰᠤᠯᠲᠠᠨ ᠳ᠋ᠤ᠌ ᠠᠶᠠᠯᠠᠭᠰᠠᠨ ᠴᠣᠷᠮᠠᠬᠠᠨ ᠬᠣᠷᠴᠢ ᠶ᠋ᠢᠨ ᠬᠣᠢᠨ᠎ᠠ ᠠ᠋ᠴᠠ ᠣᠭᠣᠲᠣᠷ ᠮᠥᠩᠬᠡᠲᠦ ᠬᠣᠶᠠᠷ ᠢ᠋ ᠢᠯᠡᠭᠡᠪᠡ᠃ ᠪᠠᠰᠠ ᠤᠷᠢᠳᠤ ᠰᠦᠪᠡᠬᠡᠳᠡᠢ ᠪᠠᠭᠠᠲᠤᠷ ᠢ᠋ ᠬᠠᠩᠯᠢᠨ᠂ ᠬᠢᠪᠴᠠᠭ᠂ ᠪᠠᠵᠢᠭᠢᠳ᠂ ᠣᠷᠣᠰ᠂ ᠠᠰᠤ᠂ ᠰᠡᠰᠦ᠂ ᠮᠠᠵᠠᠷ᠂ ᠬᠡᠰᠢᠮᠢᠷ᠂ ᠰᠡᠷᠬᠡᠰ᠂ ᠪᠤᠬᠠᠷ (ᠪᠣᠯᠭᠠᠷᠢ)᠂ ᠭᠡᠷᠡᠯ ᠤᠯᠤᠰ ᠤ᠋ᠳ ᠲᠤ᠌ ᠬᠦᠷᠲᠡᠯ᠎ᠡ᠂ ᠢᠵᠢᠯ᠂ ᠵᠠᠶᠠᠭ ᠮᠥᠷᠡᠨ ᠦ᠋ᠳ ᠢ᠋ ᠭᠡᠲᠦᠯᠦᠭᠦᠯᠦᠨ᠂ ᠮᠠᠺᠠᠳᠮᠠᠨ᠂ ᠬᠡᠷᠡᠮᠡᠨ᠂ ᠭᠡᠢᠪᠡ ᠲᠡᠷᠢᠭᠦᠲᠡᠨ ᠬᠣᠲᠠ ᠶ᠋ᠢ ᠪᠠᠢᠯᠳᠤᠨ ᠡᠵᠡᠯᠡᠭᠦᠯᠬᠦ ᠪᠡᠷ ᠶᠠᠪᠤᠭᠤᠯᠤᠭᠰᠠᠨ ᠨᠢ ᠲᠡᠳᠡᠭᠡᠷ ᠤᠯᠤᠰ ᠤ᠋ᠨ ᠡᠰᠡᠷᠭᠦᠴᠡᠯ ᠦᠯᠡᠮᠵᠢ ᠭᠡᠬᠦ ᠮᠡᠳᠡᠭᠡ ᠶ᠋ᠢ ᠠᠪᠤᠭᠠᠳ ᠰᠦᠪᠡᠬᠡᠳᠡᠢ ᠶ᠋ᠢᠨ ᠬᠣᠢᠨ᠎ᠠ ᠠ᠋ᠴᠠ ᠪᠠᠲᠤ᠂ ᠪᠦᠷᠢ᠂ ᠭᠦᠶᠦᠭ᠂ ᠮᠥᠩᠬᠡ ᠲᠡᠷᠢᠭᠦᠲᠡᠨ ᠬᠠᠭᠠᠨ ᠤ᠋ ᠲᠥᠷᠥᠯ ᠦ᠋ᠨ ᠠᠬᠠᠮᠠᠳ ᠬᠥᠪᠡᠭᠦᠳ ᠨᠣᠶᠠᠳ ᠢ᠋ ᠮᠣᠷᠢᠯᠠᠭᠤᠯᠪᠠ᠃ ᠡᠨᠡ ᠠᠶᠠᠨ ᠳ᠋ᠤ᠌ ᠮᠣᠷᠳᠠᠭᠰᠠᠨ ᠬᠥᠪᠡᠭᠦᠳ ᠨᠣᠶᠠᠳ ᠢ᠋ ᠪᠠᠲᠤ ᠠᠬᠠᠯᠠᠨ ᠵᠠᠬᠢᠷᠲᠤᠭᠠᠢ! ᠭᠡᠵᠦ ᠵᠠᠷᠯᠢᠭ ᠪᠣᠯᠪᠠ᠃ ᠭᠣᠣᠯ ᠤᠯᠤᠰ ᠠ᠋ᠴᠠ ᠭᠠᠷᠤᠭᠰᠠᠨ ᠴᠡᠷᠢᠭ ᠢ᠋ ᠭᠦᠶᠦᠭ ᠠᠬᠠᠯᠠᠲᠤᠭᠠᠢ! ᠭᠡᠵᠦ ᠵᠠᠷᠯᠢᠭ ᠪᠣᠯᠪᠠ᠃ ᠡᠨᠡ ᠠᠶᠠᠨ ᠳ᠋ᠤ᠌ ᠤᠯᠤᠰ ᠢᠷᠭᠡᠨ ᠢ᠋ ᠵᠠᠬᠢᠷᠤᠭᠰᠠᠨ ᠬᠠᠨ ᠬᠥᠪᠡᠭᠦᠳ ᠥᠪᠡᠷᠰᠡᠳ ᠦ᠋ᠨ ᠬᠥᠪᠡᠭᠦᠳ ᠦ᠋ᠨ ᠠᠬᠠᠮᠠᠳ ᠢ᠋ ᠶᠠᠪᠤᠭᠤᠯᠲᠤᠭᠠᠢ! ᠤᠯᠤᠰ ᠢ᠋ ᠡᠰᠡ ᠵᠠᠬᠢᠷᠤᠭᠰᠠᠨ ᠬᠠᠨ ᠬᠥᠪᠡᠭᠦᠳ᠂ ᠲᠦᠮᠡᠨ᠂ ᠮᠢᠩᠭᠠᠨ᠂ ᠵᠠᠭᠤᠨ᠂ ᠠᠷᠪᠠᠨ ᠤ᠋ ᠨᠣᠶᠠᠳ᠂ ᠣᠯᠠᠨ ᠬᠥᠮᠦᠨ ᠬᠡᠨ ᠪᠣᠯᠪᠠᠴᠤ᠂ ᠮᠥᠨ ᠲᠡᠷᠡᠴᠢᠯᠡᠨ ᠥᠪᠡᠷ ᠦ᠋ᠨ ᠬᠥᠪᠡᠭᠦᠳ ᠦ᠋ᠨ ᠠᠬᠠᠮᠠᠳ ᠢ᠋ ᠶᠠᠪᠤᠭᠤᠯᠲᠤᠭᠠᠢ! ᠬᠠᠨ ᠤ᠋ ᠥᠬᠢᠳ ᠬᠦᠷᠭᠡᠳ ᠮᠥᠨ ᠲᠡᠭᠦᠨ ᠦ᠌ ᠠᠳᠠᠯᠢ ᠪᠠᠷ ᠬᠥᠪᠡᠭᠦᠳ ᠦ᠋ᠨ ᠢ᠋ᠶ᠋ᠡᠨ ᠠᠬᠠᠮᠠᠳ ᠢ᠋ ᠶᠠᠪᠤᠭᠤᠯᠲᠤᠭᠠᠢ! ᠭᠡᠵᠦ ᠵᠠᠷᠯᠢᠭ ᠪᠣᠯᠤᠭᠠᠳ ᠪᠠᠰᠠ ᠥᠭᠡᠳᠡᠢ ᠬᠠᠭᠠᠨ ᠥᠭᠦᠯᠡᠷᠦᠨ᠄ 《ᠬᠥᠪᠡᠭᠦᠳ ᠦ᠋ᠨ ᠠᠬᠠᠮᠠᠳ ᠢ᠋ ᠢᠩᠭᠢᠵᠦ ᠠᠶᠠᠨ ᠳ᠋ᠤ᠌ ᠶᠠᠪᠤᠭᠤᠯᠬᠤ ᠰᠠᠨᠠᠯ ᠢ᠋ ᠴᠠᠭᠠᠲᠠᠢ ᠠᠬ᠎ᠠ ᠭᠠᠷᠭᠠᠪᠠ᠃ ᠴᠠᠭᠠᠳᠠᠢᠠᠬ᠎ᠠ ᠶ᠋ᠢᠨ ᠬᠡᠯᠡᠭᠦᠯᠦᠭᠰᠡᠨ ᠨᠢ᠄ 〈ᠰᠦᠪᠡᠬᠡᠳᠡᠢ ᠶ᠋ᠢᠨ ᠬᠣᠢᠨ᠎ᠠ ᠠ᠋ᠴᠠ ᠬᠥᠪᠡᠭᠦᠳ ᠦ᠋ᠨ ᠢ᠋ᠶ᠋ᠡᠨ ᠠᠬ᠎ᠠ ᠪᠦᠷᠢ ᠶ᠋ᠢ ᠶᠠᠪᠤᠭᠤᠯᠤᠨ᠎ᠠ᠃ ᠬᠥᠪᠡᠭᠦᠳ ᠦ᠋ᠨ ᠠᠬ᠎ᠠ ᠠᠶᠠᠯᠠᠪᠠᠯ ᠴᠡᠷᠢᠭ ᠠᠷᠪᠢᠨ ᠪᠣᠯᠤᠨ᠎ᠠ᠃ ᠴᠡᠷᠢᠭ ᠣᠯᠠᠨ ᠪᠣᠯ ᠦᠵᠡᠭᠳᠡᠬᠦ ᠰᠦᠷ ᠬᠦᠴᠦ ᠶᠡᠬᠡ ᠪᠣᠯᠤᠨ᠎ᠠ᠃ ᠲᠡᠨᠳᠡ᠂ ᠳᠠᠢᠰᠤᠨ ᠤ᠋ ᠬᠥᠮᠦᠨ ᠦᠯᠡᠮᠵᠢ᠂ ᠬᠠᠷᠢ ᠶ᠋ᠢᠨ ᠤᠯᠤᠰ ᠣᠯᠠᠨ ᠪᠣᠢ᠃ ᠲᠡᠷᠡ ᠬᠢᠵᠠᠭᠠᠷ ᠤ᠋ᠨ ᠤᠯᠤᠰ ᠤ᠋ᠳ ᠬᠡᠴᠡᠭᠦᠦ᠃ ᠬᠢᠯᠢᠩᠨᠡᠪᠡᠯ ᠥᠪᠡᠷ ᠦ᠋ᠨ ᠪᠡᠶ᠎ᠡ ᠶ᠋ᠢ ᠮᠡᠰᠡ ᠪᠡᠷ ᠬᠣᠣᠷᠯᠠᠵᠤ ᠦᠬᠦᠬᠦ ᠤᠯᠤᠰ ᠪᠣᠢ᠃ ᠬᠤᠷᠴᠠ ᠮᠡᠰᠡ ᠲᠡᠢ ᠭᠡᠨ᠎ᠡ〉 ᠭᠡᠵᠦ ᠢᠯᠡᠭᠡᠯ᠎ᠡ᠃ ᠴᠠᠭᠠᠲᠠᠢ ᠠᠬ᠎ᠠ ᠶᠢᠨ ᠬᠢᠴᠢᠶᠡᠨ ᠪᠣᠯᠭᠣᠮᠵᠢᠯᠠᠵᠤ ᠬᠡᠯᠡᠭᠰᠡᠨ ᠡᠨᠡ ᠦᠭᠡ ᠶ᠋ᠢᠨ ᠶᠣᠰᠣ ᠪᠠᠷ ᠬᠥᠪᠡᠭᠦᠳ ᠦ᠋ᠨ ᠠᠬᠠᠮᠠᠳ ᠢ᠋ ᠲᠣᠮᠢᠯᠠᠵᠤ ᠶᠠᠪᠤᠭᠤᠯᠤᠶ᠎ᠠ! ᠭᠡᠵᠦ ᠵᠦᠭ ᠵᠦᠭ ᠲᠦ᠍ ᠲᠤᠩᠬᠠᠭ ᠵᠠᠷᠯᠠᠵᠤ ᠪᠠᠲᠤ᠂ ᠪᠦᠷᠢ᠂ ᠬᠥᠶᠦᠭ᠂ ᠮᠥᠩᠬᠡ ᠲᠡᠷᠢᠭᠦᠲᠡᠨ ᠢ᠋ ᠠᠶᠠᠨ ᠳ᠋ᠤ᠌ ᠮᠣᠷᠳᠠᠭᠤᠯᠬᠤ ᠪᠣᠯᠤᠭᠰᠠᠨ ᠤᠴᠢᠷ ᠡᠢᠮᠦ ᠪᠢᠯᠡ》 ᠭᠡᠵᠡᠢ᠃
271᠂ ᠪᠠᠰᠠ ᠥᠭᠡᠳᠡᠢ ᠬᠠᠭᠠᠨ᠂ ᠴᠠᠭᠠᠲᠠᠢ ᠠᠬ᠎ᠠ ᠳ᠋ᠤ᠌ ᠵᠥᠪᠯᠡᠵᠦ ᠢᠯᠡᠭᠡᠭᠰᠡᠨ ᠨᠢ᠄ 《ᠪᠢ ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠪᠡᠯᠡᠨ ᠰᠠᠭᠤᠷᠢᠨ ᠳ᠋ᠤ᠌ ᠰᠠᠭᠤᠪᠠ᠃ ᠶᠠᠮᠠᠷ ᠡᠷᠳᠡᠮ ᠢ᠋ᠶ᠋ᠡᠷ ᠬᠠᠭᠠᠨ ᠰᠠᠭᠤᠪᠠ? ᠭᠡᠵᠦ ᠪᠢ ᠬᠡᠯᠡᠳᠡᠭ ᠪᠢᠰᠢᠦ? ᠴᠠᠭᠠᠲᠠᠢ ᠠᠬ᠎ᠠ ᠵᠥᠪᠰᠢᠶᠡᠷᠡᠪᠡᠯ ᠪᠢᠳᠡᠨ ᠦ᠌ ᠬᠠᠭᠠᠨ ᠡᠴᠢᠭᠡ ᠶ᠋ᠢᠨ ᠡᠵᠡᠯᠡᠵᠦ ᠳᠠᠭᠤᠰᠤᠭ᠎ᠠ ᠦᠭᠡᠢ ᠣᠷᠬᠢᠭᠰᠠᠨ ᠬᠢᠲᠠᠳ ᠤᠯᠤᠰ ᠤ᠋ᠨ ᠠᠯᠲᠠᠨ ᠬᠠᠭᠠᠨ ᠢ᠋ ᠡᠵᠡᠯᠡᠬᠦ ᠪᠡᠷ ᠮᠣᠷᠢᠯᠠᠶ᠎ᠠ》 ᠭᠡᠵᠦ ᠵᠥᠪᠯᠡᠵᠦ ᠢᠯᠡᠭᠡᠪᠡᠯ ᠴᠠᠭᠠᠲᠠᠢ ᠠᠬ᠎ᠠ ᠵᠥᠪᠰᠢᠶᠡᠷᠡᠵᠦ 《ᠶᠠᠭᠤ ᠠᠯᠵᠠᠬᠤ ᠪᠣᠢ? ᠠᠭᠤᠷᠤᠭ ᠤᠷᠲᠤ ᠪᠠᠨ ᠰᠠᠢᠨ ᠬᠥᠮᠦᠨ ᠳ᠋ᠦ᠍ ᠲᠤᠰᠢᠶᠠᠭᠠᠳ ᠮᠣᠷᠢᠯᠠᠭᠲᠤᠨ! ᠪᠢ ᠡᠨᠳᠡ ᠡᠴᠡ ᠴᠡᠷᠢᠭ ᠭᠠᠷᠭᠠᠵᠤ ᠢᠯᠡᠭᠡᠶ᠎ᠡ!》 ᠭᠡᠵᠡᠢ᠃ ᠶᠡᠬᠡ ᠤᠷᠲᠤ ᠪᠠᠨ ᠣᠯᠳᠠᠭᠠᠷ ᠬᠣᠷᠴᠢ ᠳ᠋ᠤ᠌ ᠲᠤᠰᠢᠶᠠᠪᠠ᠃
272᠂ ᠲᠠᠤᠯᠠᠢ ᠵᠢᠯ (1231ᠣᠨ) ᠥᠭᠡᠳᠡᠢ ᠬᠠᠭᠠᠨ᠂ ᠬᠢᠲᠠᠳ ᠢᠷᠭᠡᠨ ᠳ᠋ᠦ᠍ ᠮᠣᠷᠢᠯᠠᠵᠤ᠂ ᠵᠠᠪᠠᠵᠢ ᠮᠠᠩᠯᠠᠢ ᠪᠣᠯᠭᠠᠵᠤ ᠢᠯᠡᠭᠡᠪᠡ᠃ ᠲᠡᠭᠡᠭᠡᠳ ᠬᠢᠲᠠᠳ ᠤ᠋ᠨ ᠴᠡᠷᠢᠭ ᠢ᠋ ᠬᠢᠶᠠᠷᠠᠲᠠᠯ᠎ᠠ ᠬᠢᠳᠤᠵᠤ᠂ ᠴᠠᠪᠴᠢᠶᠠᠯ ᠤ᠋ᠨ ᠳᠠᠪᠠᠭ᠎ᠠ ᠪᠠᠷ ᠳᠠᠪᠠᠵᠤ ᠵᠦᠭ ᠵᠦᠭ ᠲᠦ᠍ ᠣᠯᠠᠨ ᠬᠣᠲᠠ ᠶ᠋ᠢ ᠬᠠᠭᠠᠵᠤ ᠪᠠᠢᠯᠳᠤᠬᠤ ᠴᠡᠷᠢᠭ ᠦ᠋ᠳ ᠢ᠋ ᠶᠠᠪᠤᠭᠤᠯᠪᠠ᠃ ᠲᠡᠷᠡ ᠦᠶ᠎ᠡ ᠳ᠋ᠦ᠍ ᠥᠭᠡᠳᠡᠢ ᠬᠠᠭᠠᠨ ᠡᠪᠡᠳᠴᠢᠨ ᠬᠦᠷᠴᠦ ᠦᠭᠡ ᠬᠡᠯᠡᠵᠦ ᠴᠢᠳᠠᠬᠤ ᠦᠭᠡᠢ ᠪᠣᠯᠪᠠ᠃ ᠪᠥᠬᠡ᠂ ᠲᠦᠯᠬᠢᠴᠢᠨ ᠨᠠᠷ ᠢ᠋ᠶ᠋ᠠᠷ ᠮᠡᠷᠭᠡᠯᠡᠭᠦᠯᠪᠡᠯ ᠬᠢᠲᠠᠳ ᠤᠯᠤᠰ ᠤ᠋ᠨ ᠭᠠᠵᠠᠷ ᠤᠰᠤᠨ ᠤ᠋ ᠡᠵᠡᠳ᠂ ᠬᠥᠮᠦᠨ ᠬᠥᠷᠥᠩᠭᠡ ᠪᠡᠨ ᠰᠦᠢᠳᠦᠭᠦᠯᠵᠦ᠂ ᠬᠣᠲᠠ ᠪᠠᠯᠭᠠᠰᠤ ᠪᠠᠨ ᠡᠪᠳᠡᠭᠦᠯᠦᠭᠰᠡᠨ ᠦ᠌ ᠤᠴᠢᠷ ᠬᠢᠯᠢᠩᠨᠡᠨ ᠬᠠᠭᠠᠨ ᠳ᠋ᠤ᠌ ᠬᠣᠣᠷ ᠬᠦᠷᠭᠡᠵᠦ ᠪᠠᠢᠨ᠎ᠠ ᠭᠡᠪᠡ᠃ ᠬᠥᠮᠦᠨ ᠬᠥᠷᠥᠩᠭᠡ᠂ ᠠᠯᠲᠠ ᠮᠥᠩᠭᠥ᠂ ᠠᠳᠤᠭᠤᠰᠤ ᠢᠷᠭᠡᠨ ᠢ᠋ᠶ᠋ᠡᠷ ᠵᠣᠯᠢᠶ᠎ᠠ ᠥᠭᠭᠦᠶ᠎ᠡ ᠭᠡᠵᠦ ᠲᠥᠯᠭᠡᠳᠡᠪᠡᠯ ᠢᠯᠠᠷᠢᠰᠢᠬᠤ ᠦᠭᠡᠢ ᠬᠠᠷᠢᠨ ᠤᠯᠠᠮ ᠬᠦᠨᠳᠦ ᠪᠣᠯᠪᠠ᠃ ᠣᠢᠷ᠎ᠠ ᠲᠥᠷᠥᠯ ᠦ᠋ᠨ ᠬᠥᠮᠦᠰ ᠡᠴᠡ ᠵᠣᠯᠢᠶ᠎ᠠ ᠪᠣᠯᠭᠠᠵᠤ ᠥᠭᠭᠦᠶ᠎ᠡ ᠭᠡᠵᠦ ᠳᠥᠯᠭᠡᠳᠡᠪᠡᠯ ᠬᠠᠭᠠᠨ ᠭᠡᠨᠡᠳᠲᠡ ᠨᠢᠳᠦ ᠪᠡᠨ ᠨᠡᠭᠡᠭᠡᠵᠦ ᠤᠰᠤ ᠭᠦᠶᠦᠵᠦ ᠤᠤᠭᠤᠭᠠᠳ 《ᠶᠠᠭᠤ ᠪᠣᠯᠪᠠ?》 ᠭᠡᠵᠦ ᠠᠰᠠᠭᠤᠪᠠ᠃ ᠪᠥᠬᠡ ᠨᠠᠷ ᠥᠭᠦᠯᠡᠷᠦᠨ᠄ 《ᠬᠢᠲᠠᠳ ᠤᠯᠤᠰ ᠤ᠋ᠨ ᠭᠠᠵᠠᠷ ᠤᠰᠤᠨ ᠤ᠋ ᠡᠵᠡᠳ ᠭᠠᠵᠠᠷ ᠢ᠋ᠶ᠋ᠠᠨ ᠰᠦᠢᠳᠬᠡᠭᠦᠯᠵᠦ᠂ ᠬᠥᠮᠦᠨ ᠬᠥᠷᠥᠩᠭᠡ ᠪᠡᠨ ᠲᠠᠯᠠᠯᠠᠭᠤᠯᠤᠭᠠᠳ ᠬᠣᠣᠷᠯᠠᠵᠤ ᠡᠢᠮᠦ ᠡᠪᠡᠳᠴᠢᠨ ᠬᠦᠷᠭᠡᠵᠡᠢ᠃ ᠡᠯᠳᠡᠪ ᠪᠤᠰᠤᠳ ᠶᠠᠭᠤᠮ᠎ᠠ ᠪᠠᠷ ᠵᠣᠯᠢᠶ᠎ᠠ ᠲᠥᠯᠥᠭᠡᠰᠦ ᠥᠭᠭᠦᠶ᠎ᠡ ᠭᠡᠬᠦ ᠳ᠋ᠦ᠍ ᠵᠥᠪᠰᠢᠶᠡᠷᠡᠬᠦ ᠦᠭᠡᠢ ᠤᠯᠠᠮ ᠬᠢᠯᠢᠩᠨᠡᠵᠦ ᠪᠠᠢᠨ᠎ᠠ᠃ ᠭᠠᠭᠴᠠ ᠬᠦ ᠣᠶ᠋‍ᠢᠷ᠎ᠠ ᠲᠥᠷᠥᠯ ᠦ᠋ᠨ ᠬᠥᠮᠦᠨ ᠢ᠋ ᠵᠣᠯᠢᠶ᠎ᠠ ᠪᠣᠯᠭᠠᠵᠤ ᠥᠭᠭᠦᠶ᠎ᠡ ᠭᠡᠪᠡᠯ ᠵᠥᠪᠰᠢᠶᠡᠷᠡᠵᠦ ᠡᠪᠡᠳᠴᠢᠨ ᠢ᠋ ᠬᠥᠩᠭᠡᠷᠡᠭᠦᠯᠵᠦ ᠪᠠᠢᠨ᠎ᠠ᠃ ᠣᠳᠣ ᠶᠠᠭᠠᠬᠢᠬᠤ ᠶ᠋ᠢ ᠵᠠᠷᠯᠢᠭ ᠮᠡᠳᠡᠨ᠎ᠡ!》 ᠭᠡᠵᠦ ᠥᠴᠢᠪᠡᠯ ᠥᠭᠡᠳᠡᠢ ᠵᠠᠷᠯᠢᠭ ᠪᠣᠯᠤᠷᠤᠨ᠄ 《ᠬᠠᠨ ᠬᠥᠪᠡᠭᠦᠳ ᠡᠴᠡ ᠮᠢᠨᠦ ᠳᠡᠷᠭᠡᠳᠡ ᠬᠡᠨ ᠪᠠᠢᠨ᠎ᠠ?》 ᠭᠡᠪᠡᠯ᠂ ᠳᠡᠷᠭᠡᠳᠡ ᠨᠢ ᠪᠠᠢᠭᠰᠠᠨ ᠲᠤᠯᠤᠢ ᠥᠭᠦᠯᠡᠷᠦᠨ᠄ 《ᠰᠤᠤᠲᠤ ᠴᠢᠩᠭᠢᠰ ᠬᠠᠭᠠᠨ ᠡᠴᠢᠭᠡ ᠮᠢᠨᠢ᠂ ᠳᠡᠭᠡᠷ᠎ᠡ ᠴᠢᠨᠢ ᠠᠬ᠎ᠠ ᠨᠠᠷ᠂ ᠳᠣᠣᠷ᠎ᠠ ᠴᠢᠨᠢ ᠳᠡᠭᠦᠦ ᠨᠠᠷ ᠪᠠᠢᠲᠠᠯ᠎ᠠ᠂ ᠬᠠᠭᠠᠨ ᠠᠬ᠎ᠠ ᠲᠠᠨ ᠢ᠋ ᠠᠭᠲᠠ ᠮᠣᠷᠢ ᠰᠢᠭ᠋ ᠰᠣᠷᠢᠵᠤ᠂ ᠢᠷᠭᠡ ᠬᠣᠨᠢ ᠰᠢᠭ᠋ ᠪᠠᠷᠢᠯᠠᠵᠤ ᠦᠵᠡᠭᠡᠳ ᠶᠡᠬᠡ ᠰᠠᠭᠤᠷᠢᠨ ᠳ᠋ᠤ᠌ ᠰᠠᠭᠤᠯᠭᠠᠵᠤ᠂ ᠣᠯᠠᠨ ᠤᠯᠤᠰ ᠢ᠋ ᠵᠠᠬᠢᠷᠬᠤ ᠳᠡᠭᠡᠳᠦ ᠡᠭᠦᠷᠭᠡ ᠶ᠋ᠢ ᠳᠠᠭᠠᠭᠠᠯᠭᠠᠪᠠ᠃ ᠨᠠᠮ᠎ᠠ ᠶ᠋ᠢ ᠬᠠᠭᠠᠨ ᠠᠬ᠎ᠠ ᠶ᠋ᠢᠨ ᠳᠡᠷᠭᠡᠳᠡ ᠪᠠᠢᠵᠤ᠂ ᠮᠠᠷᠲᠠᠭᠰᠠᠨ ᠢ᠋ ᠰᠠᠨᠠᠭᠤᠯᠵᠤ᠂ ᠤᠨᠲᠠᠭᠰᠠᠨ ᠢ᠋ ᠰᠡᠷᠢᠭᠦᠯᠵᠦ ᠶᠠᠪᠤ ᠭᠡᠰᠡᠨ ᠪᠢᠯᠡ᠃ ᠣᠳᠣ ᠬᠠᠭᠠᠨ ᠠᠬ᠎ᠠ ᠴᠢᠮ᠎ᠠ ᠶ᠋ᠢ ᠠᠯᠳᠠᠪᠠᠯ᠂ ᠪᠢ ᠬᠡᠨ ᠦ᠌ ᠮᠠᠷᠲᠠᠭᠰᠠᠨ ᠢ᠋ ᠰᠠᠨᠠᠭᠤᠯᠵᠤ᠂ ᠬᠡᠨ ᠦ᠌ ᠤᠨᠲᠠᠭᠰᠠᠨ ᠢ᠋ ᠰᠡᠷᠢᠭᠦᠯᠬᠦ ᠪᠣᠢ? ᠦᠨᠡᠬᠡᠷ ᠬᠠᠭᠠᠨ ᠠᠬ᠎ᠠ ᠮᠠᠭᠤᠵᠢᠷᠠᠪᠠᠯ᠂ ᠣᠯᠠᠨ ᠮᠣᠩᠭ᠋ᠣᠯ ᠤᠯᠤᠰ ᠥᠨᠥᠴᠢᠷᠡᠵᠦ᠂ ᠬᠢᠲᠠᠳ ᠤᠯᠤᠰ ᠪᠠᠶᠠᠰᠬᠤ ᠪᠣᠯᠤᠨ᠎ᠠ᠃ ᠬᠠᠭᠠᠨ ᠠᠬ᠎ᠠ ᠶ᠋ᠢᠨ ᠣᠷᠣᠨ ᠳ᠋ᠤ᠌ ᠪᠢ ᠵᠣᠯᠢᠶ᠎ᠠ ᠪᠣᠯᠤᠶ᠎ᠠ! ᠳᠤᠯᠠᠨ ᠵᠢᠭᠠᠰᠤᠨ ᠤ᠋ ᠨᠢᠷᠤᠭᠤ ᠶ᠋ᠢ ᠲᠣᠭᠳᠠᠷᠠᠵᠣ ᠶᠠᠪᠤᠯ᠎ᠠ ᠪᠢ᠂ ᠬᠠᠯᠢᠮᠤ ᠵᠢᠭᠠᠰᠤᠨ ᠤ᠋ ᠨᠢᠷᠤᠭᠤ ᠶ᠋ᠢ ᠬᠢᠷᠠᠭᠠᠵᠣ ᠶᠠᠪᠤᠯ᠎ᠠ ᠪᠢ᠃ ᠢᠯᠡ ᠶ᠋ᠢ ᠢᠯᠠᠵᠤ᠂ ᠳᠠᠯᠳᠠ ᠶ᠋ᠢ ᠳᠠᠷᠤᠵᠤ ᠪᠠᠢᠪᠠ᠃ ᠮᠢᠨᠦ ᠨᠢᠭᠤᠷ ᠭᠤᠸ᠎ᠠ᠂ ᠨᠢᠷᠤᠭᠤ ᠥᠨᠳᠥᠷ ᠪᠢᠵᠡ᠃ ᠪᠥᠬᠡ ᠨᠠᠷ ᠪᠥᠬᠡᠯᠡᠵᠦ ᠵᠠᠯᠪᠠᠷᠢᠭᠲᠤᠨ!》 ᠭᠡᠪᠡ᠃ ᠪᠥᠬᠡ ᠨᠠᠷ ᠪᠥᠬᠡᠯᠡᠨ ᠵᠠᠯᠪᠠᠷᠢᠵᠤ᠂ ᠠᠳᠢᠰᠯᠠᠨ ᠤᠰᠤ ᠶ᠋ᠢ ᠲᠤᠯᠤᠢ ᠳ᠋ᠤ᠌ ᠤᠤᠭᠤᠯᠭᠠᠪᠠ᠃ ᠪᠢᠴᠢᠬᠠᠨ ᠰᠠᠭᠤᠭᠠᠳ ᠥᠭᠦᠯᠡᠷᠦᠨ᠄ 《ᠰᠣᠭᠲᠣᠪᠠ ᠪᠢ᠃ ᠰᠣᠭᠲᠣᠭᠰᠠᠨ ᠠ᠋ᠴᠠ ᠰᠡᠷᠭᠦᠲᠡᠯ᠎ᠡ ᠥᠨᠥᠴᠢᠨ ᠥᠴᠦᠬᠡᠨ ᠳᠡᠭᠦᠦ ᠨᠠᠷ ᠪᠠ ᠪᠡᠯᠪᠡᠰᠦᠨ ᠪᠡᠷᠢ ᠪᠡᠷᠢᠶᠡᠳ ᠢ᠋ ᠬᠥᠮᠦᠵᠢᠭᠦᠯᠦᠨ ᠠᠰᠠᠷᠠᠬᠤ ᠶ᠋ᠢ ᠬᠠᠭᠠᠨ ᠠᠬ᠎ᠠ ᠮᠡᠳᠡᠲᠦᠭᠡᠢ! ᠠᠯᠢᠪᠠ ᠦᠭᠡ ᠪᠡᠨ ᠬᠡᠯᠡᠪᠡ ᠪᠢ᠃ ᠰᠣᠭᠲᠣᠪᠠ!》 ᠭᠡᠳ ᠭᠠᠷᠤᠨ ᠣᠳᠴᠤ ᠮᠠᠭᠤᠵᠢᠷᠠᠭᠰᠠᠨ ᠪᠢᠯᠡ᠃
273᠂ ᠥᠭᠡᠳᠡᠢ ᠬᠠᠭᠠᠨ᠂ ᠲᠡᠭᠡᠭᠡᠳ ᠠᠯᠲᠠᠨ ᠬᠠᠭᠠᠨ ᠢ᠋ ᠮᠥᠬᠥᠭᠡᠵᠦ ᠰᠠᠥᠰᠠ (ᠵᠠᠷᠤᠴᠠ) ᠨᠡᠷ᠎ᠡ ᠶ᠋ᠢ ᠥᠭᠴᠦ ᠂ ᠠᠯᠲᠠ᠂ ᠮᠥᠩᠭᠥ᠂ ᠠᠯᠲᠠᠲᠠᠢ ᠬᠡ ᠲᠡᠢ ᠠᠭᠤᠷᠰᠤ ᠲᠠᠸᠠᠷ᠂ ᠠᠭᠲᠠ ᠮᠣᠷᠢ ᠠᠯᠪᠠᠲᠤ ᠵᠠᠷᠤᠴᠠ ᠶ᠋ᠢ ᠬᠤᠷᠢᠶᠠᠵᠤ ᠠᠪᠤᠭᠠᠳ ᠵᠠᠬᠢᠷᠤᠭᠴᠢ᠂ ᠮᠡᠳᠡᠭᠡᠯᠡᠭᠴᠢ ᠨᠠᠷ ᠢ᠋ ᠲᠣᠮᠢᠯᠠᠭᠠᠳ ᠨᠠᠠᠵᠢᠩ᠂ ᠵᠥᠩᠲᠦ ᠪᠠ ᠵᠦᠭ ᠵᠦᠭ ᠦ᠋ᠨ ᠬᠣᠲᠠ ᠤ᠋ᠳ ᠲᠤ᠌ ᠳᠠᠷᠤᠭ᠎ᠠ ᠨᠠᠷ ᠢ᠋ ᠲᠠᠯᠪᠢᠵᠤ ᠲᠦᠪᠰᠢᠨ ᠮᠡᠨᠳᠦ ᠪᠡᠷ ᠪᠤᠴᠠᠵᠤ᠂ ᠬᠠᠷᠠᠬᠣᠷᠣᠮ ᠬᠣᠲᠠ ᠳ᠋ᠤ᠌ ᠢᠷᠡᠵᠦ ᠪᠠᠭᠤᠪᠠ᠃
274᠂  ᠴᠤᠷᠮᠠᠬᠠᠨ ᠬᠣᠷᠴᠢ᠂ ᠪᠠᠭᠳᠠᠳ᠋ ᠤᠯᠤᠰ ᠢ᠋ ᠳᠠᠭᠠᠭᠤᠯᠵᠠᠢ᠃ ᠲᠡᠨᠳᠡᠬᠢ ᠶ᠋ᠢᠨ ᠭᠠᠵᠠᠷ ᠰᠠᠢᠨ᠂ ᠡᠳ᠋ ᠡᠷᠬᠢᠮ ᠭᠡᠳᠡᠭ ᠢ᠋ ᠮᠡᠳᠡᠭᠡᠳ ᠥᠭᠡᠳᠡᠢ ᠬᠠᠭᠠᠨ ᠵᠠᠷᠯᠢᠭ ᠪᠣᠯᠤᠷᠤᠨ᠄ 《 ᠴᠤᠷᠮᠠᠬᠠᠨ ᠬᠣᠷᠴᠢ᠂ ᠮᠥᠨ ᠲᠡᠷᠡ ᠭᠠᠵᠠᠷ ᠲᠤ᠌ ᠵᠠᠬᠢᠷᠤᠭᠴᠢ (ᠲᠠᠮᠠᠭᠠᠴᠢ) ᠪᠣᠯᠵᠤ᠂ ᠰᠢᠷ᠎ᠠ ᠠᠯᠲᠠ᠂ ᠰᠢᠷᠠᠮᠠᠯ ᠴᠢᠮᠡᠭ᠂ ᠬᠣᠷᠭᠣᠢ᠂ ᠮᠠᠩᠨᠤᠭ᠂ ᠭᠬᠢᠪ᠂ ᠲᠣᠷᠭ᠎ᠠ᠂ ᠰᠤᠪᠤᠳ᠂ ᠲᠠᠨ᠎ᠠ᠂ ᠤᠷᠲᠤ ᠬᠦᠵᠦᠭᠦᠦ ᠲᠡᠢ᠂ ᠥᠨᠳᠥᠷ ᠬᠥᠯ ᠲᠡᠢ ᠠᠷᠭᠤᠮᠠᠭ ᠮᠣᠷᠢ᠂ ᠠᠴᠢᠶᠠᠨ ᠤ᠋ ᠲᠡᠮᠡᠭᠡ᠂ ᠯᠠᠭᠤᠰᠠ ᠵᠡᠷᠭᠡ ᠶᠠᠭᠤᠮ᠎ᠠ ᠶ᠋ᠢ ᠵᠢᠯ ᠪᠦᠷᠢ ᠬᠦᠷᠭᠡᠨ ᠢᠷᠡᠭᠦᠯᠵᠦ ᠪᠠᠢ᠌ᠭᠳᠣᠨ!》 ᠭᠡᠪᠡ᠃ ᠰᠦᠪᠡᠬᠡᠳᠡᠢ ᠪᠠᠭᠠᠲᠤᠷ ᠤ᠋ᠨ ᠬᠣᠢᠨ᠎ᠠ ᠠ᠋ᠴᠠ ᠶᠠᠪᠤᠭᠰᠠᠨ ᠪᠠᠲᠤ᠂ ᠪᠦᠷᠢ᠂ ᠬᠥᠶᠦᠭ᠂ ᠮᠥᠩᠬᠡ ᠲᠡᠷᠢᠭᠦᠲᠡᠨ ᠣᠯᠠᠨ ᠬᠥᠪᠡᠭᠦᠳ ᠬᠠᠩᠯᠢᠨ᠂ ᠬᠢᠪᠴᠠᠭ᠂ ᠪᠠᠵᠢᠭᠢᠳ ᠢ᠋ ᠣᠷᠣᠭᠤᠯᠵᠤ᠂ ᠢᠵᠢᠯ᠂ ᠵᠠᠶᠠᠭ ᠮᠥᠷᠡᠨ ᠢ᠋ ᠭᠡᠲᠦᠯᠵᠦ ᠮᠡᠬᠡᠥᠨ ᠬᠣᠲᠠ ᠶ᠋ᠢ ᠡᠪᠳᠡᠵᠦ ᠣᠷᠣᠰ ᠢ᠋ ᠬᠢᠳᠤᠵᠤ ᠰᠦᠢᠳᠬᠡᠪᠡ᠃ ᠠᠰᠤ᠂ ᠰᠡᠰᠦ᠂ ᠪᠣᠯᠭᠠᠷᠢ᠂ ᠬᠡᠷᠡᠮᠡᠨ᠂ ᠬᠢᠧᠨ ᠵᠡᠷᠭᠡ ᠬᠣᠲᠠ ᠶ᠋ᠢᠨ ᠢᠷᠭᠡᠨ ᠢ᠋ ᠡᠵᠡᠯᠡᠨ ᠳᠠᠭᠠᠭᠤᠯᠵᠤ᠂ ᠳᠠᠷᠤᠭ᠎ᠠ ᠵᠠᠬᠢᠷᠤᠭᠴᠢ ᠨᠠᠷ ᠢ᠋ ᠲᠠᠯᠪᠢᠭᠠᠳ ᠪᠤᠴᠠᠪᠠ᠃ ᠤᠷᠢᠳᠤ ᠵᠦᠷᠴᠢᠳ ᠰᠣᠯᠣᠩᠭ᠋ᠣᠰ ᠢ᠋ ᠡᠵᠡᠯᠡᠬᠦ ᠪᠡᠷ ᠠᠶᠠᠯᠠᠭᠰᠠᠨ ᠵᠠᠯᠠᠢ᠌ᠷᠳᠠᠢ ᠬᠣᠷᠴᠢ ᠶ᠋ᠢᠨ ᠬᠣᠢᠨ᠎ᠠ ᠠ᠋ᠴᠠ ᠶᠢᠰᠣᠳᠠᠷ ᠬᠣᠷᠴᠢ ᠶ᠋ᠢ ᠶᠠᠪᠤᠭᠤᠯᠪᠠ᠃ ᠲᠡᠭᠦᠨ ᠢ᠋ ᠲᠡᠨᠳᠡ ᠵᠠᠬᠢᠷᠤᠭᠴᠢ ᠰᠠᠭᠤᠲᠤᠭᠠᠢ! ᠭᠡᠵᠦ ᠵᠠᠷᠯᠢᠭ ᠪᠣᠯᠪᠠ᠃
275᠂ ᠪᠠᠲᠤ᠂ ᠬᠢᠪᠴᠠᠭ ᠨᠤᠲᠤᠭ ᠠ᠋ᠴᠠ ᠥᠭᠡᠳᠡᠢ ᠬᠠᠭᠠᠨ ᠳ᠋ᠤ᠌ ᠨᠢᠭᠤᠴᠠ ᠪᠠᠷ ᠥᠴᠢᠵᠦ ᠢᠯᠡᠭᠡᠭᠰᠡᠨ ᠨᠢ᠄ 《ᠮᠥᠩᠬᠡ ᠲᠡᠭᠷᠢ ᠶ᠋ᠢᠨ ᠬᠦᠴᠦᠨ ᠳ᠋ᠦ᠍᠂ ᠬᠠᠭᠠᠨ ᠠᠪᠠᠭ᠎ᠠ ᠶ᠋ᠢᠨ ᠰᠤᠤ ᠳ᠋ᠤ᠌ ᠮᠡᠬᠡᠥᠨ ᠬᠣᠲᠠ ᠶ᠋ᠢ ᠡᠪᠳᠡᠵᠦ᠂ ᠣᠷᠣᠰ ᠤᠯᠤᠰ ᠢ᠋ ᠡᠵᠡᠯᠡᠵᠦ᠂ ᠵᠦᠭ ᠵᠦᠭ ᠲᠦ᠍ ᠠᠷᠪᠠᠨ ᠨᠢᠭᠡᠨ ᠬᠠᠷᠢ ᠤᠯᠤᠰ ᠢ᠋ ᠣᠷᠣᠭᠤᠯᠵᠤ᠂ ᠠᠯᠲᠠᠨ ᠵᠢᠯᠣᠭᠣ ᠪᠠᠨ ᠲᠠᠲᠠᠵᠤ ᠰᠠᠯᠤᠯᠴᠠᠬᠤ ᠪᠣᠯᠬᠤ ᠳ᠋ᠤ᠌ ᠶᠡᠬᠡ ᠠᠰᠠᠷ ᠪᠤᠰᠬᠠᠵᠤ ᠬᠤᠷᠢᠮ ᠢ᠋ ᠬᠤᠷᠢᠮᠯᠠᠪᠠ᠃ ᠡᠨᠡ ᠬᠤᠷᠢᠮ ᠳᠡᠭᠡᠷ᠎ᠡ ᠪᠢ ᠪᠦᠬᠦ ᠬᠠᠨ ᠬᠥᠪᠡᠭᠦᠳ ᠦ᠋ᠨ ᠠᠬᠠᠮᠠᠳ ᠲᠤᠯᠠ ᠨᠢᠭᠡ ᠬᠣᠶᠠᠷ ᠠᠶᠠᠭ᠎ᠠ ᠰᠠᠷᠬᠤᠳ ᠲᠡᠷᠢᠭᠦᠯᠡᠨ ᠤᠤᠭᠤᠪᠠ᠃ ᠭᠡᠲᠡᠯ᠎ᠡ᠂ ᠪᠦᠷᠢ ᠭᠦᠶᠦᠭ ᠬᠣᠶᠠᠷ ᠨᠠᠳᠠ ᠳ᠋ᠤ᠌ ᠮᠠᠭᠤᠳᠠᠵᠤ ᠬᠤᠷᠢᠮ ᠠ᠋ᠴᠠ ᠭᠠᠷᠴᠤ ᠣᠳᠪᠠ᠃ ᠶᠠᠪᠤᠬᠤ ᠳ᠋ᠠᠭᠠᠨ ᠪᠦᠷᠢ ᠬᠡᠯᠡᠭᠰᠡᠨ ᠨᠢ᠄ 〈ᠪᠠᠲᠤ ᠪᠢᠳᠡ ᠠᠳᠠᠯᠢ ᠪᠠᠢᠲᠠᠯ᠎ᠠ᠂ ᠶᠠᠭᠠᠬᠢᠭᠠᠳ ᠲᠡᠷᠢᠭᠦᠯᠡᠨ ᠤᠤᠭᠤᠬᠤ ᠪᠢᠯᠡ? ᠲᠡᠷᠡ ᠰᠠᠴᠠᠭᠣᠷᠠᠬᠣ ᠰᠠᠨᠠᠭᠠᠲᠠᠢ ᠰᠠᠬᠠᠯᠲᠤ ᠡᠮᠡᠭᠡᠨ ᠦ᠌ ᠥᠰᠥᠭᠡᠢ ᠪᠡᠷ ᠳᠠᠪᠲᠠᠵᠤ ᠥᠯᠮᠡᠢ ᠪᠡᠷ ᠭᠢᠰᠬᠢᠴᠢᠬᠡᠬᠦ ᠶᠤᠮᠰᠠᠨ!〉 ᠭᠡᠵᠡᠢ᠃ ᠭᠦᠶᠦᠭ ᠦ᠋ᠨ ᠬᠡᠯᠡᠭᠰᠡᠨ ᠨᠢ᠄ 〈ᠪᠢᠳᠡ ᠬᠣᠶᠠᠷ ᠲᠡᠷᠡ ᠨᠤᠮᠤ ᠰᠤᠮᠤ ᠠᠭᠰᠠᠭᠰᠠᠨ ᠡᠮᠡᠭᠡᠳ ᠦ᠋ᠨ ᠡᠭᠡᠮ ᠢ᠋ ᠬᠠᠷᠪᠤᠯᠳᠤᠶ᠎ᠠ〉 ᠭᠡᠵᠡᠢ᠃ ᠡᠯᠵᠢᠭᠡᠳᠡᠢ ᠶ᠋ᠢᠨ ᠬᠥᠪᠡᠭᠦᠨ ᠠᠷᠭᠠᠰᠤᠨ ᠤ᠋ ᠬᠡᠯᠡᠭᠰᠡᠨ ᠨᠢ᠄ 〈ᠲᠡᠳᠡ ᠮᠣᠳᠣᠨ ᠰᠡᠭᠦᠯ ᠵᠡᠭᠦᠪᠡᠯ ᠵᠣᠬᠢᠨ᠎ᠠ〉 ᠭᠡᠪᠡ᠃ ᠪᠢᠳᠡ᠂ ᠬᠠᠷᠢ ᠡᠯᠢᠭᠡ ᠲᠡᠢ᠂ ᠳᠠᠭᠠᠭᠰᠠᠨ ᠤᠯᠤᠰ ᠤ᠋ᠨ ᠳᠣᠲᠣᠷ᠎ᠠ ᠶᠠᠪᠤᠵᠤ ᠪᠠᠢᠭ᠎ᠠ ᠤᠴᠢᠷ ᠵᠦᠢ ᠶ᠋ᠢ ᠭᠠᠷᠭᠠᠵᠤ ᠬᠡᠯᠡᠭᠰᠡᠨ ᠪᠣᠯᠪᠠᠴᠤ᠂ ᠪᠦᠷᠢ᠂ ᠬᠥᠶᠦᠭ ᠬᠣᠶᠠᠷ ᠲᠡᠭᠡᠵᠦ ᠬᠡᠷᠡᠭᠦᠯ ᠦ᠋ᠨ ᠦᠭᠡ ᠶ᠋ᠢ ᠬᠡᠯᠡᠭᠡᠳ ᠨᠠᠢᠷᠠᠮᠳᠠᠯ ᠦᠭᠡᠢ ᠲᠠᠷᠬᠠᠪᠠ᠃ ᠣᠳᠣ ᠶᠠᠭᠠᠬᠢᠬᠤ ᠶ᠋ᠢ ᠬᠠᠭᠠᠨ ᠠᠪᠠᠭ᠎ᠠ ᠮᠡᠳᠡᠲᠦᠭᠡᠢ!》 ᠭᠡᠵᠦ ᠥᠴᠢᠵᠦ ᠢᠯᠡᠭᠡᠵᠡᠢ᠃
276᠂ ᠪᠠᠲᠤ ᠶ᠋ᠢᠨ ᠡᠨᠡ ᠦᠭᠡ ᠶ᠋ᠢ ᠰᠣᠨᠣᠰᠤᠭᠠᠳ ᠥᠭᠡᠳᠡᠢ ᠬᠠᠭᠠᠨ ᠮᠠᠰᠢ ᠶᠡᠬᠡ ᠬᠢᠯᠢᠩᠨᠡᠵᠦ᠂ ᠬᠥᠶᠦᠭ ᠢ᠋ ᠪᠠᠷᠠᠯᠠᠬᠠᠭᠣᠯᠣᠭᠰᠠᠨ ᠦᠭᠡᠢ ᠪᠡᠷ ᠥᠭᠦᠯᠡᠷᠦᠨ᠄ 《ᠡᠨᠡ ᠲᠦᠷᠢᠮᠡᠬᠡᠢ ᠭᠠᠢᠬᠠᠯ᠂ ᠬᠡᠨ ᠦ᠌ ᠦᠭᠡᠨ ᠳ᠋ᠦ᠍ ᠣᠷᠣᠵᠤ ᠠᠬ᠎ᠠ ᠬᠥᠮᠦᠨ ᠢ᠋ ᠠᠮᠠ ᠮᠡᠳᠡᠨ ᠳᠣᠷᠣᠮᠵᠢᠯᠠᠬᠤ ᠪᠣᠯᠪᠠ? ᠭᠠᠭᠴᠠ ᠮᠠᠭᠤ ᠥᠨᠳᠡᠭᠡ ᠢᠯᠵᠠᠷᠠᠵᠠᠢ᠃ ᠠᠬ᠎ᠠ ᠬᠥᠮᠦᠨ ᠦ᠌ ᠥᠭᠡᠳᠡ ᠡᠴᠡ ᠡᠰᠡᠷᠭᠦᠴᠡᠭᠰᠡᠨ ᠠᠵᠠᠢ᠃ ᠬᠠᠷᠢ ᠬᠣᠯᠠ ᠭᠠᠵᠠᠷ ᠬᠠᠢᠭᠤᠯ ᠳ᠋ᠤ᠌ ᠶᠠᠪᠤᠭᠤᠯᠵᠤ᠂ ᠠᠷᠪᠠᠨ ᠬᠤᠷᠤᠭᠤᠨ ᠤ᠋ ᠬᠢᠨᠢ ᠬᠢᠮᠤᠰᠤ ᠶ᠋ᠢ ᠬᠠᠨᠵᠠᠷᠠᠲᠠᠯ᠎ᠠ ᠠᠭᠤᠯᠠ ᠮᠡᠲᠦ ᠬᠣᠲᠠ ᠶ᠋ᠢ ᠡᠵᠡᠯᠡᠭᠦᠯᠬᠦ ᠪᠡᠷ ᠣᠷᠣᠭᠰᠢ ᠵᠢᠳᠬᠦᠭᠦᠯᠦᠶ᠎ᠡ! ᠵᠠᠬ᠎ᠠ ᠬᠣᠯᠠ ᠭᠠᠵᠠᠷ ᠤ᠋ᠨ ᠵᠠᠬᠢᠷᠤᠭᠴᠢ ᠪᠣᠯᠭᠠᠵᠤ ᠲᠠᠪᠤᠨ ᠬᠤᠷᠤᠭᠤᠨ ᠤ᠋ ᠬᠢᠨᠢ ᠬᠢᠮᠤᠰᠤ ᠶ᠋ᠢ ᠲᠠᠮᠲᠤᠷᠠᠲᠠᠯ᠎ᠠ ᠪᠠᠲᠤ ᠪᠡᠬᠢ ᠬᠣᠲᠠ ᠶ᠋ᠢ ᠪᠠᠢᠯᠳᠤᠭᠤᠯᠤᠨ ᠠᠪᠠᠷᠢᠭᠤᠯᠤᠶ᠎ᠠ! ᠪᠤᠵᠠᠷ ᠮᠠᠭᠤ ᠲᠦᠷᠢᠮᠡᠬᠡᠢ ᠠᠷᠭᠠᠰᠤᠨ᠂ ᠬᠡᠨ ᠢ᠋ ᠳᠠᠭᠤᠷᠢᠶᠠᠵᠤ᠂ ᠪᠢᠳᠡᠨ ᠦ᠌ ᠤᠷᠤᠭ ᠤ᠋ᠨ ᠬᠥᠮᠦᠨ ᠳ᠋ᠦ᠍ ᠠᠮᠠ ᠭᠠᠷᠴᠤ ᠲᠣᠷᠣᠮᠵᠢᠯᠠᠳᠠᠭ ᠦᠭᠡ ᠬᠡᠯᠡᠪᠡ? ᠭᠦᠶᠦᠭ ᠠᠷᠭᠠᠰᠤᠨ ᠬᠣᠶᠠᠷ ᠢ᠋ ᠬᠠᠮᠲᠤ ᠢᠯᠡᠭᠡᠶ᠎ᠡ! ᠵᠦᠢ ᠨᠢ ᠠᠷᠭᠠᠰᠤᠨ ᠢ᠋ ᠠᠯᠠᠪᠠᠯ ᠵᠣᠬᠢᠬᠤ ᠪᠢᠯᠡ᠃ ᠭᠡᠲᠡᠯ᠎ᠡ᠂ ᠲᠠ ᠨᠠᠷ ᠠᠯᠠᠭᠴᠢᠯᠠᠪᠠ ᠭᠡᠬᠦ ᠪᠢᠵᠡ᠃ ᠪᠦᠷᠢ ᠶ᠋ᠢᠨ ᠲᠤᠬᠠᠢ ᠪᠣᠯ ᠪᠠᠲᠤ ᠳ᠋ᠤ᠌ ᠬᠡᠯᠡᠭᠲᠦᠨ! ᠴᠠᠭᠠᠲᠠᠢ ᠠᠬ᠎ᠠ ᠳ᠋ᠤ᠌ ᠬᠡᠯᠡᠵᠦ ᠢᠯᠡᠭᠡᠲᠦᠭᠡᠢ! ᠴᠠᠭᠠᠲᠠᠢ ᠠᠬ᠎ᠠ ᠮᠡᠳᠡᠲᠦᠭᠡᠢ!》 ᠭᠡᠪᠡ᠃
277᠂ ᠬᠠᠭᠠᠨ ᠬᠥᠪᠡᠭᠦᠳ ᠡᠴᠡ ᠮᠡᠩᠬᠡᠢ᠂ ᠨᠣᠶᠠᠳ ᠠ᠋ᠴᠠ ᠠᠯᠴᠢᠳᠠᠢ᠂ ᠬᠣᠩᠬᠣᠷᠳᠠᠢ᠂ ᠵᠠᠩᠭᠢ ᠲᠡᠷᠢᠭᠦᠲᠡᠨ ᠨᠣᠶᠠᠳ ᠳᠤᠷᠠᠳᠬᠠᠨ ᠥᠴᠢᠷᠦᠨ᠄ 《ᠴᠢᠩᠭᠢᠰ ᠬᠠᠭᠠᠨ ᠡᠴᠢᠭᠡ ᠶ᠋ᠢᠨ ᠴᠢᠨᠢ ᠵᠠᠷᠯᠢᠭ ᠪᠢᠯᠡ᠄ ᠬᠡᠭᠡᠷ᠎ᠡ ᠶ᠋ᠢᠨ ᠦᠢᠯᠡ ᠶ᠋ᠢ ᠬᠡᠭᠡᠷ᠎ᠡ ᠰᠢᠳᠬᠡᠵᠦ᠂ ᠭᠡᠷ ᠦ᠋ᠨ ᠦᠢᠯᠡ ᠶ᠋ᠢ ᠭᠡᠷ ᠲᠦ᠍ ᠰᠢᠳᠬᠡᠬᠦ ᠪᠢᠯᠡ᠃ ᠬᠠᠭᠠᠨ᠂ ᠣᠳᠣ ᠭᠦᠶᠦᠭ ᠲᠦ᠍ ᠬᠢᠯᠢᠩᠨᠡᠵᠦ ᠪᠠᠢᠨ᠎ᠠ᠂ ᠡᠨᠡ ᠪᠣᠯ ᠬᠡᠭᠡᠷ᠎ᠡ ᠶ᠋ᠢᠨ ᠦᠢᠯᠡ ᠬᠡᠷᠡᠭ ᠮᠥᠨ᠂ ᠬᠠᠭᠠᠨ ᠰᠣᠶᠣᠷᠬᠠᠪᠠᠯ ᠡᠨᠡ ᠬᠡᠷᠡᠭ ᠢ᠋ ᠪᠠᠲᠤ ᠳ᠋ᠤ᠌ ᠲᠤᠰᠢᠶᠠᠵᠤ ᠢᠯᠡᠭᠡᠪᠡᠯ ᠪᠣᠯᠬᠤ ᠤᠤ?》 ᠭᠡᠵᠦ ᠥᠴᠢᠪᠡᠯ ᠡᠨᠡ ᠦᠭᠡ ᠶ᠋ᠢ ᠬᠠᠭᠠᠨ ᠵᠥᠪᠰᠢᠶᠡᠷᠡᠵᠦ ᠲᠠᠢᠳᠬᠤᠷᠠᠭᠠᠳ᠂ ᠭᠦᠶᠦᠭ ᠢ᠋ ᠠᠭᠤᠯᠵᠠᠭᠤᠯᠵᠤ ᠪᠤᠷᠤᠭᠤᠰᠢᠶᠠᠨ ᠲᠣᠩᠭ᠋ᠣᠳᠴᠣ ᠰᠤᠷᠭᠠᠭᠰᠠᠨ ᠨᠢ᠄ 《ᠠᠶᠠᠨ ᠳ᠋ᠤ᠌ ᠶᠠᠪᠤᠬᠤ ᠵᠠᠭᠤᠷ᠎ᠠ ᠡᠷᠡᠭᠦᠯ ᠪᠥᠭᠰᠡ ᠲᠡᠢ ᠬᠥᠮᠦᠨ ᠢ᠋ ᠡᠰᠡ ᠦᠯᠡᠳᠡᠭᠡᠭᠰᠡᠨ ᠭᠡᠨ᠎ᠡ ᠴᠢ᠂ ᠴᠡᠷᠢᠭ ᠦ᠋ᠨ ᠬᠥᠮᠦᠨ ᠦ᠌ ᠨᠢᠭᠤᠷ ᠤ᠋ᠨ ᠠᠷᠠᠰᠤ ᠶ᠋ᠢ ᠬᠠᠣᠯᠠᠵᠣ ᠶᠠᠪᠤᠭᠰᠠᠨ ᠭᠡᠨ᠎ᠡ᠂ ᠴᠢ᠃ ᠴᠢᠨᠦ ᠲᠡᠷᠡ ᠠᠭᠤᠷ ᠬᠢᠯᠢᠩ ᠡᠴᠡ ᠠᠶᠤᠵᠤ᠂ ᠣᠷᠣᠰ ᠤᠯᠤᠰ ᠢ᠋ ᠳᠠᠭᠠᠵᠤ ᠣᠷᠣᠭᠰᠠᠨ ᠭᠡᠵᠦ ᠪᠣᠳᠣᠵᠤ ᠪᠠᠢᠨ᠎ᠠ ᠤᠤ? ᠴᠢ ᠣᠷᠣᠰ ᠢᠷᠭᠡᠨ ᠢ᠋ ᠭᠠᠭᠴᠠᠭᠠᠷ ᠳᠠᠭᠠᠭᠤᠯᠵᠤ ᠣᠷᠣᠭᠤᠯᠤᠭᠰᠠᠨ ᠮᠡᠲᠦ ᠰᠠᠨᠠᠵᠤ᠂ ᠪᠠᠷᠳᠠᠮ ᠣᠮᠣᠭ ᠭᠠᠷᠭᠠᠵᠤ᠂ ᠠᠬ᠎ᠠ ᠬᠥᠮᠦᠨ ᠦ᠌ ᠥᠭᠡᠳᠡ ᠡᠴᠡ ᠡᠰᠡᠷᠭᠦᠴᠡᠪᠡ ᠤᠤ? ᠴᠢᠩᠭᠢᠰ ᠬᠠᠭᠠᠨ ᠡᠴᠢᠭᠡ ᠶ᠋ᠢᠨ ᠵᠠᠷᠯᠢᠭ ᠲᠤ᠌᠄ ᠣᠯᠠᠨ ᠬᠥᠮᠦᠨ ᠬᠦᠴᠦ ᠲᠡᠢ᠂ ᠭᠦᠨ ᠤᠰᠤ ᠠᠶᠤᠯ ᠲᠠᠢ! ᠭᠡᠵᠦ ᠪᠣᠢ ᠪᠢᠰᠢᠦ᠃ ᠰᠦᠪᠡᠬᠡᠳᠡᠢ ᠪᠥᠵᠢᠭ ᠬᠣᠶᠠᠷ ᠤ᠋ᠨ ᠳᠠᠯᠠᠪᠴᠢ ᠳᠣᠣᠷ᠎ᠠ ᠶᠠᠪᠤᠵᠤ ᠣᠯᠠᠨ ᠪᠦᠭᠦᠳᠡᠭᠡᠷ ᠬᠠᠮᠰᠠᠵᠤ᠂ ᠣᠷᠣᠰ᠂ ᠬᠢᠪᠴᠠᠭ ᠤ᠋ᠳ ᠢ᠋ ᠣᠷᠣᠭᠤᠯᠵᠤ ᠠᠪᠤᠭᠰᠠᠨ ᠪᠠᠢᠲᠠᠯ᠎ᠠ᠂ ᠴᠢ ᠠᠩᠬ᠎ᠠ ᠤᠳᠠᠭ᠎ᠠ ᠭᠡᠷ ᠡᠴᠡ ᠭᠠᠷᠤᠭᠠᠳ ᠣᠷᠣᠰ᠂ ᠬᠢᠪᠴᠠᠭ ᠤ᠋ᠳ ᠤ᠋ᠨ ᠨᠢᠭᠡ ᠴᠣ ᠬᠥᠮᠦᠨ ᠢ᠋ ᠣᠯᠵᠤ ᠪᠠᠷᠢᠭᠰᠠᠨ ᠦᠭᠡᠢ᠂ ᠠᠳᠠᠭᠯᠠᠪᠠᠯ ᠢᠰᠢᠭᠡ ᠶ᠋ᠢᠨ ᠰᠢᠭᠢᠷ᠎ᠡ ᠴᠦ᠍ ᠣᠯᠵᠤ ᠠᠪᠤᠭᠰᠠᠨ ᠦᠭᠡᠢ ᠪᠠᠢᠵᠤ᠂ ᠡᠷᠡᠮᠡᠬᠡᠢ ᠲᠦᠷᠢᠮᠡᠬᠡᠢ ᠵᠠᠩ ᠭᠠᠷᠭᠠᠵᠤ᠂ ᠡᠢᠮᠦ ᠲᠡᠢᠮᠦ ᠦᠭᠡ ᠬᠡᠯᠡ ᠪᠣᠯᠵᠤ᠂ ᠭᠠᠭᠴᠠ ᠪᠡᠶ᠎ᠡ ᠪᠡᠨ ᠭᠠᠢᠬᠠᠭᠤᠯᠵᠤ ᠶᠠᠪᠤᠳᠠᠭ ᠴᠢᠨᠢ ᠶᠠᠭᠤ ᠪᠣᠢ? ᠬᠠᠷᠢᠨ ᠠᠯᠴᠢᠳᠠᠢ᠂ ᠬᠣᠩᠬᠣᠷᠳᠠᠢ᠂ ᠵᠠᠩᠭᠢ ᠨᠠᠷ᠂ ᠪᠤᠷᠭᠢᠯᠤᠭᠰᠠᠨ ᠵᠢᠷᠦᠬᠡ ᠶ᠋ᠢ ᠳᠠᠷᠤᠬᠤ ᠨᠥᠬᠥᠷ ᠪᠣᠯᠵᠤ᠂ ᠪᠤᠴᠠᠯᠤᠭᠰᠠᠨ ᠤᠰᠤ ᠶ᠋ᠢ ᠰᠡᠪᠢᠬᠦ ᠰᠢᠨᠠᠭ᠎ᠠ ᠪᠣᠯᠵᠤ᠂ ᠠᠭᠤᠷ ᠬᠢᠯᠢᠩ ᠢ᠋ ᠮᠢᠨᠢ ᠠᠮᠣᠷᠢᠯᠠᠭᠣᠯᠪᠠ᠃ ᠬᠡᠭᠡᠷ᠎ᠡ ᠪᠣᠯᠤᠭᠰᠠᠨ ᠬᠡᠷᠡᠭ ᠲᠤᠯᠠ ᠡᠭᠦᠨ ᠢ᠋ ᠪᠠᠲᠤ ᠰᠢᠳᠬᠡᠪᠡᠯ ᠵᠣᠬᠢᠨ᠎ᠠ᠃ ᠭᠦᠶᠦᠭ᠂ ᠠᠷᠭᠠᠰᠤᠨ ᠬᠣᠶᠠᠷ ᠢ᠋ ᠪᠠᠲᠤ ᠮᠡᠳᠡᠲᠦᠭᠡᠢ! ᠪᠦᠷᠢ ᠶ᠋ᠢ ᠴᠠᠭᠠᠲᠠᠢ ᠠᠬ᠎ᠠ ᠮᠡᠳᠡᠵᠦ ᠰᠢᠳᠬᠡᠲᠦᠭᠡᠢ!》 ᠭᠡᠪᠡ᠃
278᠂ ᠪᠠᠰᠠ ᠥᠭᠡᠳᠡᠢ ᠬᠠᠭᠠᠨ ᠵᠠᠷᠯᠢᠭ ᠪᠣᠯᠤᠷᠤᠨ᠄ 《ᠴᠢᠩᠭᠢᠰ ᠬᠠᠭᠠᠨ ᠡᠴᠢᠭᠡ ᠶ᠋ᠢ ᠮᠢᠨᠢ ᠬᠠᠮᠠᠭᠠᠯᠠᠵᠤ ᠶᠠᠪᠤᠭᠰᠠᠨ ᠬᠡᠪᠲᠡᠭᠦᠯ᠂ ᠬᠣᠷᠴᠢᠨ᠂ ᠲᠣᠷᠬᠠᠭ ᠤ᠋ᠳ᠂ ᠪᠦᠬᠦ ᠬᠡᠰᠢᠭᠲᠡᠨ ᠦ᠌ ᠲᠤᠬᠠᠢ ᠨᠡᠢᠲᠡ ᠳ᠋ᠦ᠍ ᠲᠤᠩᠬᠠᠭ ᠵᠠᠷᠯᠢᠭ ᠢ᠋ ᠪᠠᠭᠤᠯᠭᠠᠬᠤ ᠨᠢ᠄ ᠬᠠᠭᠠᠨ ᠡᠴᠢᠭᠡ ᠶ᠋ᠢᠨ ᠵᠠᠷᠯᠢᠭ ᠢ᠋ ᠤᠷᠢᠳᠤ ᠶ᠋ᠢᠨ ᠶᠣᠰᠣ ᠪᠠᠷ ᠳᠠᠭᠠᠵᠤ ᠶᠠᠪᠤᠲᠤᠭᠠᠢ! ᠬᠣᠷᠴᠢᠨ᠂ ᠲᠣᠷᠬᠠᠭ ᠤ᠋ᠳ ᠤᠷᠢᠳᠤ ᠶᠣᠰᠣ ᠪᠠᠷ ᠡᠳᠦᠷ ᠳᠠᠷᠠᠭᠠᠯᠠᠨ ᠡᠭᠡᠯᠵᠢᠯᠡᠨ ᠮᠠᠨᠠᠵᠤ᠂ ᠨᠠᠷᠠᠨ ᠰᠢᠩᠭᠡᠮᠡᠭᠴᠡ ᠡᠭᠦᠷᠭᠡ ᠪᠡᠨ ᠬᠡᠪᠲᠡᠭᠦᠯ ᠳ᠋ᠦ᠍ ᠰᠢᠯᠵᠢᠭᠦᠯᠦᠭᠡᠳ ᠭᠠᠳᠠᠨ᠎ᠠ ᠭᠠᠷᠴᠤ ᠬᠣᠨᠣᠲᠤᠭᠠᠢ᠃ ᠰᠥᠨᠢ ᠪᠢᠳᠡᠨ ᠦ᠌ ᠭᠡᠷ ᠢ᠋ ᠬᠣᠷᠴᠢᠨ ᠬᠡᠪᠲᠡᠭᠦᠯ ᠰᠠᠬᠢᠲᠤᠭᠠᠢ᠃ ᠨᠠᠷᠠᠨ ᠰᠢᠩᠭᠡᠭᠰᠡᠨ ᠦ᠌ ᠬᠣᠢᠨ᠎ᠠ ᠰᠥᠨᠢ ᠶᠠᠪᠤᠬᠤ ᠠᠷᠠᠳ ᠢ᠋ ᠬᠡᠪᠲᠡᠭᠦᠯ ᠪᠠᠷᠢᠵᠤ ᠬᠣᠨᠣᠲᠤᠭᠠᠢ᠃ ᠣᠯᠠᠨ ᠬᠥᠮᠦᠨ ᠢ᠋ ᠲᠠᠷᠬᠠᠭᠰᠠᠨ ᠤ᠋ ᠰᠡᠭᠦᠯᠡᠷ ᠬᠣᠨᠣᠭᠰᠠᠨ ᠬᠡᠪᠲᠡᠭᠦᠯ ᠡᠴᠡ ᠥᠭᠡᠷ᠎ᠡ ᠬᠥᠮᠦᠨ ᠳᠣᠲᠣᠭᠰᠢ ᠣᠷᠳᠣᠨ ᠳ᠋ᠤ᠌ ᠣᠷᠣᠪᠠᠯ᠂ ᠬᠡᠪᠲᠡᠭᠦᠯ ᠮᠠᠨᠠᠭᠠᠴᠢ ᠲᠡᠷᠡ ᠬᠥᠮᠦᠨ ᠦ᠌ ᠲᠣᠯᠣᠭᠠᠢ ᠶ᠋ᠢ ᠴᠠᠪᠴᠢᠵᠤ ᠬᠠᠶᠠᠲᠤᠭᠠᠢ᠂ ᠰᠥᠨᠢ ᠶᠠᠭᠠᠷᠠᠯᠲᠠᠢ ᠮᠡᠳᠡᠭᠡ ᠶ᠋ᠢ ᠬᠥᠮᠦᠨ ᠬᠦᠷᠭᠡᠵᠦ ᠢᠷᠡᠪᠡᠯ ᠬᠡᠪᠲᠡᠭᠦᠯ ᠦ᠋ᠨ ᠬᠠᠮᠲᠤ ᠭᠡᠷ ᠦ᠋ᠨ ᠬᠣᠢᠨ᠎ᠠ ᠪᠠᠢᠵᠤ᠂ ᠮᠡᠳᠡᠭᠡ ᠪᠡᠨ ᠬᠡᠯᠡᠲᠦᠭᠡᠢ! ᠤᠷᠲᠤ ᠭᠡᠷ ᠲᠦ᠍ ᠣᠷᠣᠬᠤ ᠭᠠᠷᠬᠤ ᠪᠦᠬᠦ ᠵᠦᠢᠯ ᠢ᠋ ᠬᠣᠩᠬᠣᠷᠳᠠᠢ᠂ ᠰᠢᠷᠠᠬᠠᠨ ᠬᠣᠶᠠᠷ ᠬᠡᠪᠲᠡᠭᠦᠯ ᠦ᠋ᠨ ᠬᠠᠮᠲᠤ ᠡᠯᠪᠡᠵᠦ ᠡᠷᠬᠢᠯᠡᠨ ᠮᠡᠳᠡᠲᠦᠭᠡᠢ᠃ ᠡᠯᠵᠢᠭᠡᠳᠡᠢ ᠢᠲᠡᠭᠡᠯ ᠲᠡᠢ ᠬᠥᠮᠦᠨ ᠪᠣᠯᠪᠠᠴᠤ ᠦᠳᠡᠰᠢ ᠬᠡᠪᠲᠡᠭᠦᠯ ᠦ᠋ᠨ ᠳᠡᠷᠭᠡᠳᠡᠭᠦᠷ ᠶᠠᠪᠤᠭᠠᠳ ᠬᠡᠪᠲᠡᠭᠦᠯ ᠳ᠋ᠦ᠍ ᠪᠠᠷᠢᠭᠳᠠᠭᠰᠠᠨ ᠤ᠋ ᠠᠳᠠᠯᠢ ᠪᠠᠷ ᠵᠠᠷᠯᠢᠭ ᠢ᠋ ᠳᠠᠭᠠᠵᠤ᠂ ᠬᠡᠳᠦᠢ ᠢᠲᠡᠭᠡᠯ ᠲᠡᠢ ᠬᠥᠮᠦᠨ ᠪᠣᠯᠪᠠᠴᠤ ᠬᠡᠪᠲᠡᠭᠦᠯ ᠦ᠋ᠨ ᠣᠢᠷ᠎ᠠ ᠣᠴᠢᠵᠤ ᠦᠯᠦ ᠪᠣᠯᠬᠤ ᠪᠠ ᠬᠡᠪᠲᠡᠭᠦᠯ ᠦ᠋ᠨ ᠲᠣᠭ᠎ᠠ ᠶ᠋ᠢ ᠠᠰᠠᠭᠤᠵᠤ ᠦᠯᠦ ᠪᠣᠯᠤᠨ᠎ᠠ᠃ ᠬᠡᠪᠲᠡᠭᠦᠯ ᠦ᠋ᠨ ᠳᠡᠷᠭᠡᠳᠡᠭᠦᠷ ᠪᠦᠦ ᠶᠠᠪᠤᠲᠤᠭᠠᠢ! ᠬᠡᠪᠲᠡᠭᠦᠯ ᠦ᠋ᠨ ᠵᠠᠪᠰᠠᠷ ᠢ᠋ᠶ᠋ᠠᠷ ᠪᠦᠦ ᠶᠠᠪᠤᠲᠤᠭᠠᠢ! ᠬᠡᠪᠲᠡᠭᠦᠯ ᠦ᠋ᠨ ᠳᠡᠷᠭᠡᠳᠡᠭᠦᠷ ᠶᠠᠪᠤᠵᠤ᠂ ᠬᠡᠪᠲᠡᠭᠦᠯ ᠦ᠋ᠨ ᠵᠠᠪᠰᠠᠷ ᠢ᠋ᠶ᠋ᠠᠷ ᠣᠷᠣᠭᠰᠠᠨ ᠠᠷᠠᠳ ᠢ᠋ ᠬᠡᠪᠲᠡᠭᠦᠯ ᠪᠠᠷᠢᠲᠤᠭᠠᠢ! ᠬᠡᠪᠲᠡᠭᠦᠯ ᠦ᠋ᠨ ᠲᠣᠭ᠎ᠠ ᠠᠰᠠᠭᠤᠭᠰᠠᠨ ᠬᠥᠮᠦᠨ ᠢ᠋ ᠲᠡᠷᠡ ᠡᠳᠦᠷ ᠦ᠋ᠨ ᠤᠨᠤᠵᠤ ᠶᠠᠪᠤᠭᠰᠠᠨ ᠡᠮᠡᠭᠡᠯ ᠬᠠᠵᠠᠭᠠᠷ ᠲᠠᠢ ᠮᠣᠷᠢ ᠶ᠋ᠢ ᠪᠦᠬᠦ ᠬᠤᠪᠴᠠᠰᠤᠨ ᠤ᠋ ᠬᠠᠮᠲᠤ ᠬᠡᠪᠲᠡᠭᠦᠯ ᠠᠪᠣᠳᠣᠭᠠᠢ᠃ ᠬᠡᠪᠲᠡᠭᠦᠯ ᠦ᠋ᠨ ᠪᠠᠢᠷᠢᠨ ᠤ᠋ ᠳᠡᠭᠡᠷ᠎ᠡ ᠬᠡᠨ ᠴᠦ᠍ ᠰᠠᠭᠤᠵᠤ ᠦᠯᠦ ᠪᠣᠯᠤᠨ᠎ᠠ᠃ ᠬᠡᠪᠲᠡᠭᠦᠯ᠂ ᠲᠤᠭ ᠬᠡᠩᠭᠡᠷᠭᠡ᠂ ᠳᠥᠷᠥᠭᠡ᠂ ᠵᠢᠳᠠ᠂ ᠠᠶᠠᠭ᠎ᠠ ᠰᠠᠪᠠ ᠶ᠋ᠢ ᠠᠰᠠᠷᠠᠵᠤ ᠬᠠᠳᠠᠭᠠᠯᠠᠲᠤᠭᠠᠢ! ᠢᠳᠡᠭᠡ ᠤᠮᠳᠠ᠂ ᠠᠷᠢᠬᠢ ᠠᠢᠷᠠᠭ᠂ ᠮᠢᠬ᠎ᠠ ᠰᠢᠭᠦᠰᠦ ᠶ᠋ᠢ ᠬᠡᠪᠲᠡᠭᠦᠯ ᠳᠠᠷᠤᠭᠠᠯᠠᠵᠤ ᠮᠡᠳᠡᠲᠦᠭᠡᠢ!》 ᠭᠡᠵᠦ ᠵᠠᠷᠯᠢᠭ ᠪᠣᠯᠪᠠ᠃ 《ᠤᠷᠲᠤ ᠲᠡᠷᠭᠡ ᠶ᠋ᠢ ᠬᠡᠪᠲᠡᠭᠦᠯ ᠠᠰᠠᠷᠠᠵᠤ ᠮᠡᠳᠡᠲᠦᠭᠡᠢ! ᠪᠢᠳᠡᠨ ᠦ᠌ ᠪᠡᠶ᠎ᠡ ᠪᠠᠢᠯᠳᠤᠭᠠᠨ ᠳ᠋ᠤ᠌ ᠡᠰᠡ ᠮᠣᠷᠳᠠᠪᠠᠯ᠂ ᠬᠡᠪᠲᠡᠭᠦᠯ ᠪᠢᠳᠡᠨ ᠡᠴᠡ ᠠᠩᠭᠢᠳᠠ ᠴᠡᠷᠢᠭ ᠲᠦ᠍ ᠪᠦᠦ ᠮᠣᠷᠳᠠᠲᠤᠭᠠᠢ! ᠪᠢᠳᠡᠨ ᠢ᠋ ᠰᠢᠪᠠᠭᠤ ᠠᠪᠠᠯᠠᠬᠤ ᠳ᠋ᠤ᠌ ᠬᠡᠪᠲᠡᠭᠦᠯ ᠦ᠋ᠨ ᠵᠠᠷᠢᠮ ᠨᠢ ᠤᠷᠲᠤ ᠭᠡᠷ᠂ ᠲᠡᠷᠭᠡ ᠶ᠋ᠢ ᠰᠠᠬᠢᠵᠤ᠂ ᠵᠠᠷᠢᠮ ᠨᠢ ᠪᠢᠳᠡᠨ ᠲᠡᠢ ᠬᠠᠮᠲᠤ ᠶᠠᠪᠤᠲᠤᠭᠠᠢ! ᠬᠡᠪᠲᠡᠭᠦᠯ ᠂ ᠨᠤᠲᠤᠭ ᠦᠵᠡᠵᠦ᠂ ᠤᠷᠲᠤ ᠥᠷᠭᠥᠭᠡ ᠶ᠋ᠢ ᠨᠡᠭᠦᠯᠭᠡᠵᠦ ᠪᠠᠭᠤᠯᠭᠠᠲᠤᠭᠠᠢ! ᠣᠷᠳᠣᠨ ᠤ᠋ ᠡᠭᠦᠳᠡᠨ ᠳ᠋ᠦ᠍ ᠬᠠᠭᠠᠯᠭᠠᠴᠢᠨ ᠬᠡᠪᠲᠡᠭᠦᠯ ᠦᠷᠭᠦᠯᠵᠢ ᠰᠠᠬᠢᠵᠤ ᠪᠠᠢᠲᠤᠭᠠᠢ! ᠪᠦᠬᠦ ᠬᠡᠪᠲᠡᠭᠦᠯ ᠢ᠋ ᠮᠢᠩᠭᠠᠨ ᠤ᠋ ᠨᠣᠶᠠᠨ ᠬᠠᠲᠠᠭᠠᠨ ᠵᠠᠬᠢᠷᠴᠤ ᠮᠡᠳᠡᠲᠦᠭᠡᠢ!》 ᠭᠡᠵᠦ ᠵᠠᠷᠯᠢᠭ ᠪᠣᠯᠪᠠ᠃ 《ᠪᠠᠰᠠ ᠬᠡᠪᠲᠡᠭᠦᠯ ᠦ᠋ᠨ ᠡᠭᠡᠯᠵᠢ ᠬᠡᠰᠢᠭ ᠦ᠋ᠨ ᠨᠣᠶᠠᠳ ᠬᠠᠲᠠᠭᠠᠨ ᠪᠣᠯᠬᠠᠳᠠᠷ ᠬᠣᠶᠠᠷ᠂ ᠨᠢᠭᠡ ᠡᠭᠡᠯᠵᠢ ᠪᠣᠯᠤᠨ ᠬᠠᠪᠰᠤᠷᠴᠤ᠂ ᠨᠢᠭᠡ ᠡᠭᠡᠯᠵᠢ ᠪᠣᠯᠤᠨ ᠮᠠᠨᠠᠵᠤ᠂ ᠣᠷᠳᠣᠨ ᠤ᠋ ᠪᠠᠷᠠᠭᠤᠨ ᠵᠡᠭᠦᠨ ᠡᠲᠡᠭᠡᠳ ᠲᠦ᠍ ᠣᠨᠣᠭᠳᠠᠭᠰᠠᠨ ᠬᠠᠭᠠᠰ ᠠ᠋ᠴᠠ ᠰᠡᠷᠭᠡᠢᠯᠡᠵᠦ ᠮᠠᠨᠠᠲᠤᠭᠠᠢ᠃ ᠠᠮᠠᠯ ᠴᠠᠨᠠᠷ ᠬᠣᠶᠠᠷ ᠬᠠᠪᠰᠤᠷᠴᠤ ᠨᠢᠭᠡ ᠡᠭᠡᠯᠵᠢ ᠪᠣᠯᠵᠤ ᠣᠷᠳᠣᠨ ᠤ᠋ ᠪᠠᠷᠠᠭᠤᠨ ᠵᠡᠭᠦᠨ ᠡᠲᠡᠭᠡᠳ ᠲᠦ᠍ ᠣᠨᠣᠭᠳᠠᠭᠰᠠᠨ ᠬᠠᠭᠠᠰ ᠢ᠋ᠶ᠋ᠠᠨ ᠰᠡᠷᠭᠡᠢᠯᠡᠨ ᠮᠠᠨᠠᠲᠤᠭᠠᠢ! ᠬᠠᠲᠠᠢ ᠬᠣᠷᠢᠴᠠᠷ ᠬᠣᠶᠠᠷ ᠬᠠᠪᠰᠤᠷᠴᠤ ᠨᠢᠭᠡᠨ ᠡᠭᠡᠯᠵᠢ ᠪᠣᠯᠤᠨ ᠣᠷᠣᠵᠤ ᠣᠷᠳᠣᠨ ᠤ᠋ ᠪᠠᠷᠠᠭᠤᠨ ᠵᠡᠭᠦᠨ ᠡᠲᠡᠭᠡᠳ ᠲᠦ᠍ ᠣᠨᠣᠭᠳᠠᠭᠰᠠᠨ ᠬᠠᠭᠠᠰ ᠢ᠋ᠶ᠋ᠠᠨ ᠰᠠᠬᠢᠵᠤ ᠮᠠᠨᠠᠲᠤᠭᠠᠢ! ᠶᠠᠯᠪᠠᠭ ᠬᠠᠷᠠᠭᠣᠳᠠᠷ ᠬᠣᠶᠠᠷ ᠬᠠᠪᠰᠤᠷᠴᠤ ᠨᠢᠭᠡ ᠡᠭᠡᠯᠵᠢ ᠪᠣᠯᠤᠨ ᠣᠷᠣᠵᠤ ᠣᠷᠳᠣᠨ ᠤ᠋ ᠪᠠᠷᠠᠭᠤᠨ ᠡᠲᠡᠭᠡᠳ ᠲᠦ᠍ ᠣᠨᠣᠭᠳᠠᠭᠰᠠᠨ ᠬᠠᠭᠠᠰ ᠢ᠋ᠶ᠋ᠠᠨ ᠰᠠᠬᠢᠵᠤ ᠮᠠᠨᠠᠲᠤᠭᠠᠢ! ᠪᠠᠰᠠ ᠬᠠᠲᠠᠭᠠᠨ᠂ ᠪᠣᠯᠬᠠᠳᠠᠷ ᠤ᠋ᠨ ᠡᠭᠡᠯᠵᠢ᠂ ᠠᠮᠠᠯ ᠴᠠᠨᠠᠷ ᠤ᠋ᠨ ᠡᠭᠡᠯᠵᠢ᠂ ᠡᠨᠡ ᠬᠣᠶᠠᠷ ᠡᠭᠡᠯᠵᠢ ᠵᠢᠰᠢᠶᠠᠨ ᠤ᠋ ᠮᠠᠨᠠᠭᠠᠴᠢᠳ ᠣᠷᠳᠣᠨ ᠤ᠋ ᠵᠡᠭᠦᠨ ᠡᠲᠡᠭᠡᠳ ᠲᠦ᠍ ᠪᠠᠢᠷᠢᠯᠠᠵᠤ ᠰᠠᠭᠤᠲᠤᠭᠠᠢ᠃ ᠬᠠᠲᠠᠢ ᠬᠣᠷᠢᠴᠠᠷ ᠬᠣᠶᠠᠷ ᠤ᠋ᠨ ᠡᠭᠡᠯᠵᠢ᠂ ᠶᠠᠯᠪᠠᠭ ᠬᠠᠷᠠᠭᠣᠳᠠᠷ ᠬᠣᠶᠠᠷ ᠤ᠋ᠨ ᠡᠭᠡᠯᠵᠢ ᠡᠨᠡ ᠬᠣᠶᠠᠷ ᠡᠭᠡᠯᠵᠢ ᠵᠢᠰᠢᠶᠠᠨ ᠤ᠋ ᠮᠠᠨᠠᠭᠠᠴᠢᠳ ᠣᠷᠳᠣᠨ ᠤ᠋ ᠪᠠᠷᠠᠭᠤᠨ ᠡᠲᠡᠭᠡᠳ ᠲᠦ᠍ ᠪᠠᠢᠷᠢᠯᠠᠵᠤ ᠰᠠᠭᠤᠲᠤᠭᠠᠢ᠃ ᠡᠨᠡ ᠳᠥᠷᠪᠡᠨ ᠡᠭᠡᠯᠵᠢ ᠶ᠋ᠢᠨ ᠬᠡᠪᠲᠡᠭᠦᠯ ᠢ᠋ ᠬᠠᠲᠠᠭᠠᠨ ᠨᠣᠶᠠᠨ ᠵᠠᠬᠢᠷᠤᠨ᠎ᠠ᠃ ᠪᠠᠰᠠ ᠬᠡᠪᠲᠡᠭᠦᠯ ᠮᠢᠨᠦ ᠪᠡᠶ᠎ᠡ ᠶ᠋ᠢᠨ ᠰᠢᠳᠠᠷ ᠤᠷᠲᠤ ᠶ᠋ᠢ ᠲᠣᠭᠣᠷᠢᠨ ᠪᠠᠢᠵᠤ ᠡᠭᠦᠳᠡ ᠶ᠋ᠢ ᠰᠠᠬᠢᠵᠤ ᠬᠠᠷᠠᠭᠠᠯᠵᠠᠲᠤᠭᠠᠢ᠃ ᠬᠡᠪᠲᠡᠭᠦᠯ ᠦ᠋ᠨ ᠬᠣᠶᠠᠷ ᠬᠥᠮᠦᠨ ᠣᠷᠳᠣᠨ ᠳ᠋ᠤ᠌ ᠣᠷᠣᠵᠤ ᠰᠥᠩ ᠲᠦᠰᠢᠵᠦ ᠪᠠᠷᠢᠲᠤᠭᠠᠢ!》 ᠭᠡᠵᠦ ᠵᠠᠷᠯᠢᠭ ᠪᠣᠯᠪᠠ᠃ 《ᠪᠠᠰᠠ ᠬᠣᠷᠴᠢᠨ ᠢ᠋ ᠵᠠᠬᠢᠷᠤᠭᠰᠠᠨ ᠶᠢᠰᠦᠠᠳᠡᠬᠡ᠂ ᠪᠥᠬᠡᠲᠡᠢ᠂ ᠬᠣᠷᠬᠣᠳᠠᠭ ᠂ ᠯᠠᠪᠯᠠᠭ᠎ᠠ ᠳᠥᠷᠪᠡᠭᠦᠯᠡ ᠨᠤᠮᠤ ᠰᠤᠮᠤ ᠠᠭᠰᠠᠭᠰᠠᠨ ᠲᠣᠷᠬᠠᠭ ᠤ᠋ᠳ ᠢ᠋ᠶ᠋ᠠᠨ ᠳᠥᠷᠪᠡᠨ ᠡᠭᠡᠯᠵᠢ ᠪᠣᠯᠭᠠᠵᠤ᠂ ᠡᠭᠡᠯᠵᠢ ᠪᠦᠷᠢ ᠶ᠋ᠢᠨ ᠬᠣᠷᠴᠢᠨ ᠢ᠋ᠶ᠋ᠠᠨ ᠵᠠᠬᠢᠷᠤᠨ ᠣᠷᠣᠵᠤ ᠰᠠᠬᠢᠲᠤᠭᠠᠢ!》 ᠭᠡᠵᠦ ᠵᠠᠷᠯᠢᠭ ᠪᠣᠯᠪᠠ᠃ 《ᠪᠠᠰᠠ ᠲᠣᠷᠬᠠᠭ ᠤ᠋ᠳ ᠤ᠋ᠨ ᠡᠭᠡᠯᠵᠢ ᠶ᠋ᠢᠨ ᠠᠬᠠᠯᠠᠭᠴᠢᠳ ᠢ᠋ ᠤᠷᠢᠳᠠ ᠶ᠋ᠢᠨ ᠵᠠᠬᠢᠷᠤᠨ ᠮᠡᠳᠡᠵᠦ ᠪᠠᠢᠭᠰᠠᠨ ᠬᠥᠮᠦᠨ ᠦ᠌ ᠤᠷᠤᠭ ᠠ᠋ᠴᠠ ᠪᠣᠯᠭᠠᠵᠤ᠂ ᠤᠷᠢᠳᠠ ᠮᠡᠳᠡᠵᠦ ᠪᠠᠢᠭᠰᠠᠨ ᠠᠯᠴᠢᠳᠠᠢ ᠬᠣᠩᠬᠣᠷᠳᠠᠢ ᠬᠣᠶᠠᠷ ᠬᠠᠪᠰᠤᠷᠴᠤ ᠨᠢᠭᠡ ᠡᠭᠡᠯᠵᠢ ᠲᠣᠷᠬᠠᠭ ᠤ᠋ᠳ ᠢ᠋ ᠵᠠᠬᠢᠷᠴᠤ ᠣᠷᠣᠲᠤᠭᠠᠢ᠃ ᠲᠠᠮᠣᠳᠠᠷ ᠵᠡᠭᠦ ᠬᠣᠶᠠᠷ ᠬᠠᠪᠰᠤᠷᠴᠤ ᠨᠢᠭᠡ ᠡᠭᠡᠯᠵᠢ ᠲᠣᠷᠬᠠᠭ ᠤ᠋ᠳ ᠢ᠋ ᠵᠠᠬᠢᠷᠴᠤ ᠣᠷᠣᠲᠤᠭᠠᠢ!  ᠮᠠᠩᠭᠤᠲᠠᠢ ᠭᠡᠵᠢᠭᠡᠯᠡᠭᠦᠯ (ᠲᠤᠰᠠᠯᠠᠬᠤ) ᠨᠢᠭᠡᠨ ᠡᠭᠡᠯᠵᠢ ᠶ᠋ᠢᠨ ᠲᠣᠷᠬᠠᠭ ᠤ᠋ᠳ ᠢ᠋ ᠵᠠᠬᠢᠷᠴᠤ ᠣᠷᠣᠲᠤᠭᠠᠢ!》 ᠪᠠᠰᠠ ᠬᠠᠭᠠᠨ ᠵᠠᠷᠯᠢᠭ ᠪᠣᠯᠤᠷᠤᠨ᠄ 《ᠪᠦᠬᠦ ᠨᠣᠶᠠᠳ ᠢ᠋ ᠡᠯᠵᠢᠭᠡᠳᠡᠢ ᠠᠬᠠᠯᠠᠵᠤ᠂ ᠡᠯᠵᠢᠭᠡᠳᠡᠢ ᠶ᠋ᠢᠨ ᠦᠭᠡ ᠪᠡᠷ ᠶᠠᠪᠤᠲᠤᠭᠠᠢ! ᠡᠭᠡᠯᠵᠢ ᠶ᠋ᠢᠨ ᠮᠠᠨᠠᠭᠠᠴᠢ᠂ ᠴᠠᠭ ᠠ᠋ᠴᠠ ᠬᠣᠵᠢᠮᠳᠠᠪᠠᠯ ᠤᠷᠢᠳᠠᠬᠢ ᠵᠠᠷᠯᠢᠭ ᠤ᠋ᠨ ᠶᠣᠰᠣ ᠪᠠᠷ ᠭᠤᠷᠪᠠᠨ ᠪᠠᠷᠢᠶ᠎ᠠ ᠵᠠᠨᠴᠢᠲᠤᠭᠠᠢ! ᠮᠥᠨ ᠬᠥᠮᠦᠨ ᠳ᠋ᠡᠭᠡᠨ ᠡᠭᠡᠯᠵᠢ ᠡᠴᠡ ᠬᠣᠵᠢᠳᠠᠪᠠᠯ ᠳᠣᠯᠣᠭᠠᠨ ᠪᠠᠷᠢᠶ᠎ᠠ ᠵᠠᠨᠴᠢᠲᠤᠭᠠᠢ! ᠪᠠᠰᠠ ᠲᠡᠷᠡ ᠬᠥᠮᠦᠨ ᠡᠪᠡᠳᠴᠢᠨ ᠦ᠌ ᠰᠢᠯᠲᠠᠭᠠᠨ ᠦᠭᠡᠢ᠂ ᠡᠭᠡᠯᠵᠢ ᠶ᠋ᠢᠨ ᠠᠬᠠᠯᠠᠭᠴᠢ ᠶ᠋ᠢᠨ ᠵᠥᠪᠰᠢᠶᠡᠷᠡᠯ ᠦᠭᠡᠢ ᠪᠡᠷ ᠭᠤᠷᠪᠠᠳᠠᠬᠢ ᠤᠳᠠᠭ᠎ᠠ ᠲᠠᠰᠤᠯᠪᠠᠯ ᠪᠢᠳᠡᠨ ᠳ᠋ᠦ᠍ ᠪᠠᠷ᠎ᠠ ᠪᠣᠯᠬᠤ ᠠ᠋ᠴᠠ ᠪᠡᠷᠬᠡᠰᠢᠶᠡᠭᠰᠡᠨ ᠡᠲᠡᠭᠡᠳ ᠭᠡᠵᠦ ᠦᠵᠡᠭᠡᠳ᠂ ᠭᠤᠴᠢᠨ ᠳᠣᠯᠣᠭᠠᠨ ᠪᠠᠷᠢᠶ᠎ᠠ ᠪᠠᠷ ᠵᠠᠨᠴᠢᠭᠠᠳ ᠬᠣᠯᠠ ᠭᠠᠵᠠᠷ ᠨᠢᠳᠦᠨ ᠦ᠌ ᠳᠠᠯᠳᠠ ᠴᠦᠯᠡᠵᠦ ᠤᠷᠭᠢᠶ᠎ᠠ᠃ ᠪᠠᠰᠠ ᠡᠭᠡᠯᠵᠢ ᠶ᠋ᠢᠨ ᠠᠬᠠᠯᠠᠭᠴᠢᠳ᠂ ᠬᠠᠷᠢᠶᠠᠲᠤ ᠬᠡᠰᠢᠭᠲᠡᠨ ᠢ᠋ᠶ᠋ᠡᠨ ᠪᠦᠷᠢᠳᠬᠡᠨ ᠵᠢᠭᠰᠠᠭᠠᠭᠰᠠᠨ ᠦᠭᠡᠢ ᠪᠡᠷ ᠮᠠᠨᠠᠭᠠᠨ ᠳ᠋ᠤ᠌ ᠣᠷᠣᠪᠠᠯ ᠡᠭᠡᠯᠵᠢ ᠶ᠋ᠢᠨ ᠠᠬᠠᠯᠠᠭᠴᠢ ᠶ᠋ᠢ ᠰᠢᠳᠬᠡᠶ᠎ᠡ! ᠪᠠᠰᠠ ᠡᠭᠡᠯᠵᠢ ᠶ᠋ᠢᠨ ᠠᠬᠠᠯᠠᠭᠴᠢᠳ ᠭᠤᠷᠪᠠᠨ ᠡᠭᠡᠯᠵᠢ ᠰᠣᠯᠢᠯᠴᠠᠬᠤ ᠳ᠋ᠠᠭᠠᠨ ᠡᠨᠡ ᠵᠠᠷᠯᠢᠭ ᠢ᠋ ᠬᠡᠰᠢᠭᠲᠡᠨ ᠳ᠋ᠡᠭᠡᠨ ᠰᠣᠨᠣᠰᠬᠠᠵᠤ ᠪᠠᠢᠲᠤᠭᠠᠢ᠃ ᠵᠠᠷᠯᠢᠭ ᠢ᠋ ᠰᠣᠨᠣᠰᠤᠭᠰᠠᠨ ᠪᠥᠭᠡᠲᠡᠯ᠎ᠡ ᠬᠡᠰᠢᠭᠲᠡᠨ ᠡᠭᠡᠯᠵᠢ ᠲᠠᠰᠤᠯᠪᠠᠯ ᠵᠠᠷᠯᠢᠭ ᠶᠣᠰᠣ ᠪᠠᠷ ᠰᠢᠳᠬᠡᠶ᠎ᠡ! ᠡᠨᠡ ᠵᠠᠷᠯᠢᠭ ᠢ᠋ ᠬᠡᠰᠢᠭᠲᠡᠨ ᠳ᠋ᠡᠭᠡᠨ ᠡᠰᠡ ᠰᠣᠨᠣᠰᠬᠠᠭᠰᠠᠨ ᠪᠣᠯ ᠡᠭᠡᠯᠵᠢ ᠶ᠋ᠢᠨ ᠠᠬᠠᠯᠠᠭᠴᠢᠳ ᠤ᠋ᠨ ᠪᠤᠷᠤᠭᠤ ᠪᠣᠯᠤᠨ᠎ᠠ᠃ ᠪᠠᠰᠠ ᠡᠭᠡᠯᠵᠢ ᠶ᠋ᠢᠨ ᠠᠬᠠᠯᠠᠭᠴᠢᠳ ᠬᠠᠷᠢᠶᠠᠯᠠᠵᠤ ᠬᠠᠮᠲᠤ ᠮᠠᠨᠠᠵᠤ ᠪᠠᠢᠭ᠎ᠠ ᠮᠢᠨᠦ ᠬᠡᠰᠢᠭᠲᠡᠨ ᠨᠠᠷ ᠢ᠋ ᠠᠬᠠᠯᠠᠭᠴᠢ ᠭᠡᠰᠡᠨ ᠲᠡᠳᠦᠢ ᠪᠡᠷ ᠳᠤᠷ᠎ᠠ ᠮᠡᠳᠡᠨ ᠰᠢᠳᠬᠡᠵᠦ ᠦᠯᠦ ᠪᠣᠯᠤᠨ᠎ᠠ᠃ ᠲᠡᠳᠡ᠂ ᠵᠠᠰᠠᠭ ᠢ᠋ ᠵᠥᠷᠢᠴᠡᠪᠡᠯ ᠪᠢᠳᠡᠨ ᠳ᠋ᠦ᠍ ᠮᠡᠳᠡᠭᠳᠡᠵᠦ ᠢᠷᠡᠭᠦᠯᠲᠦᠭᠡᠢ! ᠠᠯᠠᠬᠤ ᠶᠣᠰᠣᠲᠠᠢ ᠶ᠋ᠢ ᠪᠢᠳᠡ ᠠᠯᠠᠨ᠎ᠠ᠃ ᠰᠢᠳᠬᠡᠬᠦ ᠶᠣᠰᠣᠲᠠᠢ ᠶ᠋ᠢ ᠪᠢᠳᠡ ᠰᠢᠳᠬᠡᠨ᠎ᠡ᠃ ᠠᠬᠠᠯᠠᠭᠴᠢ ᠭᠡᠰᠡᠨ ᠲᠡᠳᠦᠢ ᠪᠡᠷ ᠪᠢᠳᠡᠨ ᠳ᠋ᠦ᠍ ᠮᠡᠳᠡᠭᠳᠡᠬᠦ ᠦᠭᠡᠢ ᠪᠡᠷ᠂ ᠮᠢᠨᠦ ᠬᠡᠰᠢᠭᠲᠡᠨ ᠳ᠋ᠦ᠍ ᠭᠠᠷ ᠬᠥᠯ ᠬᠦᠷᠭᠡᠪᠡᠯ ᠨᠢᠳᠤᠷᠭ᠎ᠠ ᠶ᠋ᠢᠨ ᠣᠷᠣᠨ ᠳ᠋ᠤ᠌ ᠨᠢᠳᠤᠷᠭ᠎ᠠ ᠪᠠᠷ᠂ ᠪᠠᠷᠢᠶᠠᠨ ᠤ᠋ ᠣᠷᠣᠨ ᠳ᠋ᠤ᠌ ᠪᠠᠷᠢᠶ᠎ᠠ ᠪᠠᠷ ᠴᠣᠬᠢᠵᠤ ᠬᠠᠷᠢᠭᠤᠯᠤᠨ᠎ᠠ᠃ ᠭᠠᠳᠠᠨᠠᠬᠢ ᠮᠢᠩᠭᠠᠨ ᠤ᠋ ᠨᠣᠶᠠᠳ ᠠ᠋ᠴᠠ ᠮᠢᠨᠦ ᠬᠡᠰᠢᠭᠲᠡᠨ ᠳᠡᠭᠡᠷ᠎ᠡ ᠪᠠᠢᠵᠤ᠂ ᠭᠠᠳᠠᠨᠠᠬᠢ ᠮᠢᠩᠭᠠᠨ ᠤ᠋ ᠨᠣᠶᠠᠳ᠂ ᠮᠢᠨᠦ ᠬᠡᠰᠢᠭᠲᠡᠨ ᠲᠡᠢ ᠬᠡᠷᠡᠯᠳᠦᠪᠡᠯ ᠮᠢᠩᠭᠠᠨ ᠤ᠋ ᠨᠣᠶᠠᠳ ᠢ᠋ ᠰᠢᠳᠬᠡᠨ᠎ᠡ》 ᠭᠡᠵᠦ ᠵᠠᠷᠯᠢᠭ ᠪᠣᠯᠪᠠ᠃
279᠂ ᠪᠠᠰᠠ ᠥᠭᠡᠳᠡᠢ ᠬᠠᠭᠠᠨ ᠥᠭᠦᠯᠡᠷᠦᠨ᠄ 《ᠴᠢᠩᠭᠢᠰ ᠬᠠᠭᠠᠨ ᠡᠴᠢᠭᠡ ᠶ᠋ᠢᠨ ᠵᠣᠪᠠᠵᠤ ᠪᠠᠢᠭᠤᠯᠤᠭᠰᠠᠨ ᠤᠯᠤᠰ ᠢ᠋ ᠪᠦᠦ ᠵᠣᠪᠠᠭᠠᠶ᠎ᠠ᠃ ᠬᠥᠯ ᠢ᠋ ᠨᠢ ᠬᠥᠰᠡᠷ᠂ ᠭᠠᠷ ᠢ᠋ ᠨᠢ ᠭᠠᠵᠠᠷ ᠲᠤ᠌ ᠲᠠᠯᠪᠢᠭᠤᠯᠵᠤ ᠵᠢᠷᠭᠠᠭᠤᠯᠤᠶ᠎ᠠ᠃ ᠬᠠᠭᠠᠨ ᠡᠴᠢᠭᠡ ᠶ᠋ᠢᠨ ᠪᠡᠯᠡᠨ ᠰᠠᠭᠤᠷᠢ ᠶ᠋ᠢ ᠡᠵᠡᠯᠡᠭᠡᠳ ᠢᠷᠭᠡᠨ ᠢ᠋ ᠦᠯᠦ ᠵᠣᠪᠠᠭᠠᠬᠤ ᠶ᠋ᠢ ᠡᠷᠬᠢᠮ ᠪᠣᠯᠭᠠᠨ᠎ᠠ᠃ ᠱᠥᠯᠥ ᠰᠢᠭᠦᠰᠦ ᠪᠣᠯᠭᠠᠵᠤ ᠬᠠᠷᠢᠶᠠᠲᠤ ᠤᠯᠤᠰ ᠤ᠋ᠨ ᠰᠦᠷᠦᠭ ᠬᠣᠨᠢ ᠪᠦᠷᠢ ᠡᠴᠡ ᠨᠢᠵᠡᠭᠡᠳ ᠬᠣᠨᠢ ᠵᠢᠯ ᠳᠣᠳᠣᠮ ᠠᠪᠴᠤ ᠪᠠᠢᠨ᠎ᠠ᠃ ᠵᠠᠭᠤᠨ ᠬᠣᠨᠢ ᠠ᠋ᠴᠠ ᠨᠢᠵᠡᠭᠡᠳ ᠬᠣᠨᠢ ᠭᠠᠷᠭᠠᠵᠤ ᠤᠯᠤᠰ ᠤ᠋ᠨ ᠳᠣᠲᠣᠷᠠᠬᠢ ᠦᠭᠡᠭᠦᠦ ᠶᠠᠳᠠᠭᠤᠴᠤᠳ ᠤ᠋ᠨ ᠲᠤᠰᠠᠯᠠᠮᠵᠢ ᠪᠣᠯᠭᠠᠵᠤ ᠥᠭᠲᠦᠭᠡᠢ᠃ ᠪᠠᠰᠠ ᠣᠯᠠᠨ ᠠᠬ᠎ᠠ ᠳᠡᠭᠦᠦ ᠡᠷ᠎ᠡ ᠴᠡᠷᠢᠭ᠂ ᠠᠭᠲᠠ ᠮᠣᠷᠢ ᠳᠠᠷᠠᠭᠠᠯᠠᠨ ᠴᠤᠭᠯᠠᠷᠠᠬᠤ ᠪᠣᠯ ᠴᠣᠭᠯᠠᠷᠠᠭᠰᠠᠳ ᠤ᠋ᠨ ᠤᠮᠳᠠ ᠶ᠋ᠢ ᠲᠤᠬᠠᠢ ᠪᠦᠷᠢ ᠠᠷᠠᠳ ᠠ᠋ᠴᠠ ᠲᠠᠲᠠᠪᠤᠷᠢᠯᠠᠨ ᠠᠪᠬᠤ ᠨᠢ ᠵᠣᠬᠢᠯᠳᠤᠬᠤ ᠦᠭᠡᠢ᠃ ᠵᠦᠭ ᠵᠦᠭ ᠦ᠋ᠨ ᠮᠢᠩᠭ᠋ᠠᠳᠣ ᠪᠦᠷᠢ ᠡᠴᠡ ᠭᠡᠭᠦᠦ ᠭᠠᠷᠭᠠᠵᠤ᠂ ᠮᠥᠨ ᠰᠠᠭᠠᠬᠤ ᠰᠠᠭᠠᠯᠢᠴᠢᠨ ᠠᠳᠤᠭᠤᠯᠠᠬᠤ ᠨᠤᠲᠤᠭᠴᠢᠨ ᠢ᠋ ᠲᠣᠮᠢᠯᠠᠵᠤ ᠥᠷᠢ ᠬᠥᠯᠥᠰᠥ ᠶ᠋ᠢ ᠨᠢ ᠲᠥᠯᠥᠭᠡᠳ ᠣᠨᠠᠭᠠᠴᠢᠨ ᠪᠣᠯᠭᠠᠲᠤᠭᠠᠢ᠃ ᠪᠠᠰᠠ ᠨᠣᠶᠠᠳ ᠠᠬ᠎ᠠ ᠳᠡᠭᠦᠦ ᠨᠠᠷ ᠴᠤᠭᠯᠠᠷᠠᠪᠠᠯ ᠥᠭᠯᠢᠭᠡ ᠰᠣᠶᠣᠷᠬᠠᠯ ᠢ᠋ ᠥᠭᠴᠦ ᠪᠠᠢᠶ᠎ᠠ᠃ ᠡᠭᠦᠨ ᠦ᠌ ᠲᠤᠯᠠ ᠡᠳ᠋ ᠠᠭᠤᠷᠰᠤ᠂ ᠮᠥᠩᠭᠥ᠂ ᠰᠦᠬᠡ᠂ ᠨᠤᠮᠤ᠂ ᠰᠠᠭᠠᠳᠠᠭ ᠬᠤᠶᠠᠭ᠂ ᠵᠡᠪᠡ ᠵᠡᠷᠭᠡ ᠶ᠋ᠢ ᠪᠠᠢᠰᠢᠩ ᠵᠣᠭᠣᠷᠢᠨ ᠳ᠋ᠤ᠌ ᠬᠠᠳᠠᠭᠠᠯᠠᠵᠤ᠂ ᠲᠡᠷᠡ ᠪᠠᠢᠰᠢᠩ ᠪᠠᠯᠭᠠᠰᠤ ᠶ᠋ᠢ ᠰᠠᠬᠢᠭᠣᠯᠣᠶ᠎ᠠ᠃ ᠡᠭᠦᠨ ᠢ᠋ ᠵᠦᠭ ᠪᠦᠷᠢ ᠡᠴᠡ ᠪᠠᠯᠭᠠᠰᠤᠴᠢᠨ᠂ ᠠᠮᠤᠴᠢᠨ (ᠠᠮᠤ ᠪᠤᠳᠠᠭ᠎ᠠ ᠬᠠᠳᠠᠭᠠᠯᠠᠭᠴᠢ) ᠨᠠᠷ ᠢ᠋ ᠲᠣᠮᠢᠯᠠᠵᠤ ᠰᠠᠬᠢᠭᠣᠯᠣᠶ᠎ᠠ᠃ ᠪᠠᠰᠠ ᠤᠯᠤᠰ ᠢᠷᠭᠡᠨ ᠢ᠋ ᠨᠤᠲᠤᠭ ᠤᠰᠤ ᠶ᠋ᠢ ᠬᠤᠪᠢᠶᠠᠵᠤ ᠥᠭᠭᠦᠶ᠎ᠡ᠃ ᠨᠤᠲᠤᠭ ᠢ᠋ ᠬᠤᠪᠢᠶᠠᠵᠤ ᠰᠣᠩᠭ᠋ᠣᠵᠣ ᠨᠤᠲᠤᠭᠯᠠᠬᠤ ᠳ᠋ᠤ᠌ ᠮᠢᠩᠭ᠋ᠠᠳᠣ ᠪᠦᠷᠢ ᠡᠴᠡ ᠨᠤᠲᠤᠭᠴᠢᠨ ᠢ᠋ ᠢᠯᠭᠠᠵᠤ ᠭᠠᠷᠭᠠᠪᠠᠯ ᠪᠣᠯᠤᠨ᠎ᠠ᠃ ᠪᠠᠰᠠ ᠴᠦᠯ ᠭᠣᠪᠢ ᠨᠤᠲᠤᠭ ᠲᠤ᠌ ᠭᠥᠷᠦᠭᠡᠰᠦᠨ ᠡᠴᠡ ᠥᠭᠡᠷ᠎ᠡ ᠠᠮᠢᠲᠠᠨ ᠦᠭᠡᠢ ᠪᠠᠢᠨ᠎ᠠ᠃ ᠠᠷᠠᠳ ᠢᠷᠭᠡᠨ᠂ ᠠᠭᠤᠵᠢᠮ ᠰᠠᠭᠤᠬᠤ ᠶ᠋ᠢ ᠬᠦᠰᠡᠨ᠎ᠡ᠃ ᠴᠠᠨᠠᠢ ᠣᠢ᠌ᠭᠣᠷᠳᠠᠢ ᠬᠣᠶᠠᠷ ᠲᠡᠷᠢᠭᠦᠲᠡᠢ ᠨᠤᠲᠤᠭᠴᠢᠨ ᠢ᠋ ᠶᠠᠪᠤᠭᠤᠯᠵᠤ᠂ ᠴᠦᠯ ᠭᠣᠪᠢ ᠳ᠋ᠤ᠌ ᠬᠤᠳᠳᠤᠭ ᠮᠠᠯᠲᠠᠭᠤᠯᠵᠤ ᠬᠠᠰᠢᠭᠤᠯᠤᠶ᠎ᠠ᠃ ᠪᠠᠰᠠ ᠡᠯᠴᠢ ᠨᠠᠷ ᠢ᠋ ᠣᠳᠣ ᠶ᠋ᠢᠨ ᠪᠠᠢᠳᠠᠯ ᠢ᠋ᠶ᠋ᠠᠷ ᠶᠠᠪᠤᠭᠤᠯᠬᠤ ᠳ᠋ᠤ᠌ ᠡᠯᠴᠢ ᠨᠠᠷ ᠤᠳᠠᠭᠠᠨ ᠶᠠᠪᠤᠬᠤ ᠪᠠ ᠠᠷᠠᠳ ᠣᠯᠠᠨ ᠳ᠋ᠤ᠌ ᠵᠣᠪᠠᠯᠠᠩ ᠴᠢᠷᠦᠭᠳᠡᠯ ᠦᠯᠡᠮᠵᠢ ᠪᠠᠢᠨ᠎ᠠ᠃ ᠣᠳᠣ ᠪᠢᠳᠡ  ᠪᠠᠢᠩᠭᠤ ᠵᠢᠷᠤᠮ ᠪᠣᠯᠭᠠᠵᠤ ᠵᠦᠭ ᠵᠦᠭ ᠦ᠋ᠨ ᠮᠢᠩᠭ᠋ᠠᠳᠣ ᠠ᠋ᠴᠠ ᠵᠠᠮᠴᠢᠨ ᠤᠯᠠᠭᠠᠴᠢᠨ ᠭᠠᠷᠭᠠᠵᠤ᠂ ᠰᠠᠭᠤᠷᠢ ᠰᠠᠭᠤᠷᠢᠨ ᠳ᠋ᠤ᠌ ᠥᠷᠲᠡᠭᠡ ᠲᠠᠯᠪᠢᠵᠤ ᠡᠯᠴᠢ ᠨᠠᠷ ᠢ᠋ ᠠᠷᠠᠳ ᠣᠯᠠᠨ ᠤ᠋ ᠳᠤᠮᠳᠠᠭᠤᠷ ᠬᠠᠮᠢᠶ᠎ᠠ ᠦᠭᠡᠢ ᠤᠷᠤᠭ ᠤ᠋ᠨ ᠤᠯᠠᠭ᠎ᠠ ᠤᠨᠤᠵᠤ ᠬᠡᠰᠦᠴᠢᠯᠡᠨ ᠳᠠᠪᠬᠢᠬᠤ ᠦᠭᠡᠢ ᠭᠠᠭᠴᠠ ᠬᠦ ᠥᠷᠲᠡᠭᠡ ᠵᠠᠮ ᠢ᠋ᠶ᠋ᠠᠷ ᠶᠠᠪᠤᠬᠤ ᠪᠣᠯᠭᠠᠶ᠎ᠠ᠃ ᠡᠨᠡ ᠦᠢᠯᠡ ᠬᠡᠷᠡᠭ ᠢ᠋ ᠢᠩᠭᠢᠵᠦ ᠶᠠᠪᠤᠭᠤᠯᠤᠶ᠎ᠠ ᠭᠡᠵᠦ ᠴᠠᠨᠠᠢ ᠪᠣᠯᠬᠠᠳᠠᠷ ᠬᠣᠶᠠᠷ ᠰᠠᠨᠠᠵᠤ ᠪᠢᠳᠡᠨ ᠳ᠋ᠦ᠍ ᠳᠤᠷᠠᠳᠬᠠᠭᠰᠠᠨ ᠨᠢ ᠵᠥᠪ ᠵᠦᠢᠲᠡᠢ ᠰᠠᠨᠠᠭᠳᠠᠬᠤ ᠪᠣᠯᠪᠠᠴᠤ᠂ ᠴᠠᠭᠠᠲᠠᠢ ᠠᠬ᠎ᠠ ᠮᠡᠳᠡᠲᠦᠭᠡᠢ! ᠡᠳᠡᠭᠡᠷ ᠬᠡᠯᠡᠭᠰᠡᠨ ᠦᠢᠯᠡᠰ ᠢ᠋ ᠵᠣᠬᠢᠮᠵᠢᠲᠠᠢ ᠭᠡᠵᠦ ᠵᠥᠪᠰᠢᠶᠡᠬᠦ ᠡᠰᠡᠬᠦ ᠶ᠋ᠢ ᠴᠠᠭᠠᠲᠠᠢ ᠠᠬ᠎ᠠ ᠰᠢᠢᠳᠲᠦᠭᠡᠢ !》 ᠭᠡᠵᠦ ᠢᠯᠡᠭᠡᠪᠡᠯ᠂ ᠡᠳᠡᠭᠡᠷ ᠠᠰᠠᠭᠤᠵᠤ ᠢᠯᠡᠭᠡᠭᠰᠡᠨ ᠪᠦᠬᠦ ᠦᠢᠯᠡ ᠬᠡᠷᠡᠭ ᠢ᠋ ᠴᠥᠮ ᠵᠥᠪᠰᠢᠶᠡᠷᠡᠵᠦ 《ᠲᠡᠷᠡ ᠶᠣᠰᠣ ᠪᠠᠷ ᠬᠢᠲᠦᠭᠡᠢ!》 ᠭᠡᠵᠦ ᠬᠠᠷᠢᠭᠤ ᠢᠯᠡᠭᠡᠵᠡᠢ᠃ ᠪᠠᠰᠠ ᠴᠠᠭᠠᠲᠠᠢ ᠠᠬ᠎ᠠ ᠶ᠋ᠢᠨ ᠬᠡᠯᠡᠵᠦ ᠢᠯᠡᠭᠡᠭᠰᠡᠨ ᠨᠢ᠄ 《ᠪᠢ ᠡᠨᠳᠡ ᠡᠴᠡ ᠣᠭᠳᠣᠭᠣᠯᠣᠨ ᠥᠷᠲᠡᠭᠡ ᠵᠠᠮ ᠢ᠋ ᠪᠠᠢᠭᠤᠯᠰᠤᠭᠠᠢ᠃ ᠪᠠᠰᠠ ᠡᠨᠳᠡ ᠡᠴᠡ ᠪᠠᠲᠤ ᠳ᠋ᠤ᠌ ᠡᠯᠴᠢ ᠢᠯᠡᠭᠡᠶ᠎ᠡ᠃ ᠪᠠᠲᠤ ᠣᠭᠳᠣᠭᠣᠯᠣᠨ ᠥᠷᠲᠡᠭᠡ ᠵᠠᠮ ᠪᠠᠢᠭᠤᠯᠵᠤ ᠬᠣᠯᠪᠣᠲᠤᠭᠠᠢ!》 ᠭᠡᠳ ᠪᠠᠰᠠ ᠥᠭᠦᠯᠡᠭᠰᠡᠨ ᠨᠢ᠄ 《ᠪᠦᠭᠦᠳᠡ ᠶ᠋ᠢᠨ ᠬᠣᠭᠣᠷᠣᠨᠳᠣ ᠥᠷᠲᠡᠭᠡ ᠵᠠᠮ ᠲᠠᠯᠪᠢᠶ᠎ᠠ ᠭᠡᠳᠡᠭ᠂ ᠵᠥᠪ ᠡᠴᠡ ᠵᠥᠪ ᠦᠭᠡ ᠶ᠋ᠢ ᠳᠤᠷᠠᠳᠬᠠᠵᠠᠢ!》 ᠭᠡᠵᠦ ᠢᠯᠡᠭᠡᠵᠡᠢ᠃
280᠂ ᠲᠡᠨᠳᠡ ᠡᠴᠡ ᠥᠭᠡᠳᠡᠢ ᠬᠠᠭᠠᠨ ᠥᠭᠦᠯᠡᠷᠦᠨ᠄ 《ᠡᠨᠡ ᠶᠠᠪᠤᠳᠠᠯ ᠢ᠋ ᠴᠠᠭᠠᠲᠠᠢ ᠠᠬ᠎ᠠ᠂ ᠪᠠᠲᠤ ᠲᠡᠷᠢᠭᠦᠲᠡᠨ ᠪᠠᠷᠠᠭᠤᠨ ᠭᠠᠷ ᠤ᠋ᠨ ᠬᠥᠪᠡᠭᠦᠳ᠂ ᠠᠬ᠎ᠠ ᠳᠡᠭᠦᠦ ᠨᠠᠷ ᠴᠥᠮ᠂ ᠣᠳᠴᠢᠭᠢᠨ ᠨᠣᠶᠠᠨ᠂ ᠵᠡᠭᠦ ᠲᠡᠷᠢᠭᠦᠲᠡᠨ ᠵᠡᠭᠦᠨ ᠭᠠᠷ ᠤ᠋ᠨ ᠬᠥᠪᠡᠭᠦᠳ ᠠᠬ᠎ᠠ ᠳᠡᠭᠦᠦ ᠨᠠᠷ ᠴᠥᠮ᠂ ᠭᠣᠣᠯ ᠤ᠋ᠨ ᠥᠬᠢᠳ᠂ ᠬᠦᠷᠭᠡᠳ᠂ ᠲᠦᠮᠡᠨ ᠦ᠌ ᠨᠣᠶᠠᠳ᠂ ᠮᠢᠩᠭᠠᠨ ᠤ᠋ ᠨᠣᠶᠠᠳ᠂ ᠵᠠᠭᠤᠨ ᠤ᠋ ᠨᠣᠶᠠᠳ᠂ ᠠᠷᠪᠠᠨ ᠤ᠋ ᠨᠣᠶᠠᠳ ᠴᠥᠮ ᠵᠥᠪᠰᠢᠶᠡᠷᠡᠵᠡᠢ᠃ ᠵᠥᠪᠰᠢᠶᠡᠷᠡᠭᠰᠡᠨ ᠵᠦᠢᠯ ᠨᠢ᠄ ᠳᠠᠯᠠᠢ ᠬᠠᠭᠠᠨ ᠤ᠋ (ᠥᠭᠡᠳᠡᠢ ᠬᠠᠭᠠᠨ ᠢ᠋ ᠵᠢᠵᠢᠭ ᠬᠠᠭᠠᠳ ᠠ᠋ᠴᠠ ᠢᠯᠭᠠᠪᠤᠷᠢᠯᠠᠵᠤ᠂ ᠶᠡᠬᠡ ᠬᠠᠭᠠᠨ ᠪᠤᠶᠤ ᠳᠠᠯᠠᠢ ᠬᠠᠭᠠᠨ ᠭᠡᠨ᠎ᠡ) ᠱᠥᠯᠥ ᠳ᠋ᠦ᠍ ᠬᠡᠷᠡᠭᠯᠡᠬᠦ ᠪᠡᠷ ᠵᠢᠯ ᠳᠣᠳᠣᠮ ᠰᠦᠷᠦᠭ ᠪᠦᠷᠢ ᠡᠴᠡ ᠨᠢᠵᠡᠭᠡᠳ ᠱᠥᠯᠦᠨ ᠢᠷᠭᠡ ᠶ᠋ᠢ ᠭᠠᠷᠭᠠᠵᠤ ᠥᠭᠭᠦᠨ᠎ᠡ ᠂ ᠵᠠᠭᠤᠨ ᠬᠣᠨᠢᠨ ᠠ᠋ᠴᠠ ᠨᠢᠵᠡᠭᠡᠳ ᠵᠤᠰᠠᠭ ᠬᠣᠨᠢ ᠭᠠᠷᠭᠠᠵᠤ ᠦᠭᠡᠭᠦᠦ ᠶᠠᠳᠠᠭᠤ ᠬᠥᠮᠦᠰ ᠦ᠋ᠨ ᠲᠤᠰᠠᠯᠠᠮᠵᠢ ᠪᠣᠯᠭᠠᠵᠤ ᠥᠭᠪᠡᠯ ᠰᠠᠢᠨ ᠪᠣᠢ᠃ ᠥᠷᠲᠡᠭᠡ ᠲᠠᠯᠪᠢᠭᠤᠯᠵᠤ᠂ ᠵᠠᠮᠴᠢᠨ᠂ ᠤᠯᠠᠭᠠᠴᠢ ᠶ᠋ᠢ ᠭᠠᠷᠭᠠᠪᠠᠯ ᠣᠯᠠᠨ ᠤᠯᠤᠰ ᠢᠷᠭᠡᠨ ᠳ᠋ᠦ᠍ ᠠᠮᠤᠭᠤᠯᠠᠩ ᠪᠣᠯᠬᠤ ᠪᠠ ᠡᠯᠴᠢ ᠨᠠᠷ ᠲᠤ᠌ ᠳᠥᠭᠥᠮ ᠲᠡᠢ ᠭᠡᠰᠡᠨ ᠢ᠋ ᠪᠦᠭᠦᠳᠡᠭᠡᠷ ᠵᠥᠪᠰᠢᠶᠡᠷᠡᠵᠡᠢ ᠭᠡᠵᠦ ᠬᠠᠭᠠᠨ ᠵᠠᠷᠯᠢᠭ ᠪᠣᠯᠵᠤ᠂ ᠴᠠᠭᠠᠲᠠᠢ ᠠᠬ᠎ᠠ ᠲᠠᠢ ᠵᠥᠪᠯᠡᠭᠡᠳ ᠴᠠᠭᠠᠲᠠᠢ ᠠᠬ᠎ᠠ ᠵᠥᠪᠰᠢᠶᠡᠷᠡᠭᠰᠡᠨ ᠲᠤᠯᠠ ᠪᠦᠬᠦ ᠤᠯᠤᠰ ᠠ᠋ᠴᠠ᠂ ᠵᠦᠭ ᠵᠦᠭ ᠦ᠋ᠨ ᠮᠢᠩᠭ᠋ᠠᠳᠣ ᠠ᠋ᠴᠠ ᠬᠠᠭᠠᠨ ᠤ᠋ ᠵᠠᠷᠯᠢᠭ ᠢ᠋ᠶ᠋ᠠᠷ ᠵᠢᠯ ᠳᠣᠳᠣᠮ᠂ ᠰᠦᠷᠦᠭ ᠬᠣᠨᠢ ᠠ᠋ᠴᠠ ᠨᠢᠵᠡᠭᠡᠳ ᠱᠥᠯᠦᠨ ᠢᠷᠭᠡ ᠵᠠᠭᠤᠨ ᠬᠣᠨᠢᠨ ᠠ᠋ᠴᠠ ᠨᠢᠵᠡᠭᠡᠳ ᠵᠤᠰᠠᠭ ᠬᠣᠨᠢ ᠭᠠᠷᠭᠠᠭᠤᠯᠪᠠ᠃ ᠭᠡᠭᠦᠦ ᠶ᠋ᠢ ᠭᠠᠷᠭᠠᠭᠤᠯᠤᠨ ᠴᠤᠭᠯᠠᠭᠤᠯᠵᠤ ᠣᠨᠠᠭᠠᠴᠢᠨ ᠢ᠋ ᠰᠠᠭᠤᠯᠭᠠᠪᠠ᠃ ᠣᠨᠠᠭᠠᠴᠢᠨ᠂ ᠪᠠᠯᠭᠠᠰᠤᠴᠢᠨ᠂  ᠠᠮᠣᠴᠢᠨ ᠢ᠋ ᠲᠣᠮᠢᠯᠠᠵᠤ ᠭᠠᠷᠭᠠᠭᠤᠯᠪᠠ᠃ ᠵᠠᠮᠴᠢᠨ᠂ ᠤᠯᠠᠭᠠᠴᠢᠨ ᠢ᠋ ᠭᠠᠷᠭᠠᠭᠤᠯᠵᠤ ᠰᠠᠭᠤᠷᠢᠯᠠᠬᠤ ᠭᠠᠵᠠᠷ ᠢ᠋ ᠲᠣᠭᠲᠠᠭᠠᠵᠤ᠂ ᠥᠷᠲᠡᠭᠡ ᠵᠠᠮ ᠢ᠋ ᠲᠠᠯᠪᠢᠭᠤᠯᠤᠭᠠᠳ ᠠᠷᠠᠴᠠᠨ ᠲᠣᠭᠣᠴᠠᠷ ᠬᠣᠶᠠᠷ ᠢ᠋ᠶ᠋ᠠᠷ ᠵᠠᠬᠢᠷᠤᠭᠤᠯᠵᠤ᠂ ᠵᠠᠮ ᠤ᠋ᠨ ᠨᠢᠭᠡᠨ ᠰᠠᠭᠤᠷᠢ ᠥᠷᠲᠡᠭᠡᠨ ᠳ᠋ᠦ᠍ ᠬᠣᠷᠢᠨ ᠤᠯᠠᠭᠠᠴᠢᠨ ᠢ᠋ ᠭᠠᠷᠭᠠᠪᠠ᠃ ᠰᠠᠭᠤᠷᠢ ᠳᠣᠳᠣᠮ ᠢ᠋ ᠬᠣᠷᠢᠭᠠᠳ ᠤᠯᠠᠭᠠᠴᠢ ᠲᠠᠢ ᠪᠣᠯᠭᠠᠪᠠ᠃ ᠤᠯᠠᠭ᠎ᠠ ᠶ᠋ᠢᠨ ᠮᠣᠷᠢ᠂ ᠰᠢᠭᠦᠰᠦᠨ ᠦ᠌ ᠬᠣᠨᠢ᠂ ᠰᠠᠭᠠᠯᠢ ᠶ᠋ᠢᠨ ᠭᠡᠭᠦᠦ᠂ ᠬᠥᠯᠯᠡᠬᠦ ᠦᠬᠡᠷ᠂ ᠠᠴᠢᠬᠤ ᠲᠡᠷᠭᠡ ᠵᠡᠷᠭᠡ ᠶ᠋ᠢ ᠲᠣᠭᠲᠠᠭᠠᠭᠰᠠᠨ ᠬᠡᠮᠵᠢᠶ᠎ᠡ ᠪᠡᠷ ᠪᠡᠯᠡᠳᠬᠡᠵᠦ᠂ ᠣᠬᠣᠷ ᠰᠢᠳᠠᠮ ᠠ᠋ᠴᠠ ᠳᠤᠲᠠᠭᠤᠯᠪᠠᠯ ᠤᠷᠤᠭᠤᠯ ᠢ᠋ᠶ᠋ᠠᠷ ᠬᠠᠭᠠᠰ ᠠᠯᠳᠠᠯ ᠲᠠᠢ ᠪᠣᠯᠲᠤᠭᠠᠢ᠃ ᠬᠠᠯᠪᠠᠭ᠎ᠠ ᠬᠡᠬᠢᠶᠡᠰᠤ ᠳᠤᠲᠠᠭᠤᠯᠪᠠᠯ ᠬᠠᠮᠠᠷ ᠤ᠋ᠨ ᠬᠠᠭᠠᠰ ᠢ᠋ ᠠᠯᠳᠠᠯ ᠲᠠᠢ ᠪᠣᠯᠲᠤᠭᠠᠢ》 ᠭᠡᠵᠦ ᠵᠠᠷᠯᠢᠭ ᠪᠣᠯᠪᠠ᠃
281᠂ ᠥᠭᠡᠳᠡᠢ ᠬᠠᠭᠠᠨ ᠥᠭᠦᠯᠡᠷᠦᠨ᠄ 《ᠡᠴᠢᠭᠡ ᠶ᠋ᠢᠨ ᠢ᠋ᠶ᠋ᠡᠨ ᠶᠡᠬᠡ ᠰᠠᠭᠤᠷᠢᠨ ᠳ᠋ᠤ᠌ ᠰᠠᠭᠤᠵᠤ᠂ ᠬᠠᠭᠠᠨ ᠡᠴᠢᠭᠡ ᠡᠴᠡ ᠬᠣᠢᠰᠢ ᠦᠢᠯᠡᠳᠦᠭᠰᠡᠨ ᠬᠡᠷᠡᠭ ᠮᠢᠨᠢ᠄ ᠨᠢᠭᠡᠳᠦᠭᠡᠷ ᠲᠦ᠍᠂ ᠪᠢ ᠠᠯᠲᠠᠨ ᠤᠯᠤᠰ ᠢ᠋ ᠡᠵᠡᠯᠡᠨ ᠳᠠᠭᠠᠭᠤᠯᠪᠠ᠃ ᠬᠣᠶᠠᠳᠤᠭᠠᠷ ᠲᠤ᠌᠂ ᠪᠢᠳᠡᠨ ᠦ᠌ ᠬᠣᠭᠣᠷᠣᠨᠳᠣ ᠡᠯᠴᠢ ᠶᠠᠪᠤᠭᠤᠯᠵᠤ ᠬᠠᠷᠢᠯᠴᠠᠬᠤ ᠪᠠ ᠡᠯᠳᠡᠪ ᠬᠡᠷᠡᠭ ᠢ᠋ ᠵᠥᠭᠡᠭᠡᠯᠭᠡᠬᠦ ᠥᠷᠲᠡᠭᠡ ᠵᠠᠮ ᠢ᠋ ᠲᠠᠯᠪᠢᠭᠤᠯᠪᠠ᠃ ᠭᠤᠷᠪᠠᠳᠤᠭᠠᠷ ᠲᠤ᠌᠂ ᠤᠰᠤ ᠦᠭᠡᠢ ᠭᠠᠵᠠᠷ ᠲᠤ᠌ ᠬᠤᠳᠳᠤᠭ ᠮᠠᠯᠲᠠᠭᠤᠯᠵᠤ ᠭᠠᠷᠭᠠᠭᠤᠯᠤᠭᠠᠳ ᠤᠯᠤᠰ ᠢᠷᠭᠡᠨ ᠢ᠋ ᠤᠰᠤ ᠡᠪᠡᠰᠦᠨ ᠳ᠋ᠦ᠍ ᠬᠦᠷᠦᠯᠴᠡᠭᠡᠲᠡᠢ ᠪᠣᠯᠭᠠᠪᠠ᠃ ᠳᠥᠷᠪᠡᠳᠦᠭᠡᠷ ᠲᠦ᠍᠂ ᠵᠦᠭ ᠵᠦᠭ ᠦ᠋ᠨ ᠰᠠᠭᠤᠷᠢᠨ ᠤᠯᠤᠰ ᠤ᠋ᠨ ᠬᠣᠲᠠ ᠤ᠋ᠳ ᠲᠤ᠌ ᠮᠡᠳᠡᠭᠡᠯᠡᠭᠴᠢ᠂ ᠵᠠᠬᠢᠷᠤᠭᠴᠢ ᠨᠠᠷ ᠢ᠋ ᠲᠠᠯᠪᠢᠵᠤ᠂ ᠤᠯᠤᠰ ᠢᠷᠭᠡᠨ ᠢ᠋ ᠬᠥᠯ ᠬᠥᠰᠡᠷ᠂ ᠭᠠᠷ ᠭᠠᠵᠠᠷ ᠲᠠᠯᠪᠢᠭᠤᠯᠵᠤ ᠠᠮᠤᠷ ᠲᠦᠪᠰᠢᠨ ᠪᠣᠯᠭᠠᠪᠠ᠃ ᠬᠠᠭᠠᠨ ᠡᠴᠢᠭᠡ ᠡᠴᠡ ᠬᠣᠢᠰᠢ᠂ ᠡᠨᠡ ᠳᠥᠷᠪᠡᠨ ᠦᠢᠯᠡ ᠶ᠋ᠢ ᠨᠡᠮᠡᠪᠡ᠂ ᠪᠢ᠃ ᠪᠠᠰᠠ ᠬᠠᠭᠠᠨ ᠡᠴᠢᠭᠡ ᠶ᠋ᠢᠨ ᠶᠡᠬᠡ ᠰᠠᠭᠤᠷᠢᠨ ᠳ᠋ᠤ᠌ ᠰᠠᠭᠤᠵᠤ᠂ ᠣᠯᠠᠨ ᠤᠯᠤᠰ ᠢᠷᠭᠡᠨ ᠢ᠋ ᠵᠠᠬᠢᠷᠬᠤ ᠶᠡᠬᠡ ᠡᠭᠦᠷᠭᠡ ᠶ᠋ᠢ ᠬᠦᠯᠢᠶᠡᠭᠰᠡᠨ ᠪᠠᠢᠲᠠᠯ᠎ᠠ ᠪᠣᠷᠣ ᠳᠡᠷᠡᠰᠦᠨ ᠳ᠋ᠦ᠍ ᠣᠷᠣᠭᠰᠠᠨ ᠮᠢᠨᠢ ᠨᠢᠭᠡᠳᠦᠭᠡᠷ ᠪᠤᠷᠤᠭᠤ ᠪᠣᠯᠪᠠ᠃ ᠬᠣᠶᠠᠳᠤᠭᠠᠷ ᠲᠤ᠌ ᠶᠣᠰᠣ ᠦᠭᠡᠢ ᠶᠠᠭᠤᠮ᠎ᠠ ᠬᠥᠮᠦᠨ ᠦ᠌ ᠦᠭᠡᠨ ᠳ᠋ᠦ᠍ ᠣᠷᠣᠵᠤ ᠤᠳᠴᠢᠬᠢᠨ ᠠᠪᠠᠭ᠎ᠠ ᠶ᠋ᠢᠨ ᠬᠠᠷᠢᠶᠠᠲᠤ ᠨᠠᠷ ᠤ᠋ᠨ ᠳᠣᠲᠣᠷ᠎ᠠ ᠠ᠋ᠴᠠ ᠬᠡᠦᠬᠡᠨ ᠠᠪᠴᠢᠷᠠᠭᠤᠯᠤᠭᠰᠠᠨ ᠨᠢ ᠪᠤᠷᠤᠭᠤ ᠪᠣᠯᠪᠠ᠃ ᠤᠯᠤᠰ ᠤ᠋ᠨ ᠡᠵᠡᠨ ᠬᠠᠭᠠᠨ ᠬᠥᠮᠦᠨ ᠪᠠᠢᠲᠠᠯ᠎ᠠ᠂ ᠶᠣᠰᠣ ᠦᠭᠡᠢ ᠮᠠᠭᠤ ᠠᠯᠵᠢᠶᠠᠰ ᠦᠢᠯᠡ ᠳ᠋ᠦ᠍ ᠠᠪᠲᠠᠭᠳᠠᠭᠰᠠᠨ ᠮᠢᠨᠢ ᠪᠠᠰᠠ ᠨᠢᠭᠡ ᠪᠤᠷᠤᠭᠤ᠃ ᠭᠤᠷᠪᠠᠳᠤᠭᠠᠷ ᠲᠤ᠌᠂ ᠲᠤᠭᠤᠯᠬᠤ ᠶ᠋ᠢ ᠳᠠᠯᠳᠠ ᠠ᠋ᠴᠠ ᠬᠠᠷᠠᠳᠠᠭᠰᠠᠨ ᠨᠢᠭᠡ ᠪᠤᠷᠤᠭᠤ ᠪᠣᠢ᠃ ᠶᠠᠮᠠᠷ ᠪᠤᠷᠤᠭᠤ ᠪᠣᠢ ᠭᠡᠪᠡᠯ᠂ ᠬᠠᠭᠠᠨ ᠡᠴᠢᠭᠡ ᠶ᠋ᠢᠨ ᠮᠢᠨᠢ ᠬᠠᠷᠠᠬᠤ ᠨᠢᠳᠦᠨ ᠦ᠌ ᠡᠮᠦᠨ᠎ᠡ᠂ ᠬᠠᠮᠤᠭ ᠠ᠋ᠴᠠ ᠲᠦᠷᠦᠭᠦᠨ ᠳ᠋ᠦ᠍ ᠬᠠᠳᠬᠤᠯᠳᠤᠵᠤ ᠶᠠᠪᠤᠭᠰᠠᠨ ᠲᠤᠭᠤᠯᠬᠤ ᠶ᠋ᠢ ᠬᠣᠣᠷᠲᠤ ᠮᠠᠭᠤ ᠦᠭᠡᠨ ᠳ᠋ᠦ᠍ ᠣᠷᠣᠵᠤ ᠬᠣᠷᠣᠭᠠᠵᠠᠢ᠃ ᠣᠳᠣ ᠮᠢᠨᠦ ᠡᠮᠦᠨ᠎ᠡ ᠬᠡᠨ ᠲᠡᠭᠡᠵᠦ ᠲᠡᠷᠢᠭᠦᠯᠡᠨ ᠳᠠᠪᠰᠢᠵᠤ ᠥᠭᠬᠦ ᠪᠣᠢ? ᠬᠠᠭᠠᠨ ᠡᠴᠢᠭᠡ ᠶ᠋ᠢᠨ ᠮᠢᠨᠢ ᠡᠮᠦᠨ᠎ᠡ ᠵᠢᠳᠬᠦᠭᠰᠡᠨ ᠵᠢᠷᠤᠮᠲᠤ ᠬᠥᠮᠦᠨ ᠢ᠋ ᠮᠡᠳᠡᠬᠦ ᠦᠭᠡᠢ ᠪᠡᠷ ᠥᠰᠢᠶᠡᠯᠡᠭᠰᠡᠨ ᠢ᠋ ᠥᠪᠡᠷ ᠢ᠋ᠶ᠋ᠡᠨ ᠪᠢ ᠪᠤᠷᠤᠭᠤᠰᠢᠶᠠᠨ᠎ᠠ᠃ ᠳᠥᠷᠪᠡᠳᠦᠭᠡᠷ ᠲᠦ᠍᠂ ᠲᠡᠭᠷᠢ ᠭᠠᠵᠠᠷ ᠤ᠋ᠨ ᠵᠠᠶᠠᠭ᠎ᠠ ᠪᠠᠷ ᠲᠥᠷᠥᠭᠰᠡᠨ ᠭᠥᠷᠥᠭᠡᠰᠦ ᠶ᠋ᠢ ᠪᠤᠰᠤᠳ ᠠᠬ᠎ᠠ ᠳᠡᠭᠦᠦ ᠨᠠᠷ ᠤ᠋ᠨ ᠨᠤᠲᠤᠭ ᠲᠤ᠌ ᠣᠴᠢᠬᠤ ᠪᠣᠯᠭᠤᠵᠠᠢ ᠭᠡᠵᠦ ᠬᠠᠷᠠᠮᠯᠠᠵᠤ᠂ ᠰᠢᠪᠡᠷ ᠬᠡᠷᠡᠮ ᠪᠠᠷᠢᠭᠤᠯᠵᠤ᠂ ᠠᠬ᠎ᠠ ᠳᠡᠭᠦᠦ ᠨᠠᠷ ᠠ᠋ᠴᠠ ᠭᠣᠮᠣᠳᠠᠬᠤ ᠦᠭᠡ ᠶ᠋ᠢ ᠰᠣᠨᠣᠰᠪᠠ᠂ ᠪᠢ᠃ ᠡᠨᠡ ᠪᠠᠰᠠ ᠨᠢᠭᠡ ᠪᠤᠷᠤᠭᠤ ᠪᠣᠢ᠃ ᠬᠠᠭᠠᠨ ᠡᠴᠢᠭᠡ ᠡᠴᠡ ᠬᠣᠢᠰᠢ ᠳᠥᠷᠪᠡᠨ ᠦᠢᠯᠡ ᠶ᠋ᠢ ᠨᠡᠮᠡᠪᠡ᠂ ᠪᠠᠰᠠ ᠳᠥᠷᠪᠡᠨ ᠪᠤᠷᠤᠭᠤ ᠦᠢᠯᠡᠳᠴᠡᠢ!》 ᠭᠡᠪᠡ᠃
282᠂ ᠶᠡᠬᠡ ᠬᠤᠷᠠᠯᠳᠤᠭᠠᠨ ᠪᠣᠯᠵᠤ᠂ ᠬᠤᠯᠤᠭᠠᠨ᠎ᠠ ᠵᠢᠯ (1240 ᠣᠨ) ᠬᠤᠷᠠᠨ (ᠳᠣᠯᠣᠳᠤᠭᠠᠷ) ᠰᠠᠷ᠎ᠠ ᠳ᠋ᠤ᠌ ᠬᠡᠷᠦᠯᠦᠨ ᠦ᠌ ᠬᠥᠳᠡᠭᠡ ᠠᠷᠠᠯ ᠤ᠋ᠨ ᠳᠣᠯᠣᠭᠠᠨ ᠪᠣᠯᠳᠣᠭ᠂  ᠰᠢᠯᠭᠢᠨᠴᠡᠭ ᠬᠣᠶᠠᠷ ᠤ᠋ᠨ ᠵᠠᠪᠰᠠᠷ ᠬᠠᠭᠠᠨ ᠤᠷᠲᠤ ᠪᠠᠭᠤᠵᠤ ᠪᠠᠢᠬᠤ ᠳ᠋ᠤ᠌ ᠪᠢᠴᠢᠵᠦ ᠲᠡᠭᠦᠰᠬᠡᠪᠡ᠃

《ᠮᠣᠩᠭᠣᠯ ᠤᠨ ᠨᠢᠭᠤᠴᠠ ᠲᠣᠪᠴᠢᠶᠠᠨ》ᠪᠦᠬᠦ 12 ᠪᠦᠯᠦᠭ“Монголын нууц товчоон”бөх 12 бөлөг