ᠰᠸᠠᠳᠡᠷ ᠬᠡᠦᠬᠡᠨ- ᠠᠷᠠᠳ ᠦ᠋ᠨ ᠳᠠᠭᠤᠤ᠂ ᠬᠥᠭᠵᠢᠮ᠄ ᠬᠠᠪᠤᠷᠬᠦᠦ ᠂ᠳᠠᠭᠤᠴᠢᠨ᠄ ᠪᠠᠢ ᠬᠣᠩ ᠮᠧᠢ Сватер хүүхэн - ардын дуу᠂ хөгжим᠄ Хавархүү᠂ дуучин᠄ Бай хон мэй ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠸᠠᠳᠡᠷ ᠬᠡᠦᠬᠡᠨ- ᠠᠷᠠᠳ ᠦ᠋ᠨ ᠳᠠᠭᠤᠤ᠂ ᠬᠥᠭᠵᠢᠮ᠄ ᠬᠠᠪᠤᠷᠬᠦᠦ ᠂ᠳᠠᠭᠤᠴᠢᠨ᠄ ᠪᠠᠢ ᠬᠣᠩ ᠮᠧᠢ Сватер хүүхэн - ардын дуу᠂ хөгжим᠄ Хавархүү᠂ дуучин᠄ Бай хон мэй

ᠰᠸᠠᠳᠡᠷ ᠬᠡᠦᠬᠡᠨ- ᠠᠷᠠᠳ ᠦ᠋ᠨ ᠳᠠᠭᠤᠤ᠂ ᠬᠥᠭᠵᠢᠮ᠄ ᠬᠠᠪᠤᠷᠬᠦᠦ ᠂ᠳᠠᠭᠤᠴᠢᠨ᠄ ᠪᠠᠢ ᠬᠣᠩ ᠮᠧᠢ Сватер хүүхэн - ардын дуу᠂ хөгжим᠄ Хавархүү᠂ дуучин᠄ Бай хон мэй

2026-03-21

385

ᠰᠸᠠᠳᠡᠷ ᠬᠡᠦᠬᠡᠨ


                 ᠠᠷᠠᠳ ᠤ᠋ᠨ ᠳᠠᠭᠤᠤ  
                 ᠬᠥᠭᠵᠢᠮ᠄ ᠬᠠᠪᠤᠷᠬᠦᠦ 
                 ᠳᠠᠭᠤᠴᠢᠨ᠄ ᠪᠠᠢ ᠬᠣᠩ ᠮᠧᠢ  

 ᠰᠧ ᠸᠠᠩ ᠤ᠋ᠨ ᠬᠤᠰᠢᠭᠤᠨ ᠤ᠋ 
 ᠰᠡᠴᠡᠨ ᠵᠠᠯᠠᠨ ᠤ᠋ ᠬᠡᠦᠬᠡᠨ ᠰᠸᠠᠳᠡᠷ ᠬᠦᠢ 
 ᠠᠷᠪᠠᠨ ᠨᠠᠢ᠍ᠮᠠᠨ ᠨᠠᠰᠤᠨ ᠳ᠋ᠠᠭᠠᠨ 
 ᠠᠯᠢᠶ᠎ᠠ ᠰᠸᠠᠳᠡᠷ ᠨᠡᠷ᠎ᠡ ᠲᠠᠢ ᠳᠠ ᠬᠦᠢ       

 ᠪᠦᠸᠧ ᠸᠠᠩ ᠤ᠋ᠨ ᠬᠤᠰᠢᠭᠤᠨ ᠤ᠋      
 ᠪᠤᠲᠠᠷᠠᠨ ᠵᠠᠯᠠᠨ ᠤ᠋ ᠬᠡᠦᠬᠡᠨ ᠰᠸᠠᠳᠡᠷ ᠬᠦᠢ      
 ᠪᠠᠭ᠎ᠠ ᠶ᠋ᠢᠨ ᠦᠶ᠎ᠡ ᠡᠴᠡ ᠪᠡᠨ ᠠᠪᠤᠭᠠᠳ      
 ᠪᠣᠯᠬᠤ ᠦᠭᠡᠢ ᠰᠸᠠᠳᠡᠷ ᠨᠡᠷ᠎ᠡ ᠲᠡᠢ ᠳᠡ ᠬᠦᠢ 

 ᠴᠠᠭᠠᠨ ᠲᠣᠷᠭᠠᠨ ᠴᠠᠮᠴᠠ ᠶ᠋ᠢ ᠪᠡᠨ 
 ᠬᠡᠨ ᠳ᠋ᠦ᠍ ᠪᠡᠨ ᠴᠦ᠍ ᠭᠡᠳ ᠣᠶᠣᠯ᠎ᠠ ᠳᠠ ᠬᠦᠢ 
 ᠴᠠᠭᠠᠨ ᠪᠤᠭᠤᠷᠤᠯ ᠪᠠᠶᠠᠨ ᠲᠠᠢ 
 ᠴᠠᠭ ᠢ᠋ ᠶᠠᠭᠠᠬᠢᠵᠤ ᠴᠦ᠍ ᠥᠩᠭᠡᠷᠭᠡᠶ᠎ᠠ ᠬᠦᠢ        

 ᠬᠥᠬᠡ ᠲᠣᠷᠭᠠᠨ ᠴᠠᠮᠴᠠ ᠶ᠋ᠢ ᠪᠡᠨ        
 ᠬᠡᠨ ᠳ᠋ᠦ᠍ ᠪᠡᠨ ᠴᠦ᠍ ᠭᠡᠳ ᠣᠶᠣᠯ᠎ᠠ ᠳᠠ ᠬᠦᠢ 
 ᠬᠥᠭᠰᠢᠨ ᠪᠤᠭᠤᠷᠤᠯ ᠪᠠᠶᠠᠨ ᠲᠠᠢ 
 ᠠᠮᠢᠳᠤᠷᠠᠯ ᠢ᠋ ᠶᠠᠭᠠᠬᠢᠵᠤ ᠴᠤ᠌ ᠥᠩᠭᠡᠷᠭᠡᠶ᠎ᠠ ᠬᠦᠢ 

 ᠠᠷᠪᠠᠨ ᠯᠠᠩ ᠢ᠋ ᠨᠢ ᠠᠪᠤᠭᠠᠳ 
 ᠠᠯᠠᠭ᠎ᠠ ᠪᠠᠨ ᠲᠣᠰᠳᠠᠭ ᠠᠪᠤ ᠮᠢᠨᠢ ᠠ᠋ ᠬᠦᠢ 
 ᠠᠷᠪᠠᠨ ᠬᠣᠰᠢᠭᠤ ᠶ᠋ᠢ ᠳᠠᠮᠵᠢᠭᠤᠯᠤᠭᠠᠳ 
 ᠠᠳᠤᠭᠤᠴᠢᠨ ᠬᠦᠦ ᠳ᠋ᠡᠭᠡᠨ ᠥᠭᠭᠦᠭᠡᠰᠡᠢ ᠳᠡ ᠬᠦᠢ 

 ᠬᠣᠷᠢᠨ ᠯᠠᠩ ᠢ᠋ ᠨᠢ ᠠᠪᠤᠭᠠᠳ 
 ᠬᠣᠷᠮᠣᠢ ᠪᠠᠨ ᠲᠣᠰᠳᠠᠭ ᠡᠵᠢ ᠮᠢᠨᠢ ᠠ᠋ ᠬᠦᠢ 
 ᠬᠣᠷᠢᠨ ᠬᠣᠰᠢᠭᠤ ᠶ᠋ᠢ ᠳᠠᠮᠵᠢᠭᠤᠯᠤᠭᠠᠳ 
 ᠬᠣᠨᠢᠴᠢᠨ ᠬᠦᠦ ᠳ᠋ᠡᠭᠡᠨ ᠥᠭᠭᠦᠭᠡᠰᠡᠢ ᠳᠡ ᠬᠦᠢ 

 ᠰᠧ ᠸᠠᠩ ᠤ᠋ᠨ ᠬᠤᠰᠢᠭᠤᠨ ᠤ᠋ 
 ᠰᠡᠴᠡᠨ ᠵᠠᠯᠠᠨ ᠤ᠋ ᠬᠡᠦᠬᠡᠨ ᠰᠸᠠᠳᠡᠷ ᠬᠦᠢ 
 ᠠᠷᠪᠠᠨ ᠨᠠᠢ᠍ᠮᠠᠨ ᠨᠠᠰᠤᠨ ᠳ᠋ᠠᠭᠠᠨ 
 ᠠᠯᠢᠶ᠎ᠠ ᠰᠸᠠᠳᠡᠷ ᠨᠡᠷ᠎ᠡ ᠲᠡᠢ ᠳᠡ ᠬᠦᠢ       
 ᠪᠦᠸᠧ ᠸᠠᠩ ᠤ᠋ᠨ ᠬᠤᠰᠢᠭᠤᠨ ᠤ᠋       
 ᠪᠤᠲᠠᠷᠠᠨ ᠵᠠᠯᠠᠨ ᠤ᠋ ᠬᠡᠦᠬᠡᠨ ᠰᠸᠠᠳᠡᠷ ᠬᠦᠢ       
 ᠪᠠᠭ᠎ᠠ ᠶ᠋ᠢᠨ ᠦᠶ᠎ᠡ ᠡᠴᠡ ᠪᠡᠨ ᠠᠪᠤᠭᠠᠳ       
 ᠪᠣᠯᠬᠤ ᠦᠭᠡᠢ ᠰᠸᠠᠳᠡᠷ ᠨᠡᠷ᠎ᠡ ᠲᠡᠢ ᠳᠡ ᠬᠦᠢ     

       ᠦᠰᠦᠭ ᠬᠠᠲᠠᠭᠴᠢ᠄ ᠰᠤᠪᠤᠳ 
         ᠦᠰᠦᠭ ᠠᠮᠢᠯᠠᠭᠤᠯᠤᠭᠴᠢ᠄ ᠮᠣᠩᠭᠣᠯ ᠰᠣᠶᠣᠯ 
         ᠬᠢᠨᠠᠭᠴᠢ᠄ ᠪᠤᠤ· ᠰᠠᠷᠠᠨ᠎ᠠ