ᠮᠣᠩᠭᠣᠯ ᠦᠰᠦᠭ -ᠮᠦᠩᠬᠡᠳᠠᠯᠠᠢMongol üseg-MönkhdalaiМонгол үсэг-Мөнхдалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ -ᠮᠦᠩᠬᠡᠳᠠᠯᠠᠢMongol üseg-MönkhdalaiМонгол үсэг-Мөнхдалай

ᠮᠣᠩᠭᠣᠯ ᠦᠰᠦᠭ -ᠮᠦᠩᠬᠡᠳᠠᠯᠠᠢMongol üseg-MönkhdalaiМонгол үсэг-Мөнхдалай

ᠠᠩᠭᠢᠯᠠᠯ:ᠳᠠᠭᠤᠤ ᠬᠥᠭᠵᠢᠮ
2026-03-21

416

ᠮᠣᠩᠭᠣᠯ ᠦᠰᠦᠭ


      ᠦᠭᠡ᠂ ᠠᠶ᠎ᠠ᠄ ᠮᠦᠩᠬᠡᠳᠠᠯᠠᠢ  
      ᠳᠠᠭᠤᠴᠢᠨ᠄ ᠮᠦᠩᠬᠡᠳᠠᠯᠠᠢ  

ᠳᠡᠭᠡᠳᠦ ᠲᠩᠷᠢ ᠡᠴᠡ ᠥᠪᠯᠡᠭᠰᠡᠨ 
ᠳᠡᠯᠡᠬᠡᠢ ᠶ᠋ᠢᠨ ᠬᠠᠷᠠᠭᠠᠨ ᠳ᠋ᠤ᠌ ᠭᠠᠢᠬᠠᠭᠤᠯᠤᠭᠰᠠᠨ 
ᠳᠡᠯᠭᠡᠷ ᠮᠣᠩᠭᠣᠯ ᠳ᠋ᠠᠭᠠᠨ ᠳᠡᠭᠡᠳᠦᠯᠡᠭᠳᠡᠭᠰᠡᠨ 
ᠲᠡᠭᠷᠢᠯᠢᠭ ᠪᠣᠰᠤᠭ᠎ᠠ ᠮᠣᠩᠭᠣᠯ ᠦᠰᠦᠭ  
ᠳᠡᠯᠭᠡᠷ ᠮᠣᠩᠭᠣᠯ ᠳ᠋ᠠᠭᠠᠨ ᠳᠡᠭᠡᠳᠦᠯᠡᠭᠳᠡᠭᠰᠡᠨ 
ᠲᠡᠭᠷᠢᠯᠢᠭ ᠪᠣᠰᠤᠭ᠎ᠠ ᠮᠣᠩᠭᠣᠯ ᠦᠰᠦᠭ 

ᠲᠦᠮᠡᠨ ᠦᠶ᠎ᠡ ᠡᠴᠡ ᠤᠯᠠᠮᠵᠢᠯᠠᠭᠰᠠᠨ 
ᠲᠡᠦᠬᠡᠲᠦ ᠭᠠᠪᠢᠶ᠎ᠠ ᠶ᠋ᠢ ᠲᠡᠮᠳᠡᠭᠯᠡᠭᠰᠡᠨ
ᠲᠥᠷᠥ ᠵᠠᠰᠠᠭ ᠲᠠᠭᠠᠨ ᠳᠠᠷᠬᠠᠯᠠᠭᠳᠠᠭᠰᠠᠨ
ᠲᠩᠷᠢ ᠶ᠋ᠢᠨ ᠲᠠᠮᠠᠭ᠎ᠠ ᠮᠣᠩᠭᠣᠯ ᠦᠰᠦᠭ
ᠲᠥᠷᠥ ᠵᠠᠰᠠᠭ ᠲᠠᠭᠠᠨ ᠳᠠᠷᠬᠠᠯᠠᠭᠳᠠᠭᠰᠠᠨ
ᠲᠩᠷᠢ ᠶ᠋ᠢᠨ ᠲᠠᠮᠠᠭ᠎ᠠ ᠮᠣᠩᠭᠣᠯ ᠦᠰᠦᠭ

ᠤᠷᠠᠨ ᠰᠡᠳᠬᠢᠬᠦᠢ ᠶ᠋ᠢ ᠬᠥᠭᠵᠢᠭᠡᠭᠰᠡᠨ
ᠤᠬᠠᠭᠠᠨᠲᠤ ᠲᠦᠮᠡᠨ ᠳ᠋ᠡᠭᠡᠨ ᠬᠠᠢᠷᠠᠯᠠᠭᠳᠠᠭᠰᠠᠨ
ᠤᠳᠤᠮᠲᠤ ᠮᠣᠩᠭᠣᠯ ᠳ᠋ᠠᠭᠠᠨ ᠬᠦᠨᠳᠦᠳᠭᠡᠭᠳᠡᠭᠰᠡᠨ 
ᠣᠶᠤᠨ ᠤ᠋ ᠮᠥᠩᠬᠡ ᠵᠤᠯᠠ ᠮᠣᠩᠭᠣᠯ ᠦᠰᠦᠭ
ᠤᠳᠤᠮᠲᠤ ᠮᠣᠩᠭᠣᠯ ᠳ᠋ᠠᠭᠠᠨ
ᠬᠦᠨᠳᠦᠳᠭᠡᠭᠳᠡᠭᠰᠡᠨ 
ᠣᠶᠤᠨ ᠤ᠋ ᠮᠥᠩᠬᠡ ᠵᠤᠯᠠ ᠮᠣᠩᠭᠣᠯ ᠦᠰᠦᠭ
ᠤᠳᠤᠮᠲᠤ ᠮᠣᠩᠭᠣᠯ ᠳ᠋ᠠᠭᠠᠨ ᠬᠦᠨᠳᠦᠳᠭᠡᠭᠳᠡᠭᠰᠡᠨ 
ᠣᠶᠤᠨ ᠤ᠋ ᠮᠥᠩᠬᠡ ᠵᠤᠯᠠ ᠮᠣᠩᠭᠣᠯ ᠦᠰᠦᠭ

   ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
   ᠦᠰᠦᠭ ᠬᠠᠳᠠᠭᠴᠢ᠄ ᠪᠠᠢ᠂ ᠰᠠᠷᠠᠨ᠎ᠠ
   ᠬᠢᠨᠠᠭᠴᠢ᠄ ᠰᠣᠨᠢᠨᠪᠠᠶᠠᠷ