ᠬᠣᠯᠠ ᠶ᠋ᠢᠨ ᠬᠣᠯᠠ ᠠ᠋ᠴᠠ-ThunderZ - TengriKHOLIIN KHOLOOSХолын холоос ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠯᠠ ᠶ᠋ᠢᠨ ᠬᠣᠯᠠ ᠠ᠋ᠴᠠ-ThunderZ - TengriKHOLIIN KHOLOOSХолын холоос

ᠬᠣᠯᠠ ᠶ᠋ᠢᠨ ᠬᠣᠯᠠ ᠠ᠋ᠴᠠ-ThunderZ - TengriKHOLIIN KHOLOOSХолын холоос

ᠠᠩᠭᠢᠯᠠᠯ:ᠳᠠᠭᠤᠤ ᠬᠥᠭᠵᠢᠮ
2026-03-21

132

ᠬᠣᠯᠠ ᠶ᠋ᠢᠨ ᠬᠣᠯᠠ ᠠ᠋ᠴᠠ


     ᠳᠠᠭᠤᠴᠢᠨ᠄ ThunderZ   

ᠬᠣᠯᠠ ᠶ᠋ᠢᠨ ᠬᠣᠯᠠ ᠠ᠋ᠴᠠ ᠬᠦᠦ ᠪᠡᠨ ᠬᠦᠯᠢᠶᠡᠭᠰᠡᠨ  
ᠭᠣᠣᠯ ᠤ᠋ᠨ ᠬᠠᠢᠷᠠᠲᠠᠢ ᠡᠵᠢ ᠮᠢᠨᠢ ᠰᠠᠭᠤᠭ᠎ᠠ ᠳ᠋ᠡ᠃  
  
ᠰᠠᠢᠬᠠᠨ ᠡᠵᠢ ᠮᠢᠨᠢ ᠬᠦᠯᠢᠶᠡᠵᠦ ᠯᠡ ᠰᠠᠭᠤᠭ᠎ᠠ  
ᠴᠠᠢ ᠪᠠᠨ ᠴᠢᠨᠠᠭᠠᠳ ᠲᠡᠨᠳᠡ ᠪᠦᠯᠢᠶᠡᠴᠡᠭᠦᠯᠵᠦ ᠰᠠᠭᠤᠭ᠎ᠠ  
ᠲᠠᠨ ᠤ᠋ ᠪᠠᠨ ᠡᠪᠦᠷ ᠳᠡᠭᠡᠷ᠎ᠡ ᠬᠥᠯ ᠢ᠋ᠶ᠋ᠡᠨ ᠵᠢᠭᠢᠵᠦ ᠰᠠᠭᠤᠭᠰᠠᠨ  
ᠲᠠᠩᠬᠢᠯ ᠨᠠᠰᠤ ᠮᠢᠨᠢ ᠲᠡᠷᠲᠡᠭᠡ ᠳ᠋ᠦ᠍ ᠥᠷᠯᠥᠭᠡ ᠰᠢᠭ ᠰᠠᠨᠠᠭᠳᠠᠨ᠎ᠠ
ᠲᠠᠮᠠᠬᠢ ᠰᠤᠷᠤᠭᠠᠳ ᠦᠯᠢᠶᠡᠵᠦ ᠯᠡ ᠪᠠᠢᠬᠤ ᠳᠠ
ᠲᠦᠮᠡᠨ ᠪᠣᠳᠣᠯ ᠢ᠋ᠶ᠋ᠠᠷ ᠲᠠᠷᠢᠬᠢ ᠪᠠᠨ ᠡᠯᠡᠭᠡᠵᠦ ᠯᠡ ᠪᠠᠢᠭ᠎ᠠ
ᠪᠠᠶᠠᠷ ᠤ᠋ᠨ ᠰᠢᠷᠡᠭᠡ ᠲᠣᠣᠷᠳ᠋ ᠮᠡᠳᠡᠭᠡᠴᠢ ᠪᠦᠭᠦᠳᠡ ᠪᠠᠢᠭᠰᠠᠨ ᠴᠤ᠌
ᠬᠠᠵᠠᠭᠤ ᠳ᠋ᠤ᠌ ᠴᠢᠨᠢ ᠪᠠᠢᠬᠤ ᠦᠭᠡᠢ ᠰᠠᠨᠠᠭ᠎ᠠ ᠴᠢᠯᠡᠭᠡᠵᠦ ᠯᠡ ᠪᠠᠢᠭ᠎ᠠ᠃

ᠳᠡᠰ ᠬᠠᠷᠠᠩᠭᠤᠢ ᠶ᠋ᠢᠨ ᠳᠤᠮᠳᠠ ᠲᠥᠭᠡᠷᠢᠬᠦ ᠪᠦᠷᠢ ᠳ᠋ᠡᠭᠡᠨ ᠲᠠᠨ ᠢ᠋ ᠳᠠᠭᠤᠳᠠᠨ᠎ᠠ
ᠭᠤᠷᠪᠠᠨ ᠦᠰᠦᠭ ᠲᠡᠢ ᠨᠡᠷ᠎ᠡ ᠴᠢᠨᠢ ᠯᠡ ᠨᠠᠮ᠎ᠠ ᠶ᠋ᠢ ᠠᠪᠤᠷᠠᠨ᠎ᠠ
ᠬᠣᠷᠸ᠎ᠠ ᠶ᠋ᠢ ᠬᠡᠰᠦᠪᠡᠴᠦ ᠭᠡᠷ ᠲᠦ᠍ ᠴᠢᠨᠢ ᠣᠷᠣᠭᠠᠳ ᠠᠮᠠᠷᠠᠨ᠎ᠠ
ᠠᠷᠢᠬᠢᠨ ᠳ᠋ᠤ᠌ ᠣᠷᠣᠭᠰᠠᠨ ᠴᠤ᠌ ᠲᠡᠪᠴᠢᠨ ᠨᠠᠮ᠎ᠠ ᠶ᠋ᠢ ᠬᠠᠢᠷᠠᠯᠠᠬᠤ
ᠠᠬᠢᠨ ᠲᠥᠷᠥᠭᠰᠡᠨ ᠴᠦ᠍ ᠪᠢ ᠦᠷ᠎ᠡ ᠴᠢᠨᠢ ᠯᠡ ᠪᠣᠯᠤᠭᠠᠳ ᠲᠥᠷᠥᠨ᠎ᠡ ᠠ᠋᠃

ᠬᠣᠯᠠ ᠶ᠋ᠢᠨ ᠬᠣᠯᠠ ᠠ᠋ᠴᠠ ᠬᠦᠦ ᠪᠡᠨ ᠬᠦᠯᠢᠶᠡᠭᠰᠡᠨ
ᠭᠣᠣᠯ ᠤ᠋ᠨ ᠬᠠᠢᠷᠠᠲᠠᠢ ᠡᠵᠢ ᠮᠢᠨᠢ ᠰᠠᠭᠤᠭ᠎ᠠ ᠳ᠋ᠡ
ᠰᠠᠷᠠᠭᠤᠯ ᠲᠠᠯ᠎ᠠ ᠡᠴᠡ ᠪᠡᠨ ᠰᠠᠯᠬᠢ ᠨᠢ ᠬᠦᠷᠭᠡᠭᠡᠰᠡᠢ
ᠰᠠᠢᠬᠠᠨ ᠨᠤᠲᠤᠭ ᠲᠠᠭᠠᠨ ᠬᠦᠯᠢᠶᠡᠵᠦ ᠯᠡ ᠰᠠᠭᠤᠭ᠎ᠠ ᠳ᠋ᠡ᠃

ᠬᠦᠦ ᠨᠢ ᠪᠣᠳᠣᠯ᠎ᠠ  ᠳ᠋ᠡ
ᠬᠥᠮᠦᠨ ᠪᠣᠯᠤᠭᠠᠳ ᠪᠢ ᠬᠢᠷᠢ ᠶᠡᠬᠡ ᠠᠯᠳᠠᠭ᠎ᠠ ᠬᠢᠪᠡ
ᠬᠡᠴᠢᠨᠡᠨ ᠢ᠋ ᠨᠢ ᠴᠠᠢᠷᠠᠭᠤᠯᠵᠤ ᠬᠡᠳᠦ ᠶ᠋ᠢ ᠨᠢ ᠠᠷᠤ ᠳ᠋ᠠᠭᠠᠨ ᠬᠢᠪᠡ᠃
ᠰᠤᠷᠭᠠᠭᠤᠯᠢ ᠳ᠋ᠤ᠌ ᠰᠠᠢᠨ ᠰᠤᠷᠤᠭ᠎ᠠ ᠦᠭᠡᠢ ᠶ᠋ᠢ ᠠᠯᠳᠠᠭ᠎ᠠ ᠭᠡᠬᠦ ᠤᠤ
ᠰᠤᠷ ᠤ᠋ᠨ ᠪᠦᠰᠡ ᠳᠤᠲᠠᠭᠤᠳᠠᠭᠰᠠᠨ ᠢ᠋ ᠮᠢᠨᠢ ᠠᠯᠳᠠᠭ᠎ᠠ ᠭᠡᠬᠦ ᠤᠤ
ᠦᠭᠡᠨ ᠡᠴᠡ ᠴᠢᠨᠢ ᠵᠥᠷᠢᠵᠦ
ᠦᠳᠡᠰᠢ ᠶ᠋ᠢᠨ ᠪᠦᠷᠦᠢ ᠪᠣᠯᠲᠠᠯ᠎ᠠ ᠲᠡᠨᠦᠵᠦ
ᠦᠦᠷ ᠢ᠋ᠶ᠋ᠡᠷ ᠦᠨᠦᠷᠲᠦᠭᠦᠯᠦᠨ ᠣᠷᠣᠬᠤ ᠳ᠋ᠤ᠌
ᠦᠷᠭᠡᠯᠡᠨ ᠰᠠᠭᠤᠬᠤ ᠶ᠋ᠢ ᠴᠢᠨᠢ ᠬᠠᠷᠠᠭᠰᠠᠨ ᠰᠠᠨ
ᠡᠴᠢᠭᠡ ᠶ᠋ᠢᠨ ᠣᠷᠣᠨ ᠵᠠᠢ ᠶ᠋ᠢ ᠨᠥᠬᠥᠬᠦ ᠭᠡᠵᠦ ᠬᠢᠴᠢᠶᠡᠭᠰᠡᠨ ᠢ᠋ ᠴᠢᠨᠢ
ᠡᠮᠡᠭᠡ ᠪᠢᠳᠡ ᠬᠣᠶᠠᠷ ᠯᠠ ᠮᠡᠳᠡᠬᠦ ᠬᠡᠳᠦᠢ ᠴᠦ᠍
ᠡᠷᠡᠭᠦᠯ ᠲᠦᠷᠦᠭᠦᠯᠡᠭᠡᠳ ᠦᠭᠭᠦᠭᠰᠡᠨ ᠪᠠᠢᠲᠠᠯ᠎ᠠ
ᠡᠮᠨᠡᠯᠭᠡ ᠳ᠋ᠦ᠍ ᠣᠴᠢᠭᠰᠠᠨ ᠬᠦᠦ ᠶ᠋ᠢᠨ ᠴᠢᠨᠢ ᠠᠯᠳᠠᠭ᠎ᠠ ᠤᠤ
ᠡᠬᠡᠨᠡᠷ ᠪᠣᠯᠬᠤ ᠪᠠᠢᠭᠰᠠᠨ ᠥᠬᠢᠨ ᠢ᠋ ᠶᠠᠪᠤᠭᠤᠯᠤᠭᠰᠠᠨ ᠠᠯᠳᠠᠭ᠎ᠠ ᠤᠤ
ᠶᠡᠬᠡ ᠨᠡᠷ᠎ᠡ ᠣᠯᠬᠤ ᠭᠡᠵᠦ ᠬᠡᠲᠦᠷᠬᠡᠢ ᠤᠯᠠᠢᠷᠠᠭᠰᠠᠨ ᠮᠢᠨᠢ ᠠᠯᠳᠠᠭ᠎ᠠ ᠤᠤ
ᠡᠷᠭᠢᠭᠡᠳ ᠪᠣᠳᠣᠬᠤ ᠳ᠋ᠤ᠌ ᠪᠢ ᠵᠥᠩᠳᠡᠭᠡᠨ ᠯᠡ ᠪᠤᠷᠤᠭᠤ ᠶᠠᠭᠤᠮ᠎ᠠ ᠬᠢᠭᠰᠡᠨ
ᠡᠷ᠎ᠡ ᠬᠥᠮᠦᠨ ᠪᠣᠯᠤᠭᠰᠠᠨ ᠬᠣᠢᠨ᠎ᠠ ᠡᠮᠡᠭᠲᠡᠢᠴᠦᠳ ᠢ᠋ ᠴᠦ᠍ ᠭᠣᠮᠣᠳᠠᠭᠠᠭᠰᠠᠨ ᠭᠡᠪᠡᠴᠦ
ᠡᠨᠡ ᠪᠦᠭᠦᠳᠡ ᠶ᠋ᠢᠨ ᠠᠯᠢ ᠨᠢ ᠴᠦ᠍ ᠲᠡᠢᠮᠦ ᠲᠣᠮᠣ ᠠᠯᠳᠠᠭ᠎ᠠ ᠪᠢᠰᠢ
ᠡᠵᠢ ᠳᠡᠭᠡᠷ᠎ᠡ ᠪᠡᠨ ᠲᠠᠮᠠᠬᠢ ᠦᠨᠦᠷᠲᠦᠭᠦᠯᠵᠦ ᠣᠷᠣᠭᠰᠠᠨ ᠮᠢᠨᠢ ᠯᠡ ᠠᠯᠳᠠᠭ᠎ᠠ᠃

ᠬᠣᠯᠠ ᠶ᠋ᠢᠨ ᠬᠣᠯᠠ ᠠ᠋ᠴᠠ ᠬᠦᠦ ᠪᠡᠨ ᠬᠦᠯᠢᠶᠡᠭᠰᠡᠨ
ᠭᠣᠣᠯ ᠤ᠋ᠨ ᠬᠠᠢᠷᠠᠲᠠᠢ ᠡᠵᠢ ᠮᠢᠨᠢ ᠰᠠᠭᠤᠭ᠎ᠠ ᠳ᠋ᠡ
ᠰᠠᠷᠠᠭᠤᠯ ᠲᠠᠯ᠎ᠠ ᠡᠴᠡ ᠪᠡᠨ ᠰᠠᠯᠬᠢ ᠬᠦᠷᠭᠡᠭᠡᠰᠡᠢ
ᠰᠠᠢᠬᠠᠨ ᠨᠤᠲᠤᠭ ᠲᠠᠭᠠᠨ ᠬᠦᠯᠢᠶᠡᠵᠦ ᠯᠡ ᠰᠠᠭᠤᠭ᠎ᠠ ᠳ᠋ᠡ᠃

    ᠦᠰᠦᠭ ᠠᠮᠢᠯᠠᠭᠤᠯᠤᠭᠴᠢ᠄ ᠤᠤᠭᠠᠨᠵᠢᠳ
    ᠬᠢᠨᠠᠭᠴᠢ᠄ ᠮᠡᠷᠭᠡᠨᠪᠢᠯᠢᠭ