ᠮᠣᠷᠢᠲᠠᠢ ᠮᠣᠩᠭᠣᠯ ᠨᠤᠲᠤᠭ - ᠦᠭᠡ᠄ ᠶ· ᠪᠠᠯᠵᠢᠨᠢᠮ᠎ᠠ᠂ ᠠᠶ᠎ᠠ᠄ ᠰᠡᠴᠡᠨᠴᠣᠭᠲᠤ᠂ᠳᠠᠭᠤᠴᠢᠨ᠄ ᠤᠷᠠᠨ᠎ᠠ Морьтой монгол нутаг - үг᠄ Е·Балжням᠂ ая᠄ Цэцэнцогт᠂ дуучин᠄ Урна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠲᠠᠢ ᠮᠣᠩᠭᠣᠯ ᠨᠤᠲᠤᠭ - ᠦᠭᠡ᠄ ᠶ· ᠪᠠᠯᠵᠢᠨᠢᠮ᠎ᠠ᠂ ᠠᠶ᠎ᠠ᠄ ᠰᠡᠴᠡᠨᠴᠣᠭᠲᠤ᠂ᠳᠠᠭᠤᠴᠢᠨ᠄ ᠤᠷᠠᠨ᠎ᠠ Морьтой монгол нутаг - үг᠄ Е·Балжням᠂ ая᠄ Цэцэнцогт᠂ дуучин᠄ Урна

ᠮᠣᠷᠢᠲᠠᠢ ᠮᠣᠩᠭᠣᠯ ᠨᠤᠲᠤᠭ - ᠦᠭᠡ᠄ ᠶ· ᠪᠠᠯᠵᠢᠨᠢᠮ᠎ᠠ᠂ ᠠᠶ᠎ᠠ᠄ ᠰᠡᠴᠡᠨᠴᠣᠭᠲᠤ᠂ᠳᠠᠭᠤᠴᠢᠨ᠄ ᠤᠷᠠᠨ᠎ᠠ Морьтой монгол нутаг - үг᠄ Е·Балжням᠂ ая᠄ Цэцэнцогт᠂ дуучин᠄ Урна

ᠠᠩᠭᠢᠯᠠᠯ:ᠳᠠᠭᠤᠤ ᠬᠥᠭᠵᠢᠮ
2026-03-19

211

ᠮᠣᠷᠢᠲᠠᠢ ᠮᠣᠩᠭᠣᠯ ᠨᠤᠲᠤᠭ


                ᠦᠭᠡ᠄ ᠶ· ᠪᠠᠯᠵᠢᠨᠢᠮ᠎ᠠ  
                ᠠᠶ᠎ᠠ᠄ ᠰᠡᠴᠡᠨᠴᠣᠭᠲᠤ  
                ᠳᠠᠭᠤᠴᠢᠨ᠄ ᠤᠷᠠᠨ᠎ᠠ   

 ᠠᠶᠠᠨ ᠤ᠋ ᠬᠥᠮᠦᠨ ᠳ᠋ᠦ᠍ ᠲᠦᠰᠢᠭ ᠪᠣᠯᠤᠭᠰᠠᠨ  
 ᠠᠬ᠎ᠠ ᠳᠡᠭᠦᠦ ᠣᠯᠠᠨ ᠠᠭᠤᠯᠠ ᠬᠠᠢᠷᠬᠠᠨ ᠲᠠᠢ  
 ᠠᠢᠯᠴᠢᠨ ᠰᠢᠪᠠᠭᠤᠳ ᠤ᠋ᠨ ᠲᠥᠷᠬᠥᠮ ᠪᠣᠯᠤᠭᠰᠠᠨ  
 ᠡᠭᠡᠴᠢ ᠳᠡᠭᠦᠦ ᠴᠡᠩᠬᠡᠷ ᠭᠣᠣᠯ ᠮᠥᠷᠡᠨ ᠲᠡᠢ  
     ᠮᠣᠷᠢ ᠲᠠᠢ ᠮᠣᠩᠭᠣᠯ ᠨᠤᠲᠤᠭ ᠶᠤᠮ ᠳᠠ ᠬᠦ  
     ᠠᠪᠤ ᠶ᠋ᠢᠨ ᠨᠤᠲᠤᠭ ᠪᠠᠶᠠᠨ᠌ᠥ᠌ᠨᠳᠥᠷ ᠮᠢᠨᠢ   
     ᠠᠯᠲᠠ ᠠᠷᠭᠠᠯ ᠢ᠋ ᠠᠳᠠᠯᠢᠬᠠᠨ ᠬᠣᠷᠮᠣᠢᠯᠠᠭᠰᠠᠨ  
     ᠠᠷᠪᠠᠨ ᠰᠤᠮᠤ ᠭᠤᠷᠪᠠᠨ ᠭᠣᠣᠯ ᠮᠢᠨᠢ ᠠ᠋  
 
 ᠠᠭᠠᠷᠤᠤᠯ ᠬᠤᠷᠤᠳ ᠨᠢ ᠳᠡᠭᠡᠪᠦᠷ ᠴᠢᠮᠡᠭᠰᠡᠨ  
 ᠠᠭᠤᠳᠠᠮ ᠵᠤᠰᠠᠭᠠᠯ ᠨᠢ ᠨᠢᠳᠦᠨ ᠪᠤᠯᠠᠭ ᠲᠠᠢ  
 ᠷᠠᠰᠢᠶᠠᠨ ᠬᠤᠷ᠎ᠠ ᠨᠢ ᠣᠪᠣᠭᠠᠨ ᠳ᠋ᠤ᠌ ᠪᠠᠨ ᠡᠷᠬᠡᠯᠡᠭᠰᠡᠨ  
 ᠠᠭᠯᠠᠭ ᠬᠥᠳᠡᠭᠡ ᠨᠢ ᠪᠤᠷᠬᠠᠨ ᠤ᠋ ᠠᠮᠢᠰᠬᠤᠯ ᠲᠠᠢ  
     ᠮᠣᠷᠢ ᠲᠠᠢ ᠮᠣᠩᠭᠣᠯ ᠨᠤᠲᠤᠭ ᠶᠤᠮ ᠳᠠ ᠬᠦ  
     ᠠᠪᠤ ᠶ᠋ᠢᠨ ᠨᠤᠲᠤᠭ ᠪᠠᠶᠠᠨ᠌ᠥ᠌ᠨᠳᠥᠷ ᠮᠢᠨᠢ 
     ᠠᠯᠲᠠ ᠠᠷᠭᠠᠯ ᠢ᠋ ᠠᠳᠠᠯᠢᠬᠠᠨ ᠬᠣᠷᠮᠣᠢᠯᠠᠭᠰᠠᠨ  
     ᠠᠷᠪᠠᠨ ᠰᠤᠮᠤ ᠭᠤᠷᠪᠠᠨ ᠭᠣᠣᠯ ᠮᠢᠨᠢ ᠠ᠋    

 ᠡᠪᠡᠰᠦᠨ ᠳᠤᠮᠳᠠᠭᠤᠷ ᠰᠤᠨᠤᠯᠵᠠᠭᠰᠠᠨ ᠵᠥᠷᠢᠭ   
 ᠡᠬᠡ ᠦᠷ᠎ᠡ ᠶ᠋ᠢᠨ ᠰᠡᠳᠬᠢᠯ ᠦ᠋ᠨ ᠬᠣᠯᠪᠣᠭ᠎ᠠ  
 ᠣᠴᠢᠬᠤ ᠶ᠋ᠢ ᠬᠦᠯᠢᠶᠡᠭᠰᠡᠨ ᠰᠠᠷᠠᠨ ᠳᠦᠭᠦᠷᠡᠩ  
 ᠣᠳᠣᠳ ᠨᠢ ᠬᠦᠷᠲᠡᠯ᠎ᠡ ᠶᠠᠷᠢᠶ᠎ᠠ ᠨᠢ ᠮᠣᠩᠭᠣᠯ  
     ᠮᠣᠷᠢ ᠲᠠᠢ ᠮᠣᠩᠭᠣᠯ ᠨᠤᠲᠤᠭ ᠶᠤᠮ ᠳᠠ ᠬᠦ   
     ᠠᠪᠤ ᠶ᠋ᠢᠨ ᠨᠤᠲᠤᠭ ᠪᠠᠶᠠᠨ᠌ᠥ᠌ᠨᠳᠥᠷ ᠮᠢᠨᠢ   
     ᠠᠯᠲᠠ ᠠᠷᠭᠠᠯ ᠢ᠋ ᠠᠳᠠᠯᠢᠬᠠᠨ ᠬᠣᠷᠮᠣᠢᠯᠠᠭᠰᠠᠨ  
     ᠠᠷᠪᠠᠨ ᠰᠤᠮᠤ ᠭᠤᠷᠪᠠᠨ ᠭᠣᠣᠯ ᠮᠢᠨᠢ 
     ᠮᠣᠷᠢ ᠲᠠᠢ ᠮᠣᠩᠭᠣᠯ ᠨᠤᠲᠤᠭ ᠶᠤᠮ ᠳᠠ ᠬᠦ  
     ᠠᠪᠤ ᠶ᠋ᠢᠨ ᠨᠤᠲᠤᠭ ᠪᠠᠶᠠᠨ᠌ᠥ᠌ᠨᠳᠥᠷ ᠮᠢᠨᠢ   
     ᠠᠯᠲᠠ ᠠᠷᠭᠠᠯ ᠢ᠋ ᠠᠳᠠᠯᠢᠬᠠᠨ ᠬᠣᠷᠮᠣᠢᠯᠠᠭᠰᠠᠨ  
     ᠠᠷᠪᠠᠨ ᠰᠤᠮᠤ ᠭᠤᠷᠪᠠᠨ ᠭᠣᠣᠯ ᠮᠢᠨᠢ  
     ᠠᠢ᠂ ᠪᠠᠶᠠᠨ᠌ᠥ᠌ᠨᠳᠥᠷ ᠮᠢᠨᠢ   
     ᠵᠠ᠂ ᠮᠣᠷᠢᠲᠠᠢ ᠨᠤᠲᠤᠭ ᠮᠢᠨᠢ  
     ᠠᠯᠲᠠ ᠠᠷᠭᠠᠯ ᠢ᠋ ᠠᠳᠠᠯᠢᠬᠠᠨ ᠬᠣᠷᠮᠣᠢᠯᠠᠭᠰᠠᠨ  
     ᠠᠷᠪᠠᠨ ᠰᠤᠮᠤ ᠭᠤᠷᠪᠠᠨ ᠭᠣᠣᠯ ᠮᠢᠨᠢ  
     ᠠᠷᠪᠠᠨ ᠰᠤᠮᠤ ᠭᠤᠷᠪᠠᠨ ᠭᠣᠣᠯ ᠮᠢᠨᠢ   

        ᠦᠰᠦᠭ ᠠᠮᠢᠯᠠᠭᠤᠯᠤᠭᠴᠢ᠄ ᠡᠷᠳᠡᠮᠲᠦ  
           ᠬᠢᠨᠠᠭᠴᠢ᠄  ᠪᠤᠤ·ᠰᠠᠷᠠᠨ᠎ᠠ᠂ ᠪᠠᠭᠠᠨ᠎ᠠ