ᠠᠷᠠᠳ ᠤ᠋ᠨ ᠳᠠᠭᠤᠤ ᠰᠢᠭ᠋ ᠠᠮᠠᠷᠠᠭ ᠮᠢᠨᠢ- ᠭᠠᠩᠵᠣᠷᠢᠭ Ардын дуу шиг амраг минь-Ганзориг
ᠠᠷᠠᠳ ᠤ᠋ᠨ ᠳᠠᠭᠤᠤ ᠰᠢᠭ᠋ ᠠᠮᠠᠷᠠᠭ ᠮᠢᠨᠢ
ᠦᠭᠡ᠄ ᠱ·Tsenddoo
ᠠᠶ᠎ᠠ᠄ ᠨ· ᠶᠠᠩᠬᠢᠭ
ᠳᠠᠭᠤᠴᠢᠨ᠄ ᠭᠠᠩᠵᠣᠷᠢᠭ
ᠰᠤᠪᠤᠳ ᠤ᠋ᠨ ᠭᠡᠷᠡᠯ ᠲᠡᠢ ᠵᠢᠰᠦ ᠪᠡᠷ ᠢ᠋ᠶ᠋ᠡᠨ
ᠭᠠᠭᠴᠠᠬᠠᠨ ᠨᠠᠮ᠎ᠠ ᠶ᠋ᠢ ᠴᠢᠮᠡᠭᠯᠡᠭᠡᠳ
ᠰᠤᠭᠤᠳᠠᠨ ᠡᠩᠬᠦᠷᠡᠢᠯᠡᠭᠰᠡᠨ ᠳᠤᠷᠠᠯᠠᠯ ᠳ᠋ᠤ᠌ ᠪᠠᠨ
ᠬᠠᠢᠷ᠎ᠠ ᠪᠠᠷ ᠥᠯᠥᠭᠡᠢᠳᠡᠭᠰᠡᠨ ᠠᠮᠠᠷᠠᠭ ᠮᠢᠨᠢ
ᠳᠡᠪᠡᠷᠡᠭᠰᠡᠨ ᠰᠦ ᠰᠢᠭ ᠶᠠᠪᠤᠬᠤ ᠳ᠋ᠤ᠌
ᠡᠷ᠎ᠡ ᠵᠢᠯᠣᠭᠣ ᠶ᠋ᠢ ᠮᠢᠨᠢ ᠲᠠᠲᠠᠭᠰᠠᠨ
ᠵᠢᠪᠡᠷᠡᠭᠰᠡᠨ ᠵᠡᠭᠦᠦ ᠰᠢᠭ ᠭᠤᠨᠳᠠᠬᠤ ᠳ᠋ᠤ᠌
ᠪᠣᠷᠣ ᠵᠠᠶᠠᠭ᠎ᠠ ᠶ᠋ᠢ ᠮᠢᠨᠢ ᠲᠦᠰᠢᠭᠰᠡᠨ
ᠠᠷᠠᠳ ᠤ᠋ᠨ ᠳᠠᠭᠤᠤ ᠰᠢᠭ᠋ ᠠᠮᠠᠷᠠᠭ ᠮᠢᠨᠢ
ᠠᠯᠲᠠᠨ ᠬᠤᠨᠳᠠᠭ᠎ᠠ ᠴᠡᠴᠡᠭ ᠮᠢᠨᠢ
ᠵᠠᠶᠠᠭᠠᠨ ᠳ᠋ᠤ᠌ ᠮᠢᠨᠢ ᠵᠠᠮ ᠨᠡᠢᠯᠡᠭᠰᠡᠨ
ᠽᠠᠨᠳᠠᠨ ᠰᠢᠭᠤᠢ ᠶ᠋ᠢᠨ ᠵᠠᠮᠪᠠᠭ᠎ᠠ ᠮᠢᠨᠢ
ᠥᠩᠭᠡᠲᠦ ᠥᠷᠯᠥᠭᠡ ᠶ᠋ᠢ ᠲᠤᠰᠬᠤ
ᠠᠮᠤᠭᠤᠯᠠᠩ ᠴᠡᠩᠬᠡᠷ ᠬᠥᠳᠡᠭᠡ ᠳ᠋ᠦ᠍ ᠪᠡᠨ
ᠡᠷᠦᠬᠡᠨ ᠦ᠌ ᠬᠣᠢᠮᠣᠷ ᠤ᠋ᠨ ᠣᠭᠣᠰᠣᠷ ᠢ᠋ᠶ᠋ᠠᠷ
ᠬᠡᠰᠢᠭ ᠪᠤᠶᠠᠨ ᠬᠤᠷᠤᠢᠯᠠᠭᠰᠠᠨ
ᠬᠣᠷᠯᠣ ᠲᠣᠭᠣᠨᠣ ᠲᠠᠢ ᠠᠮᠢᠳᠤᠷᠠᠯ ᠤ᠋ᠨ
ᠬᠠᠲᠤᠨ ᠰᠦᠢᠬᠡ ᠲᠡᠢ ᠵᠢᠷᠭᠠᠯ ᠮᠢᠨᠢ
ᠬᠣᠷᠸ᠎ᠠ ᠶ᠋ᠢ ᠲᠤᠭᠤᠯᠬᠤ ᠨᠠᠰᠤᠨ ᠤ᠋ ᠮᠢᠨᠢ
ᠬᠤᠱᠤᠶ᠋ᠢᠴᠢᠨ ᠬᠤᠨ ᠤ᠋ ᠵᠢᠭᠦᠷ ᠮᠢᠨᠢ
ᠠᠷᠠᠳ ᠤ᠋ᠨ ᠳᠠᠭᠤᠤ ᠰᠢᠭ᠋ ᠠᠮᠠᠷᠠᠭ ᠮᠢᠨᠢ
ᠠᠯᠲᠠᠨ ᠬᠤᠨᠳᠠᠭ᠎ᠠ ᠴᠡᠴᠡᠭ ᠮᠢᠨᠢ
ᠵᠠᠶᠠᠭᠠᠨ ᠳ᠋ᠤ᠌ ᠮᠢᠨᠢ ᠵᠠᠮ ᠨᠡᠢᠯᠡᠭᠰᠡᠨ
ᠽᠠᠨᠳᠠᠨ ᠰᠢᠭᠤᠢ ᠶ᠋ᠢᠨ ᠵᠠᠮᠪᠠᠭ᠎ᠠ ᠮᠢᠨᠢ
ᠬᠤᠷᠮᠤᠰᠲᠠ ᠶ᠋ᠢᠨ ᠭᠢᠯᠭᠠᠨ᠎ᠠ ᠰᠢᠬ
ᠵᠢᠰᠦ ᠨᠡᠢᠯᠡᠵᠦ ᠬᠠᠨᠢᠯᠠᠶ᠎ᠠ
ᠬᠤᠭᠤᠷ ᠤ᠋ᠨ ᠬᠣᠶᠠᠷ ᠴᠢᠪᠬᠠᠳᠠᠰᠤ ᠰᠢᠭ᠋
ᠳᠠᠭᠤ ᠨᠡᠢᠯᠡᠵᠦ ᠠᠮᠢᠳᠤᠷᠠᠶ᠎ᠠ
ᠰᠣᠢᠷ ᠤ᠋ᠨ ᠲᠣᠭᠣᠷᠢᠨ ᠪᠥᠵᠢᠭ ᠰᠢᠭ
ᠡᠶ᠎ᠡ ᠨᠡᠢᠯᠡᠵᠦ ᠴᠡᠩᠭᠡᠶ᠎ᠡ
ᠰᠣᠶᠣᠮᠪᠣ ᠶ᠋ᠢᠨ ᠬᠣᠣᠰ ᠦᠢᠷ ᠰᠢᠭ
ᠡᠪ ᠨᠡᠢᠯᠡᠵᠦ ᠵᠢᠷᠭᠠᠶ᠎ᠠ ᠳᠠ
ᠠᠷᠠᠳ ᠤ᠋ᠨ ᠳᠠᠭᠤᠤ ᠰᠢᠭ᠋ ᠠᠮᠠᠷᠠᠭ ᠮᠢᠨᠢ
ᠠᠯᠲᠠᠨ ᠬᠤᠨᠳᠠᠭ᠎ᠠ ᠴᠡᠴᠡᠭ ᠮᠢᠨᠢ
ᠵᠠᠶᠠᠭᠠᠨ ᠳ᠋ᠤ᠌ ᠮᠢᠨᠢ ᠵᠠᠮ ᠨᠡᠢᠯᠡᠭᠰᠡᠨ
ᠽᠠᠨᠳᠠᠨ ᠰᠢᠭᠤᠢ ᠶ᠋ᠢᠨ ᠵᠠᠮᠪᠠᠭ᠎ᠠ ᠮᠢᠨᠢ
ᠳᠡᠷᠡᠨ ᠳ᠋ᠦ᠍ ᠮᠢᠨᠢ ᠭᠡᠷᠡᠯ ᠮᠢᠯᠢᠶᠠᠭᠰᠠᠨ
ᠳᠡᠭᠡᠵᠢ ᠶ᠋ᠢᠨ ᠴᠠᠭᠠᠨ ᠰᠦ ᠮᠢᠨᠢ
ᠳᠡᠷᠡᠨ ᠳ᠋ᠦ᠍ ᠮᠢᠨᠢ ᠭᠡᠷᠡᠯ ᠮᠢᠯᠢᠶᠠᠭᠰᠠᠨ
ᠳᠡᠭᠡᠵᠢ ᠶ᠋ᠢᠨ ᠴᠠᠭᠠᠨ ᠰᠦ ᠮᠢᠨᠢ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
